ᠥᠯᠥᠭᠡᠢ ᠪᠣᠯ ᠡᠪᠦᠭᠡ ᠳᠡᠭᠡᠳᠦᠰ ᠤᠨ ᠮᠢᠨᠢ ᠰᠢᠨᠵᠢᠯᠡᠬᠦ ᠤᠬᠠᠭᠠᠨᠴᠢ ᠣᠨᠴᠠ ᠮᠡᠷᠭᠡᠵᠢᠯ ᠢᠶᠠᠷ ᠰᠤᠳᠤᠯᠵᠤ | ᠪᠦᠲᠦᠭᠡᠭᠰᠡᠨ ᠡᠷᠬᠢᠮ ᠨᠠᠨᠳᠢᠨ ᠥᠪ ᠶᠤᠮ᠃ | ᠮᠣᠩᠭᠤᠯᠴᠤᠳ ᠤᠨ ᠨᠢᠯᠬ᠎ᠠ ᠬᠡᠦᠬᠡᠳ ᠢᠶᠠᠨ ᠡᠷᠡᠭᠦᠯ ᠲᠣᠷᠨᠢᠭᠤᠨ ᠥᠰᠬᠡᠬᠦ ᠶᠢᠨ ᠣᠨᠴᠠᠭᠠᠶ ᠵᠦᠢᠯ ᠤᠨ ᠪᠦᠲᠦᠭᠡᠯ | ᠶᠤᠮ᠃ ᠥᠯᠥᠭᠡᠢ ᠨᠢ ᠥᠪᠡᠷ ᠤᠨ ᠭᠡᠬᠦ ᠶᠣᠰᠣ ᠵᠠᠩᠰᠢᠯ ᠲᠠᠢ᠂ ᠡᠷᠬᠢᠮᠯᠡᠵᠦ ᠵᠢᠷᠤᠮᠯᠠᠬᠤ ᠤᠯᠠᠮᠵᠢᠯᠠᠯ ᠲᠠᠢ᠃ | ᠮᠣᠩᠭᠤᠯᠴᠤᠳ ᠥᠯᠥᠭᠡᠢ ᠶᠢ ᠡᠷᠬᠢᠮ ᠳᠤ ᠦᠵᠡᠳᠡᠭ᠃ ᠬᠡᠦᠬᠡᠳ ᠢᠶᠠᠨ ᠥᠯᠥᠭᠡᠶᠢᠳᠡᠨ ᠥᠰᠬᠡᠨ᠎ᠡ᠃ ᠶᠡᠷᠦ ᠳᠡᠭᠡᠨ | ᠨᠢᠯᠬ᠎ᠠ ᠬᠡᠦᠬᠡᠳ ᠢ ᠭᠤᠷᠪᠠ ᠪᠤᠶᠤ ᠳᠣᠯᠣᠭᠠᠨ ᠬᠤᠨᠤᠭ ᠳᠡᠭᠡᠷ᠎ᠡ ᠨᠢ ᠥᠯᠥᠭᠡᠢ ᠳᠤ ᠣᠷᠣᠭᠤᠯᠤᠨ᠎ᠠ᠃ ᠥᠯᠥᠭᠡᠢ ᠪᠠᠨ | ᠠᠷᠴᠠ ᠬᠦᠵᠢ ᠪᠠᠷ ᠠᠷᠢᠭᠤᠳᠬᠠᠵᠤ᠂ ᠢᠷᠦᠭᠡᠯ ᠪᠡᠯᠭᠡᠳᠡᠯ ᠤᠩᠰᠢᠨ᠎ᠠ᠃ ᠬᠡᠦᠬᠡᠳ ᠢ ᠥᠯᠥᠭᠡᠢ ᠳᠤ ᠣᠷᠣᠭᠤᠯᠬᠤ ᠳᠤ | ᠭᠡᠷ ᠪᠦᠯᠢ ᠪᠠᠷ ᠢᠶᠠᠨ ᠴᠤᠭᠯᠠᠷᠠᠳᠠᠭ᠃ | ᠮᠣᠩᠭᠤᠯᠴᠤᠳ ᠥᠯᠥᠭᠡᠢ ᠶᠢ ᠬᠠᠶᠢᠯᠠᠰᠤ᠂ ᠨᠠᠷᠠᠰᠤ᠂ ᠦᠷᠢᠯ᠂ ᠮᠣᠶᠢᠯ᠂ ᠽᠠᠨᠳᠠᠨ ᠮᠣᠳᠣ ᠮᠡᠲᠦ ᠶᠢᠨ ᠬᠤᠪᠣᠷ | ᠴᠤᠬᠠᠭ ᠮᠣᠳᠣ ᠪᠠᠷ ᠬᠢᠳᠡᠭ᠃ ᠡᠳᠡᠭᠡᠷ ᠨᠢ ᠬᠡᠦᠬᠡᠳ ᠢᠶᠠᠨ ᠬᠠᠲᠠᠭᠤ ᠴᠢᠭᠢᠷᠠᠭ᠂ ᠤᠷᠳᠤ ᠨᠠᠰᠤᠯᠠᠬᠤ ᠶᠢ ᠵᠥᠩᠨᠡᠨ | ᠪᠡᠯᠭᠡᠳᠡᠭᠰᠡᠨ ᠰᠠᠨᠠᠭ᠎ᠠ ᠶᠢ ᠢᠯᠡᠳᠬᠡᠳᠡᠭ᠃ | | ᠥᠯᠥᠭᠡᠢ ᠶᠢ ᠳᠠᠩ ᠠᠷᠠᠯ ᠲᠠᠢ᠂ ᠳᠠᠪᠬᠤᠷ ᠠᠷᠠᠯ ᠲᠠᠢ ᠬᠢᠳᠡᠭ᠂ ᠪᠠᠰᠠ ᠪᠠᠩᠵᠠ ᠶᠢᠨ ᠥᠯᠥᠭᠡᠢ ᠬᠢᠬᠦ ᠴᠦ ᠪᠤᠶ᠃ | ᠳᠠᠩ ᠠᠷᠠᠯ ᠬᠢᠵᠦ᠂ ᠮᠠᠲᠠᠮᠠᠯ ᠮᠣᠳᠣ ᠪᠠᠷ ᠤᠯᠠ ᠮᠣᠳᠣ ᠵᠣᠬᠢᠶᠠᠭᠰᠠᠨ ᠢ ᠶᠡᠷᠦ ᠳᠡᠭᠡᠨ ᠳᠠᠩ ᠠᠷᠠᠯ ᠲᠠᠢ ᠥᠯᠥᠭᠡᠢ | ᠭᠡᠳᠡᠭ᠃ ᠣᠯᠠᠩᠬᠢ ᠳᠠᠭᠠᠨ ᠲᠠᠯᠳᠤ᠂ ᠴᠠᠷᠠᠰᠤ ᠶᠢ ᠮᠡᠳᠡᠨ ᠬᠠᠳᠠᠭᠠᠵᠤ᠂ ᠥᠩᠭᠡ ᠭᠠᠷᠲᠠᠯ᠎ᠠ ᠵᠦᠯᠭᠦᠨ ᠬᠥᠳᠡᠯᠭᠡᠬᠦ ᠳᠤ | ᠬᠥᠩᠭᠡᠨ ᠪᠣᠯᠭᠠᠳᠠᠭ᠃ | ᠳᠠᠪᠬᠤᠷ ᠠᠷᠠᠯ ᠬᠢᠵᠦ᠂ ᠮᠣᠳᠣᠨ ᠬᠠᠪᠲᠠᠰᠤ ᠶᠢ ᠬᠠᠭᠠᠰ ᠰᠡᠷᠡᠨ ᠭᠡᠯᠪᠡᠷᠢ ᠲᠠᠢ ᠬᠢᠷᠦᠭᠡᠳᠡᠨ ᠤᠯᠠ ᠮᠣᠳᠣ | ᠵᠣᠬᠢᠶᠠᠭᠰᠠᠨ ᠥᠯᠥᠭᠡᠢ ᠶᠢ ᠳᠠᠪᠬᠤᠷ ᠠᠷᠠᠯ ᠲᠠᠢ ᠥᠯᠥᠭᠡᠢ ᠭᠡᠳᠡᠭ᠃ ᠨᠢᠯᠬ᠎ᠠ ᠬᠡᠦᠬᠡᠳ ᠬᠡᠳᠦᠨ ᠰᠠᠷ᠎ᠠ ᠪᠤᠯᠬᠤ ᠳᠤ | ᠳᠠᠪᠬᠤᠷ ᠠᠷᠠᠯ ᠲᠠᠢ ᠥᠯᠥᠭᠡᠢ ᠳᠤ ᠥᠯᠥᠭᠡᠶᠢᠳᠡᠳᠡᠭ᠃ ᠡᠨᠡ ᠨᠢ ᠭᠢᠯᠪᠠᠷᠬᠠᠨ ᠬᠥᠷᠪᠡᠬᠦ ᠦᠭᠡᠢ᠂ ᠲᠣᠩᠭᠤᠯᠵᠠᠬᠤ | ᠦᠭᠡᠢ ᠪᠠᠶᠢᠳᠠᠭ᠃ | ᠪᠠᠩᠵᠠ ᠶᠢᠨ ᠥᠯᠥᠭᠡᠢ ᠶᠢ ᠳᠦᠷ ᠴᠠᠭ ᠬᠡᠷᠡᠭᠯᠡᠳᠡᠭ᠃ ᠡᠨᠡ ᠥᠯᠥᠭᠡᠢ ᠨᠢ ᠬᠢᠬᠦ ᠳᠤ ᠳᠦᠭᠦᠮ᠂ ᠬᠡᠦᠬᠡᠳ ᠢ | ᠥᠯᠥᠭᠡᠶᠢᠳᠡᠬᠦ ᠳᠤ ᠭᠢᠯᠪᠡᠷ ᠡᠪᠯᠡᠭᠦᠯᠦᠭᠰᠡᠨ ᠠᠷᠭ᠎ᠠ ᠪᠣᠯᠣᠨ᠎ᠠ᠃ ᠪᠦᠬᠦᠯᠢ ᠮᠣᠳᠣᠨ ᠥᠯᠥᠭᠡᠢ ᠭᠡᠳᠡᠭ ᠨᠢ ᠬᠤᠶᠠᠷ | ᠲᠠᠯ᠎ᠠ ᠶᠢᠨ ᠠᠷᠠᠯ ᠢ ᠪᠢᠲᠡᠭᠦᠦ ᠬᠠᠪᠲᠠᠰᠤ ᠶᠢ ᠣᠭᠲᠣᠯᠣᠨ ᠳᠤᠮᠳᠠ ᠨᠢ ᠬᠤᠶᠠᠷ ᠪᠤᠶᠤ ᠭᠤᠷᠪᠠᠨ ᠤᠬᠤᠮᠠᠯ ᠲᠠᠢ᠂ | ᠬᠠᠭᠠᠰ ᠰᠠᠷᠠᠨ ᠭᠡᠯᠪᠡᠷᠢ ᠲᠠᠢ ᠬᠢᠷᠦᠭᠡᠳᠡᠨ ᠤᠯᠠ ᠮᠣᠳᠣ ᠵᠣᠬᠢᠶᠠᠭᠰᠠᠨ ᠬᠡᠰᠡᠭ ᠲᠠᠢ ᠪᠠᠨ ᠮᠣᠳᠣᠨ ᠴᠠᠪᠠᠤ ᠪᠠᠷ | ᠪᠠᠬᠢᠯᠡᠭᠰᠡᠨ ᠥᠯᠥᠭᠡᠢ ᠶᠢ ᠬᠡᠯᠡᠳᠡᠭ᠃ | ᠥᠯᠥᠭᠡᠢ ᠨᠢ ᠶᠡᠷᠦ ᠳᠡᠭᠡᠨ ᠠᠷᠠᠯ᠂ ᠢᠯᠠᠤ᠂ ᠬᠠᠷᠠᠭ᠎ᠠ᠂ ᠲᠠᠲᠠᠭ᠎ᠠ᠂ ᠪᠦᠰᠡᠯᠡᠭᠦᠷ᠂ ᠳᠡᠪᠢᠰᠬᠡᠷ᠂ ᠬᠤᠴᠢᠯᠭ᠎ᠠ ᠵᠡᠷᠭᠡ ᠪᠠᠷ | ᠪᠦᠷᠢᠯᠳᠦᠨ᠎ᠡ᠃ ᠥᠯᠥᠭᠡᠢ ᠨᠢ ᠣᠯᠠᠩᠬᠢ ᠳᠠᠭᠠᠨ ᠬᠤᠶᠠᠷ ᠲᠣᠬᠤᠢ ᠳᠣᠯᠣᠭᠠᠨ ᠢᠮᠠᠬᠤ ᠤᠷᠳᠤ᠂ ᠨᠢᠭᠡ ᠲᠣᠬᠤᠢ | ᠬᠤᠶᠠᠷ ᠢᠮᠠᠬᠤ ᠥᠷᠭᠡᠨ ᠪᠠᠶᠢᠳᠠᠭ᠃ | ᠳᠠᠪᠬᠤᠷ ᠠᠷᠠᠯ ᠲᠠᠢ ᠥᠯᠥᠭᠡᠢ ᠬᠢᠬᠦ ᠳᠤ ᠥᠯᠥᠭᠡᠢ ᠶᠢᠨ ᠬᠡᠮᠵᠢᠶ᠎ᠡ ᠲᠠᠢ ᠪᠠᠨ ᠠᠳᠠᠯᠢᠬᠠᠨ ᠳᠥᠷᠪᠡᠨ ᠤᠷᠳᠤ ᠮᠣᠳᠣ᠂ | ᠳᠥᠷᠪᠡᠨ ᠢᠯᠠᠤ ᠳᠣᠯᠣᠭᠠᠨ ᠢᠮᠠᠬᠤ ᠶᠢᠨ ᠤᠷᠳᠤ ᠨᠠᠢᠮᠠᠨ ᠭᠤᠳᠣᠢ ᠮᠣᠳᠣ ᠬᠡᠷᠡᠭᠯᠡᠨ᠎ᠡ᠃ | ᠳᠠᠩ ᠠᠷᠠᠯ ᠲᠠᠢ ᠥᠯᠥᠭᠡᠢ ᠬᠢᠬᠦ ᠳᠤ ᠥᠯᠥᠭᠡᠢ ᠶᠢᠨ ᠬᠡᠮᠵᠢᠶ᠎ᠡ ᠲᠠᠢ ᠠᠳᠠᠯᠢᠬᠠᠨ ᠬᠤᠶᠠᠷ ᠤᠷᠳᠤ ᠮᠣᠳᠣ᠂ ᠬᠤᠶᠠᠷ | ᠢᠯᠠᠤ᠂ ᠳᠥᠷᠪᠡᠨ ᠮᠠᠲᠠᠮᠠᠯ ᠮᠣᠳᠣ ᠬᠡᠷᠡᠭᠯᠡᠳᠡᠭ᠃ ᠥᠯᠥᠭᠡᠢ ᠪᠠᠨ ᠢᠯᠡᠤᠯᠡᠭᠰᠡᠨ ᠤ ᠳᠠᠷᠠᠭ᠎ᠠ ᠪᠠᠷ ᠨᠢ ᠥᠯᠥᠭᠡᠢ ᠶᠢᠨ | ᠠᠷᠠᠯ ᠳᠡᠭᠡᠷ᠎ᠡ ᠨᠢ ᠲᠡᠮᠦᠷ ᠢ ᠤᠯᠠᠶᠢᠯᠭᠠᠨ ᠰᠣᠯᠢᠮᠠᠯ ᠲᠡᠮᠳᠡᠭ ᠲᠠᠯᠪᠢᠬᠤ ᠪᠥᠭᠡᠳ ᠠᠷᠠᠯ ᠤᠨ ᠦᠵᠦᠭᠦᠷ ᠲᠤᠨᠢ | ᠰᠣᠯᠢᠮᠠᠯ ᠲᠡᠮᠳᠡᠭ ᠲᠠᠯᠪᠢᠨ᠎ᠠ᠃ ᠪᠠᠰᠠ ᠰᠢᠷᠲᠡᠨ ᠥᠩᠭᠡᠯᠡᠬᠦ ᠴᠦ ᠪᠤᠶ᠃ | ᠥᠯᠥᠭᠡᠢ ᠶᠢᠨ ᠲᠣᠯᠣᠭᠠᠢ ᠶᠢᠨ ᠦᠵᠦᠭᠦᠷ ᠲᠤ ᠬᠠᠷᠠᠭ᠎ᠠ ᠬᠢᠨ᠎ᠡ᠃ ᠡᠨᠡ ᠨᠢ ᠨᠠᠷᠢᠨ ᠲᠠᠯᠲᠤ᠂ ᠴᠠᠷᠠᠰᠤ ᠵᠡᠷᠭᠡ ᠪᠠᠷ | ᠮᠡᠳᠡᠵᠦ ᠲᠠᠲᠠᠭᠰᠠᠨ ᠮᠣᠳᠣ ᠶᠢ ᠬᠡᠯᠡᠳᠡᠭ᠃ ᠬᠠᠷᠠᠭ᠎ᠠ ᠶᠢ ᠤᠯᠠᠭᠠᠨ ᠪᠤᠶᠤ ᠤᠯᠠᠭᠠᠨ ᠡᠷᠢᠶᠡᠨ ᠪᠥᠰ ᠢᠶᠠᠷ ᠪᠢᠲᠡᠭᠦᠯᠡᠨ | ᠣᠶᠣᠨ᠎ᠠ᠃ ᠬᠠᠷᠠᠭ᠎ᠠ ᠠᠴᠠ ᠨᠢ ᠲᠠᠲᠠᠭ᠎ᠠ ᠶᠢ ᠭᠤᠷᠪᠠ ᠰᠠᠯᠠᠭᠠᠯᠠᠨ ᠤᠶᠠᠵᠤ᠂ ᠳᠣᠯᠤᠭ᠎ᠠ ᠵᠠᠩᠭᠢᠳᠴᠤ ᠭᠠᠤᠯᠢᠨ | ᠵᠣᠭᠤᠰ ᠢ ᠬᠡᠯᠬᠢᠨ ᠡᠯᠭᠦᠳᠡᠭ᠃ ᠲᠠᠲᠠᠭ᠎ᠠ ᠨᠢ ᠭᠤᠣᠯᠳᠠᠭᠤ ᠳᠡᠭᠡᠷ᠎ᠡ ᠨᠢ ᠪᠦᠲᠡᠭᠡᠯᠭᠡ ᠪᠦᠲᠡᠭᠡᠬᠦ ᠪᠠᠷ ᠪᠡᠯᠡᠳᠬᠡᠭᠰᠡᠨ | ᠶᠤᠮ᠃ ᠪᠦᠲᠡᠭᠡᠯᠭᠡ ᠨᠢ ᠡᠪᠦᠯ ᠤᠨ ᠬᠦᠢᠲᠡᠨ ᠳᠤ ᠲᠠᠭᠠᠷᠠᠬᠤ ᠦᠭᠡᠢ᠂ ᠵᠤᠨ ᠢᠯᠠᠭ᠎ᠠ ᠪᠠᠲᠠᠭᠠᠨ᠎ᠠ ᠶᠢ ᠰᠡᠷᠭᠡᠶᠢᠯᠡᠬᠦ | ᠦᠢᠯᠡᠳᠦᠯ ᠲᠠᠢ᠃ | ᠬᠡᠦᠬᠡᠳ ᠤᠨ ᠳᠡᠷᠡ ᠳᠤ ᠬᠠᠷ᠎ᠠ ᠮᠣᠩᠭᠤᠯ ᠪᠤᠶᠤ ᠰᠢᠯᠦᠬᠡᠢ ᠬᠢᠵᠦ ᠳᠡᠷᠡᠯᠡᠭᠦᠯᠦᠨᠡ᠃ ᠡᠨᠡ ᠨᠢ ᠬᠡᠦᠬᠡᠳ ᠤᠨ | ᠲᠣᠯᠣᠭᠠᠢ ᠶᠢ ᠲᠡᠭᠰᠢᠬᠡᠨ ᠰᠠᠶᠢᠬᠠᠨ ᠪᠤᠯᠭᠠᠬᠤ᠂ ᠪᠡᠶ᠎ᠡ ᠠᠰᠬᠠᠨ ᠪᠤᠯᠬᠤ ᠳᠤ ᠲᠤᠰᠠᠲᠠᠢ ᠶᠤᠮ᠃ | ᠥᠯᠥᠭᠡᠢ ᠶᠢᠨ ᠪᠦᠰᠡᠯᠡᠭᠦᠷ ᠢ ᠰᠤᠷ ᠢᠶᠠᠷ ᠬᠢᠳᠡᠭ᠃ ᠨᠢᠯᠬ᠎ᠠ ᠬᠡᠦᠬᠡᠳ ᠨᠢ ᠥᠬᠢᠨ ᠪᠣᠯ ᠪᠦᠰᠡᠯᠡᠭᠦᠷ ᠰᠤᠷ ᠤᠨ | ᠭᠤᠭᠴᠤᠭ᠎ᠠ ᠶᠢ ᠨᠠᠭᠠᠮᠠᠯ ᠬᠠᠳᠬᠤᠮᠠᠯ ᠲᠠᠢ ᠤᠷᠠᠨ ᠨᠠᠷᠢᠯᠢᠭ ᠬᠢᠨ᠎ᠡ᠃ ᠡᠨᠡ ᠨᠢ ᠥᠬᠢᠨ ᠢ ᠪᠠᠨ ᠤᠷᠠᠨ ᠪᠣᠯᠤᠭ ᠭᠡᠵᠦ | ᠵᠥᠩᠨᠡᠭᠰᠡᠨ ᠰᠠᠨᠠᠭ᠎ᠠ ᠶᠢ ᠢᠯᠡᠳᠬᠡᠵᠦ᠂ ᠥᠬᠢᠨ ᠬᠥᠮᠥᠨ ᠢ ᠡᠩᠬᠦᠷᠡᠶᠢᠯᠡᠨ ᠬᠠᠶᠢᠷᠠᠯᠠᠬᠤ ᠮᠣᠩᠭᠤᠯ ᠬᠥᠮᠥᠨ ᠤ | ᠵᠠᠩᠰᠢᠯ ᠢ ᠢᠯᠡᠷᠡᠭᠦᠯᠵᠦ ᠪᠤᠶ᠃ | ᠥᠯᠥᠭᠡᠢ ᠶᠢᠨ ᠪᠦᠰᠡᠯᠡᠭᠦᠷ ᠢ ᠵᠣᠬᠢᠶᠠᠬᠤ ᠳᠤ ᠵᠡᠭᠦᠨ ᠲᠠᠯ᠎ᠠ ᠶᠢᠨ ᠮᠥᠷᠥ ᠶᠢ ᠠᠰᠯᠠᠭᠤᠯᠤᠨ ᠨᠢᠭᠡ ᠦᠵᠦᠭᠦᠷ ᠢ | ᠨᠢ ᠤᠶᠠᠵᠤ᠂ ᠨᠥᠭᠦᠭᠡ ᠦᠵᠦᠭᠦᠷ ᠢ ᠨᠢ ᠪᠠᠷᠠᠭᠤᠨ ᠲᠠᠯ᠎ᠠ ᠶᠢᠨ ᠠᠷᠠᠯ ᠢ ᠣᠷᠢᠶᠠᠯᠭᠠᠨ ᠤᠶᠠᠵᠤ ᠲᠠᠯᠪᠢᠨ᠎ᠠ᠃ ᠡᠨᠡ | ᠨᠢ ᠬᠡᠦᠬᠡᠳ ᠤᠨ ᠬᠥᠳᠡᠯᠵᠦ ᠲᠡᠶᠢᠴᠢᠭᠢᠨᠡᠬᠦ ᠶᠢ ᠬᠢᠴᠢᠶᠡᠵᠡᠢ᠃ | ᠥᠯᠥᠭᠡᠢ ᠶᠢᠨ ᠢᠶᠠᠨ ᠳᠣᠲᠣᠷ᠎ᠠ ᠨᠢᠮᠭᠡᠨ ᠬᠠᠪᠲᠠᠰᠤ ᠲᠠᠯᠪᠢᠵᠤ᠂ ᠳᠡᠭᠡᠷ᠎ᠡ ᠨᠢ ᠰᠠᠭᠠᠭ ᠤᠨ ᠬᠠᠯᠢᠰᠤ | ᠤᠭᠤᠲᠠᠯᠠᠭᠰᠠᠨ ᠬᠥᠬᠡ ᠪᠤᠶᠤ ᠴᠠᠭᠠᠨ ᠳᠡᠪᠢᠰᠬᠡᠷ ᠢ ᠲᠠᠯᠪᠢᠨ᠎ᠠ᠃ ᠡᠭᠦᠨ ᠢ ᠵᠠᠷᠢᠮ ᠭᠠᠵᠠᠷ ᠲᠤ ᠪᠠᠰᠠ ︽ᠬᠠᠩ | ᠬᠡᠦᠳᠡᠢ︾ ᠭᠡᠵᠦ ᠬᠡᠯᠡᠳᠡᠭ᠃ ᠡᠨᠡ ᠨᠢ ᠵᠥᠭᠡᠯᠡᠨ ᠲᠠᠭᠠᠲᠠᠢ ᠪᠥᠭᠡᠳ ᠵᠤᠨ ᠤ ᠴᠠᠭ ᠰᠡᠷᠢᠭᠦᠴᠡᠬᠦ ᠦᠢᠯᠡᠳᠦᠯ ᠲᠠᠢ | ᠶᠤᠮ᠃ | ᠬᠡᠦᠬᠡᠳ ᠢ ᠵᠤᠨ ᠳᠠᠭᠠᠨ ᠳᠠᠩ ᠬᠤᠴᠢᠯᠭ᠎ᠠ ᠲᠠᠢ ᠥᠯᠥᠭᠡᠶᠢᠳᠡᠵᠦ᠂ ᠨᠠᠮᠤᠷ ᠲᠠᠭᠠᠨ ᠳᠠᠪᠬᠤᠷ ᠬᠤᠴᠢᠯᠭ᠎ᠠ ᠲᠠᠢ᠂ | ᠡᠪᠦᠯ ᠳᠡᠭᠡᠨ ᠬᠥᠪᠥᠩ ᠬᠤᠴᠢᠯᠭ᠎ᠠ ᠳᠠᠪᠬᠤᠴᠠᠭᠤᠯᠤᠨ᠂ ᠬᠥᠯ ᠤᠨ ᠦᠵᠦᠭᠦᠷ ᠨᠢ ᠬᠤᠷᠠᠭ᠎ᠠ ᠢᠰᠢᠭᠡ ᠶᠢᠨ ᠠᠷᠠᠰᠤ ᠶᠢ | ᠳᠤᠯᠠᠭᠠᠯᠠᠨ ᠳᠡᠪᠢᠰᠦᠨ᠎ᠡ᠃ | ᠬᠡᠦᠬᠡᠳ ᠢ ᠴᠢᠭᠢᠭ ᠢ ᠨᠢ ᠭᠠᠷᠭᠠᠭᠰᠠᠨ ᠴᠠᠭᠠᠨ ᠰᠢᠷᠣᠢ᠂ ᠬᠤᠮᠠᠭ ᠳᠡᠪᠢᠰᠴᠦ ᠥᠯᠥᠭᠡᠶᠢᠳᠡᠨᠡ᠃ | ᠥᠯᠥᠭᠡᠶᠢᠳᠡᠬᠦ ᠠᠴᠠ ᠤᠷᠢᠳ ᠰᠢᠷᠣᠢ ᠪᠠᠨ ᠪᠦᠯᠢᠶᠡᠰᠬᠡᠨ ᠬᠠᠯᠠᠭᠤᠯᠤᠨ᠎ᠠ᠃ ᠰᠢᠷᠣᠢ ᠶᠢᠨ ᠴᠢᠭᠢᠭ ᠢ ᠨᠢ ᠰᠠᠶᠢᠨ | ᠭᠠᠷᠭᠠᠬᠤ ᠦᠭᠡᠢ ᠪᠣᠯ ᠬᠡᠦᠬᠡᠳ ᠤᠨ ᠪᠡᠶ᠎ᠡ ᠳᠤ ᠰᠢᠷᠬ᠎ᠠ ᠭᠠᠷᠳᠠᠭ᠃ ᠰᠢᠷᠣᠢ ᠳᠤ ᠥᠯᠥᠭᠡᠶᠢᠳᠡᠪᠡᠯ ᠴᠢᠭᠢᠭ | ᠨᠣᠶᠢᠲᠠᠨ ᠢ ᠰᠢᠩᠭᠡᠭᠡᠵᠦ᠂ ᠪᠡᠶ᠎ᠡ ᠮᠠᠬᠠᠪᠤᠳ ᠴᠢᠭᠢᠷᠠᠭ᠂ ᠠᠷᠠᠰᠤ ᠴᠠᠭᠠᠨ᠂ ᠵᠢᠰᠦ ᠴᠡᠪᠡᠷᠬᠡᠨ ᠰᠠᠶᠢᠬᠠᠨ ᠪᠤᠯᠳᠠᠭ᠃ | ᠬᠡᠦᠬᠡᠳ ᠢ ᠥᠯᠥᠭᠡᠶᠢᠳᠡᠬᠦ ᠳᠤ ᠪᠡᠶ᠎ᠡ ᠶᠢ ᠨᠢ ᠲᠡᠭᠰᠢᠬᠡᠨ᠂ ᠭᠠᠷ ᠬᠥᠯ ᠢ ᠨᠢ ᠵᠢᠭᠳᠡ ᠲᠠᠯᠪᠢᠨ᠎ᠠ᠃ ᠬᠥᠯ ᠤᠨ ᠶᠠᠰᠤ᠂ | ᠨᠢᠷᠤᠭᠤ ᠶᠠᠰᠤ ᠲᠡᠭᠰᠢ ᠪᠤᠯᠬᠤ ᠶᠢ ᠠᠩᠬᠠᠷᠤᠨ᠎ᠠ᠃ ᠪᠦᠰᠡᠯᠡᠭᠦᠷ ᠢ ᠨᠢ ᠴᠢᠩᠭ᠎ᠠ ᠴᠤ ᠪᠢᠰᠢ᠂ ᠰᠤᠯᠠ ᠴᠤ ᠪᠢᠰᠢ | ᠵᠣᠬᠢᠴᠠᠭᠤᠯᠤᠨ ᠲᠠᠲᠠᠨ᠎ᠠ᠃ ᠪᠦᠰᠡᠯᠡᠭᠦᠷ ᠰᠤᠷ ᠢ ᠲᠠᠲᠠᠬᠤ ᠳᠤ ᠬᠤᠶᠠᠷ ᠲᠠᠯ᠎ᠠ ᠶᠢᠨ ᠠᠷᠠᠯ ᠳᠡᠭᠡᠷ᠎ᠡ ᠰᠤᠷ ᠭᠤᠭᠴᠤᠭ᠎ᠠ | ᠤᠶᠠᠵᠤ᠂ ᠭᠤᠭᠴᠤᠭ᠎ᠠ ᠪᠠᠨ ᠰᠦᠪᠡᠯᠡᠨ ᠲᠠᠲᠠᠬᠤ ᠴᠤ ᠪᠤᠢ᠃ | ᠬᠡᠦᠬᠡᠳ ᠢᠶᠠᠨ ᠥᠯᠥᠭᠡᠶᠢᠳᠡᠪᠡᠯ ᠠᠷᠭᠠᠳᠠᠨ ᠤᠨᠲᠠᠭᠤᠯᠤᠨ᠎ᠠ᠃ ᠶᠡᠷᠦ ᠳᠡᠭᠡᠨ ᠥᠯᠥᠭᠡᠢ ᠶᠢ ᠨᠠᠭᠠᠰᠢ ᠴᠠᠭᠠᠰᠢ | ᠰᠠᠵᠢᠯᠠᠭᠤᠯᠤᠨ ᠬᠥᠳᠡᠯᠭᠡᠬᠦ ᠶᠢ ᠠᠷᠭᠠᠳᠠᠬᠤ ᠭᠡᠳᠡᠭ᠃ ᠬᠡᠦᠬᠡᠳ ᠢ ᠥᠯᠥᠭᠡᠢ ᠠᠴᠠ ᠲᠠᠶᠢᠯᠦᠨ ᠠᠪᠬᠤ ᠳᠤ ᠳᠠᠪᠤᠰᠠᠩ | ᠳᠡᠭᠡᠷ᠎ᠡ ᠨᠢ ᠬᠥᠩᠭᠡᠬᠡᠨ ᠳᠠᠪᠰᠢᠵᠤ᠄ ︽ᠳᠠᠪᠤᠰᠠᠩ ᠴᠢᠩᠭ᠎ᠠ᠂ ᠳᠠᠪᠤᠰᠠᠩ ᠴᠢᠩᠭ᠎ᠠ︾ ᠭᠡᠵᠦ ᠬᠡᠯᠡᠳᠡᠭ᠃ | ᠥᠯᠥᠭᠡᠢ ᠶᠢ ᠤᠷᠳᠤ ᠬᠤᠭᠤᠴᠠᠭ᠎ᠠ ᠪᠠᠷ ᠬᠤᠭᠤᠰᠤᠨ ᠲᠠᠯᠪᠢᠬᠤ ᠦᠭᠡᠢ᠂ ᠬᠡᠦᠬᠡᠳ ᠢᠶᠠᠨ ᠥᠯᠥᠭᠡᠶᠢᠳᠡᠬᠦ ᠦᠭᠡᠢ | ᠦᠶᠡᠰ ᠳᠣᠲᠣᠷ᠎ᠠ ᠨᠢ ᠰᠦᠬᠡ ᠪᠢᠯᠠᠭᠤ ᠶᠢ ᠲᠠᠯᠪᠢᠳᠠᠭ᠃ | ᠬᠤᠭᠤᠰᠤᠨ ᠥᠯᠥᠭᠡᠢ ᠶᠢ ᠠᠷᠭᠠᠳᠠᠬᠤ ᠶᠢ ᠴᠡᠭᠡᠷᠯᠡᠳᠡᠭ᠃ ᠥᠯᠥᠭᠡᠢ ᠶᠢ ᠭᠠᠳᠠᠨ᠎ᠠ ᠬᠤᠨᠣᠭᠤᠯᠬᠤ ᠦᠭᠡᠢ᠂ ᠵᠠᠪᠠᠯ | ᠭᠡᠷ ᠲᠡᠭᠡᠨ ᠣᠷᠣᠭᠤᠯᠬᠤ ᠬᠡᠷᠡᠭᠲᠡᠢ᠃ ᠥᠯᠥᠭᠡᠢ ᠶᠢ ᠭᠡᠷ ᠠᠴᠠ ᠠᠪᠴᠤ ᠭᠠᠷᠬᠤ ᠪᠤᠶᠤ ᠠᠪᠴᠤ ᠣᠷᠣᠵᠤ ᠢᠷᠡᠬᠦ ᠳᠤ | ᠬᠠᠷᠠᠭ᠎ᠠ ᠲᠠᠢ ᠲᠠᠯ᠎ᠠ ᠪᠠᠷ ᠨᠢ ᠠᠪᠴᠤ ᠶᠠᠪᠤᠳᠠᠭ᠃ ᠥᠯᠥᠭᠡᠢ ᠶᠢ ᠬᠡᠷᠡᠭᠯᠡᠬᠦ ᠦᠭᠡᠢ ᠦᠶᠡᠰ ᠲᠠᠲᠠᠭ᠎ᠠ᠂ ᠳᠡᠪᠢᠰᠬᠡᠷ ᠢ ᠨᠢ | ᠠᠪᠴᠤ᠂ ᠪᠦᠰᠡᠯᠡᠭᠦᠷ ᠰᠤᠷ ᠢ ᠨᠢ ᠡᠪᠬᠡᠵᠦ ᠬᠠᠨ᠎ᠠ ᠳᠤ ᠡᠯᠭᠦᠬᠦ ᠪᠤᠶᠤ ᠳᠡᠭᠡᠷ᠎ᠡ ᠲᠠᠯᠪᠢᠨ᠎ᠠ᠃ | | ᠥᠯᠥᠭᠡᠢ ᠶᠢ ᠬᠠᠮᠢᠶ᠎ᠠ ᠨᠠᠮᠢᠶ᠎ᠠ ᠦᠭᠡᠢ ᠬᠥᠮᠥᠰ ᠲᠤ ᠵᠢᠭᠡᠯᠡᠭᠦᠯᠬᠦ ᠦᠭᠡᠢ᠃ ᠪᠤᠰᠤᠳ ᠤᠨ ᠥᠯᠥᠭᠡᠢ ᠶᠢ | ᠵᠢᠭᠡᠯᠡᠬᠦ ᠳᠤ ᠬᠡᠦᠬᠡᠳ ᠣᠯᠠᠨ᠂ ᠡᠷᠡᠭᠦᠯ ᠪᠦᠲᠦᠨ ᠥᠰᠦᠭᠰᠡᠨ ᠠᠶᠢᠯ ᠤᠨ ᠬᠢᠨ ᠢ ᠰᠣᠩᠭᠤᠨ᠎ᠠ᠃ ᠬᠠᠳᠠᠭ ᠪᠠ ᠴᠠᠭᠠᠨ | ᠢᠳᠡᠭᠡᠨ ᠲᠠᠢ ᠬᠦᠷᠴᠦ ᠵᠠᠯᠠᠳᠠᠭ᠃ | ᠮᠣᠩᠭᠤᠯᠴᠤᠳ ᠤᠨ ᠤᠯᠠᠮᠵᠢᠯᠠᠯᠲᠤ ᠶᠣᠰᠣ ᠪᠠᠷ ᠬᠡᠦᠬᠡᠳ ᠤᠨ ᠥᠯᠥᠭᠡᠢ ᠶᠢ ᠨᠠᠭᠠᠴᠤ ᠨᠢ ᠬᠦᠷᠭᠡᠳᠡᠭ᠃ | ᠨᠠᠭᠠᠴᠤ ᠶᠢᠨ ᠭᠡᠷ ᠨᠢ ᠬᠡᠳᠦᠨ ᠬᠤᠰᠢᠭᠤ ᠠᠯᠤᠰ ᠪᠣᠯ ᠡᠬᠡ ᠶᠢᠨ ᠬᠢᠨᠢ ᠮᠥᠷᠭᠦᠭᠦᠯᠦᠭᠰᠡᠨ ᠨᠠᠭᠠᠴᠤ ᠨᠢ ᠬᠦᠷᠭᠡᠳᠡᠭ᠃ | ᠥᠯᠥᠭᠡᠢ ᠬᠦᠷᠭᠡᠬᠦ ᠳᠡᠭᠡᠨ ᠬᠠᠷᠠᠭ᠎ᠠ ᠶᠢᠨ ᠮᠣᠳᠣᠨ ᠳᠤ ᠭᠠᠤᠯᠢᠨ ᠵᠣᠭᠤᠰ ᠳᠡᠭᠦᠵᠢᠯᠡᠬᠦ ᠪᠤᠶᠤ ᠪᠢᠴᠢᠬᠠᠨ | ᠤᠭᠤᠲᠠᠨ ᠳᠤ ᠴᠠᠭᠠᠨ ᠪᠤᠳᠠᠭ᠎ᠠ ᠳᠡᠭᠦᠵᠢᠯᠡᠵᠦ ᠥᠭᠬᠦ ᠶᠣᠰᠣ ᠲᠠᠢ᠃ ᠬᠡᠦᠬᠡᠳ ᠥᠯᠥᠭᠡᠢ ᠠᠴᠠ ᠭᠠᠷᠤᠭᠰᠠᠨ ᠤ | ᠳᠠᠷᠠᠭ᠎ᠠ ᠳᠡᠷᠡ ᠶᠢᠨ ᠪᠤᠳᠠᠭ᠎ᠠ ᠶᠢ ᠨᠢ ᠬᠠᠮᠢᠶ᠎ᠠ ᠨᠠᠮᠢᠶ᠎ᠠ ᠦᠭᠡᠢ ᠰᠠᠴᠤᠬᠤ ᠦᠭᠡᠢ᠂ ᠬᠡᠦᠬᠡᠳ ᠤᠨ ᠳᠡᠷᠡ ᠶᠢᠨ ᠪᠤᠳᠠᠭ᠎ᠠ | ᠭᠡᠵᠦ ᠲᠤᠰᠠᠭᠠᠷ ᠨᠢ ᠲᠠᠷᠢᠳᠠᠭ᠃ ᠪᠤᠰᠤᠳ ᠬᠥᠮᠥᠨ ᠥᠯᠥᠭᠡᠢ ᠶᠢ ᠨᠢ ᠵᠢᠭᠡᠯᠡᠭᠡᠳ ᠪᠡᠯᠭᠡ ᠦᠭᠡᠢ ᠤᠴᠢᠷ | ᠲᠣᠬᠢᠶᠠᠯᠳᠤᠪᠠᠯ ᠪᠤᠴᠠᠭᠠᠨ ᠠᠪᠬᠤ ᠦᠭᠡᠢ᠃ ᠲᠡᠷᠡ ᠠᠶᠢᠯ ᠳᠤᠨᠢ ᠥᠭᠴᠢᠬᠡᠳᠡᠭ᠃ ᠮᠣᠩᠭᠤᠯᠴᠤᠳ ᠶᠡᠷᠦ ᠳᠡᠭᠡᠨ | ᠪᠠᠭ᠎ᠠ ᠶᠡᠭᠡ ᠬᠤᠶᠠᠷ ᠥᠯᠥᠭᠡᠢ ᠪᠡᠯᠡᠳᠬᠡᠳᠡᠭ᠃ ᠬᠡᠦᠬᠡᠳ ᠲᠠᠪᠤ ᠵᠢᠷᠭᠤᠭᠠᠨ ᠰᠠᠷ᠎ᠠ ᠪᠤᠯᠬᠤ ᠦᠶᠡᠰ ᠪᠠᠭ᠎ᠠ | ᠥᠯᠥᠭᠡᠢ ᠠᠴᠠ ᠨᠢ ᠶᠡᠭᠡ ᠥᠯᠥᠭᠡᠢ ᠳᠤ ᠣᠷᠣᠭᠤᠯᠳᠠᠭ᠃ ᠣᠯᠠᠩᠬᠢ ᠳᠠᠭᠠᠨ ᠣᠢ ᠬᠡᠲᠦᠷᠡᠲᠡᠯ᠎ᠡ ᠥᠯᠥᠭᠡᠶᠢᠳᠡᠬᠦ ᠨᠢ | ᠡᠩ ᠤᠨ ᠤᠴᠢᠷ ᠪᠢᠯᠡ᠃ | ᠥᠯᠥᠭᠡᠢ ᠳᠤ ᠭᠤᠷᠪᠠᠨ ᠳᠥᠭᠦᠮ ᠲᠠᠯ᠎ᠠ ᠲᠠᠢ ᠶᠤᠮ᠃ ᠨᠢᠭᠡ ᠳᠤ᠂ ᠨᠡᠭᠦᠳᠡᠯ ᠣᠲᠣᠷ ᠢᠶᠠᠷ ᠶᠠᠪᠤᠬᠤ ᠳᠤ | ᠳᠥᠭᠦᠮ᠃ ᠬᠡᠦᠬᠡᠳ ᠢᠶᠠᠨ ᠥᠯᠥᠭᠡᠶᠢᠳᠡᠭᠡᠳ ᠬᠠᠮ ᠲᠡᠷᠭᠡᠨ ᠳᠡᠭᠡᠨ ᠲᠡᠭᠡᠭᠡᠵᠦ ᠶᠠᠪᠤᠵᠤ ᠪᠤᠯᠳᠠᠭ᠃ ᠲᠡᠮᠡᠭᠡᠨ | ᠠᠴᠢᠶᠠᠨ ᠳᠡᠭᠡᠷ᠎ᠡ ᠪᠠᠨ ᠠᠴᠢᠭᠠᠳ ᠶᠠᠪᠤᠵᠤ ᠴᠤ ᠪᠣᠯᠣᠨ᠎ᠠ᠃ ᠬᠤᠶᠠᠷ ᠲᠤ᠂ ᠬᠡᠦᠬᠡᠳ ᠢᠶᠠᠨ ᠥᠯᠥᠭᠡᠶᠢᠳᠡᠵᠦ | ᠲᠠᠯᠪᠢᠭᠠᠳ ᠠᠷᠰᠠᠷ ᠠᠵᠢᠯ ᠪᠤᠶᠤ ᠳᠣᠲᠣᠨ᠎ᠠ ᠭᠠᠳᠠᠨᠠᠬᠢ ᠠᠵᠢᠯ ᠢᠶᠠᠨ ᠬᠢᠬᠦ ᠳᠤ ᠳᠥᠭᠦᠮ᠃ ᠮᠠᠯ ᠠᠬᠤᠢ ᠪᠠᠨ | ᠳᠣᠳᠣᠮᠳᠠᠬᠤ᠂ ᠭᠠᠯ ᠲᠣᠭᠤᠭ᠎ᠠ ᠶᠢᠨ ᠠᠵᠢᠯ ᠢᠶᠠᠨ ᠬᠢᠬᠦ ᠳᠤ ᠬᠠᠷᠰᠢ ᠲᠣᠷᠤᠮ ᠦᠭᠡᠢ᠃ ᠭᠤᠷᠪᠠ ᠳᠤ᠂ ᠦᠢᠯᠡ | ᠤᠲᠠᠰᠤ ᠣᠶᠣᠬᠤ ᠳᠤ ᠳᠥᠭᠦᠮ᠂ ᠬᠡᠦᠬᠡᠳ ᠨᠢ ᠰᠡᠷᠡᠪᠡᠯ ᠬᠥᠯ ᠢᠶᠠᠷ ᠢᠶᠠᠨ ᠥᠯᠥᠭᠡᠢ ᠶᠢ ᠨᠢ ᠰᠠᠵᠢᠯᠠᠭᠤᠯᠵᠤ | ᠠᠷᠭᠠᠳᠠᠨ ᠣᠶᠣᠳᠠᠯ ᠢᠶᠠᠨ ᠲᠠᠰᠤᠯᠳᠠᠭᠤᠯᠤᠯ ᠦᠭᠡᠢ ᠬᠢᠳᠡᠭ᠃ ᠨᠠᠰᠤᠲᠠᠳ ᠤᠨ ᠶᠠᠷᠢᠬᠤ ᠪᠠᠷ ᠥᠯᠥᠭᠡᠢ ᠨᠢ ᠭᠤᠷᠪᠠᠨ | ᠰᠠᠶᠢᠨ ᠲᠠᠯ᠎ᠠ ᠲᠠᠢ᠃ ᠨᠢᠭᠡ ᠳᠤ᠂ ᠬᠡᠦᠬᠡᠳ ᠢ ᠬᠠᠯᠠᠭᠤᠨ ᠰᠢᠷᠣᠢ ᠳᠤ ᠥᠯᠥᠭᠡᠶᠢᠳᠡᠪᠡᠯ ᠠᠷᠬᠠᠭ ᠭᠡᠮ ᠰᠠᠭᠤᠬᠤ ᠦᠭᠡᠢ᠃ | ᠬᠡᠦᠬᠡᠳ ᠰᠢᠭᠡᠰᠦ ᠳᠤ ᠴᠢᠭᠢᠭᠲᠦᠬᠦ ᠦᠭᠡᠢ᠂ ᠦᠷᠭᠦᠯᠵᠢ ᠰᠢᠷᠣᠢ ᠶᠢ ᠨᠢ ᠰᠣᠯᠢᠳᠠᠭ ᠠᠴᠠ ᠰᠡᠴᠡᠨ ᠰᠡᠷᠭᠦᠯᠡᠩ | ᠪᠤᠯᠳᠠᠭ᠃ ᠬᠤᠶᠠᠷ ᠲᠤ᠂ ᠬᠡᠦᠬᠡᠳ ᠤᠨ ᠲᠠᠭᠠᠷᠠᠵᠤ ᠪᠡᠭᠡᠷᠡᠬᠦ ᠠᠴᠠ ᠰᠡᠷᠭᠡᠶᠢᠯᠡᠳᠡᠭ᠃ ᠡᠪᠦᠯ ᠤᠨ ᠴᠠᠭ ᠵᠤᠵᠠᠭᠠᠨ | ᠬᠤᠴᠢᠯᠭ᠎ᠠ ᠪᠠᠷ ᠣᠷᠢᠶᠠᠵᠤ ᠰᠠᠶᠢᠲᠤᠷ ᠳᠤᠯᠠᠭᠠᠯᠠᠪᠠᠯ ᠵᠢᠪᠠᠷ ᠠᠪᠬᠤ ᠦᠭᠡᠢ᠂ ᠬᠠᠯᠠᠭᠤᠨ ᠲᠠᠭᠠᠲᠠᠢ ᠤᠨᠲᠠᠳᠠᠭ᠃ | ᠭᠤᠷᠪᠠ ᠳᠤ᠂ ᠵᠤᠨ ᠤ ᠴᠠᠭ ᠰᠡᠷᠢᠭᠦᠨ ᠣᠨᠴᠠᠯᠢᠭ ᠲᠠᠢ᠃ | ᠨᠢᠭᠡ ᠳᠤ᠂ ᠬᠡᠦᠬᠡᠳ ᠢᠶᠠᠨ ᠥᠷᠯᠥᠭᠡ᠂ ᠦᠳᠡ᠂ ᠣᠷᠣᠢ ᠭᠤᠷᠪᠠ ᠤᠳᠠᠭ᠎ᠠ ᠲᠡᠶᠢᠯᠵᠤ ᠠᠪᠤᠭᠠᠳ ᠳᠠᠪᠤᠰᠤ ᠲᠠᠢ | ᠪᠦᠯᠢᠶᠡᠨ ᠤᠰᠤ ᠪᠠᠷ ᠪᠦᠭᠦ ᠪᠡᠶ᠎ᠡ ᠶᠢ ᠨᠢ ᠤᠬᠢᠶᠠᠵᠤ ᠥᠭᠲᠡᠭ᠃ ᠡᠨᠡ ᠨᠢ ᠬᠡᠦᠬᠡᠳ ᠤᠨ ᠠᠷᠠᠰᠤ ᠮᠢᠬ᠎ᠠ ᠶᠢ | ᠴᠢᠭᠢᠷᠠᠭᠵᠢᠭᠤᠯᠬᠤ᠂ ᠰᠢᠷᠬ᠎ᠠ ᠶᠢ ᠰᠡᠷᠭᠡᠶᠢᠯᠡᠨ ᠪᠡᠶ᠎ᠡ ᠳᠡᠭᠡᠷᠡᠬᠢ ᠰᠢᠷ᠎ᠠ ᠦᠰᠦ ᠶᠢ ᠨᠢ ᠠᠷᠢᠭᠤᠳᠬᠠᠬᠤ | ᠳᠠᠪᠠᠭᠤᠯᠢᠭ ᠲᠠᠢ᠃ ᠬᠤᠶᠠᠷ ᠲᠤ᠂ ᠬᠡᠦᠬᠡᠳ ᠢ ᠥᠯᠥᠭᠡᠢ ᠠᠴᠠ ᠨᠢ ᠳᠡᠶᠢᠯᠵᠤ ᠠᠪᠤᠮᠠᠭᠴᠠ ᠳᠣᠷᠣᠭᠰᠢ ᠬᠠᠨᠳᠤᠭᠤᠯᠤᠨ | ᠲᠡᠪᠡᠷᠢᠵᠦ ᠨᠢᠷᠤᠭᠤ ᠶᠢ ᠨᠢ ᠰᠠᠶᠢᠬᠠᠨ ᠢᠯᠢᠵᠦ ᠥᠭᠭᠦᠨ᠎ᠡ᠃ ᠡᠨᠡ ᠨᠢ ᠬᠡᠦᠬᠡᠳ ᠤᠨ ᠥᠰᠦᠯᠲᠡ ᠶᠢ ᠲᠦᠷᠭᠡᠳᠬᠡᠬᠦ | ᠳᠠᠪᠠᠭᠤᠯᠢᠭ ᠲᠠᠢ᠃ ᠬᠡᠦᠬᠡᠳ ᠤᠨ ᠬᠤᠴᠢᠯᠭ᠎ᠠ ᠶᠢ ᠡᠳᠦᠷ ᠤᠨ ᠭᠡᠲᠦ ᠰᠣᠯᠢᠵᠤ᠂ ᠡᠭᠡᠭᠡᠵᠦ ᠤᠬᠢᠶᠠᠨ | ᠬᠠᠲᠠᠭᠠᠳᠠᠭ ᠠᠴᠠ ᠠᠷᠢᠭᠤᠨ ᠴᠡᠪᠡᠷ ᠪᠠᠶᠢᠳᠠᠭ᠃ ᠭᠤᠷᠪᠠ ᠳᠤ᠂ ᠥᠯᠥᠭᠡᠢ ᠳᠤ ᠥᠯᠥᠭᠡᠶᠢᠳᠡᠵᠦ ᠥᠰᠦᠭᠰᠡᠨ | ᠬᠡᠦᠬᠡᠳ ᠤᠨ ᠮᠥᠷᠥ ᠲᠡᠭᠰᠢᠬᠡᠨ᠂ ᠬᠥᠯ ᠠᠰᠬᠠᠨ ᠨᠢ ᠪᠤᠰᠤᠳ ᠦᠨᠳᠦᠰᠦᠲᠡᠨ ᠠᠴᠠ ᠣᠨᠴᠠ ᠢᠯᠭᠠᠭ᠎ᠠ ᠲᠠᠢ᠃ ᠵᠠᠷᠢᠮ | ᠡᠷᠳᠡᠮᠲᠡᠨ ᠰᠤᠳᠤᠯᠭᠠᠲᠠᠳ ᠤᠨ ᠦᠵᠡᠬᠦ ᠪᠠᠷ ᠮᠣᠩᠭᠤᠯ ᠬᠥᠮᠥᠨ ᠠᠴᠠ ᠨᠢᠰᠬᠡᠯᠴᠢ ᠣᠯᠠᠨ ᠭᠠᠷᠳᠠᠭ ᠨᠢ ᠥᠯᠥᠭᠡᠢ | ᠯᠦᠭᠡ ᠰᠢᠭᠤᠳ ᠬᠤᠯᠪᠤᠭ᠎ᠠ ᠲᠠᠢ ᠭᠡᠳᠡᠭ᠃ ᠳᠠᠷᠤᠢ ᠬᠠᠷᠠᠴᠠ ᠰᠠᠶᠢᠨ᠂ ᠴᠢᠰᠤᠨ ᠳᠠᠷᠤᠯᠲᠠ ᠲᠡᠭᠰᠢ᠂ ᠡᠷᠭᠢᠵᠦ | ᠬᠥᠷᠪᠡᠬᠦ ᠳᠤ ᠶᠠᠮᠠᠷ ᠴᠤ ᠰᠠᠭᠠᠳ ᠦᠭᠡᠢ ᠵᠡᠷᠭᠡ ᠣᠨᠴᠠᠯᠢᠭ ᠲᠠᠢ᠃ | ᠮᠣᠩᠭᠤᠯ ᠥᠯᠥᠭᠡᠢ ᠳᠤ ᠥᠪᠡᠷ ᠤᠨ ᠬᠢᠨᠢ ᠨᠢᠭᠤᠴᠠ ᠶᠣᠰᠣ ᠪᠠᠶᠢᠳᠠᠭ᠃ ᠨᠢᠭᠡ ᠳᠤ᠂ ᠥᠯᠥᠭᠡᠢ ᠶᠢᠨ ᠬᠠᠷᠠᠭ᠎ᠠ ᠶᠢᠨ | ᠠᠷᠤ ᠳᠤ ᠳᠣᠯᠣᠭᠠᠨ ᠭᠠᠤᠯᠢᠨ ᠵᠣᠭᠤᠰ ᠳᠡᠭᠦᠵᠢᠯᠡᠵᠦ ᠪᠠᠶᠢᠬᠤ ᠨᠢ ᠠᠯᠢᠪᠠ ᠮᠠᠭᠤ ᠶᠠᠭᠤᠮᠠᠰ ᠤᠨ ᠳᠠᠷᠤᠯᠭ᠎ᠠ | ᠪᠣᠯᠤᠭᠰᠠᠨ ᠨᠢᠭᠤᠴᠠ ᠳᠣᠮ ᠲᠠᠢ᠃ ᠬᠤᠶᠠᠷ ᠲᠤ᠂ ᠬᠠᠷᠠᠭ᠎ᠠ ᠶᠢᠨ ᠲᠠᠲᠠᠭ᠎ᠠ ᠰᠤᠷ ᠢ ᠳᠣᠯᠤᠭ᠎ᠠ ᠵᠠᠩᠭᠢᠳᠴᠤ ᠪᠠᠶᠢᠬᠤ | ᠨᠢ ᠳᠣᠯᠣᠭᠠᠨ ᠪᠠᠭᠠᠲᠤᠷ ᠬᠡᠦᠬᠡᠳ ᠢ ᠬᠠᠮᠠᠭᠠᠯᠠᠵᠤ ᠪᠠᠶᠢᠬᠤ ᠨᠢᠭᠤᠴᠠ ᠳᠣᠮ ᠲᠠᠢ᠃ ᠭᠤᠷᠪᠠ ᠳᠤ᠂ ᠥᠯᠥᠭᠡᠢ ᠶᠢᠨ | ᠬᠠᠷᠠᠭ᠎ᠠ ᠶᠢᠨ ᠠᠷᠤ ᠳᠤ ᠠᠪᠠᠢ᠂ ᠲᠤᠩ᠂ ᠭᠠᠷᠰᠢᠪᠠᠢ ᠵᠡᠷᠭᠡ ᠶᠢ ᠳᠡᠭᠦᠵᠢᠯᠡᠬᠦ ᠨᠢ ᠬᠡᠦᠬᠡᠳ ᠤᠨ ᠰᠢᠳᠦ ᠪᠠᠨ | ᠬᠠᠪᠢᠷᠬᠤ ᠶᠢ ᠳᠣᠮᠨᠣᠵᠤ ᠪᠠᠶᠢᠳᠠᠭ᠃ ᠨᠤᠮᠤ ᠰᠤᠮᠤ ᠳᠡᠭᠦᠵᠢᠯᠡᠬᠦ ᠨᠢ ᠮᠠᠭᠤ ᠶᠠᠭᠤᠮᠠᠰ ᠣᠶᠢᠷᠠᠳᠬᠤ ᠶᠢ ᠰᠡᠷᠭᠡᠶᠢᠯᠡᠵᠦ | ᠪᠤᠢ᠃ | ᠥᠯᠥᠭᠡᠢ ᠬᠢᠬᠦ ᠳᠤ ᠭᠤᠷᠪᠠ ᠶᠢ ᠰᠣᠩᠭᠤᠨ᠎ᠠ᠃ ᠨᠢᠭᠡ ᠳᠤ᠂ ᠮᠣᠳᠣ ᠶᠢ ᠰᠠᠶᠢᠲᠤᠷ ᠰᠣᠩᠭᠤᠨ᠎ᠠ᠃ ᠦᠷᠢᠯ᠂ ᠮᠣᠶᠢᠯ | ᠵᠡᠷᠭᠡ ᠦᠷ᠎ᠡ ᠲᠠᠢ ᠮᠣᠳᠣ ᠪᠠᠷ ᠬᠢᠳᠡᠭ᠃ ᠬᠤᠶᠠᠷ ᠲᠤ᠂ ᠡᠳᠦᠷ ᠢ ᠰᠣᠩᠭᠤᠨ᠎ᠠ᠃ ᠥᠯᠵᠡᠢ ᠪᠡᠯᠭᠡ ᠲᠠᠢ ᠡᠳᠦᠷ ᠢ | ᠰᠣᠩᠭᠤᠨ ᠥᠯᠥᠭᠡᠢ ᠬᠢᠯᠭᠡᠨ᠎ᠡ᠃ ᠭᠤᠷᠪᠠ ᠳᠤ᠂ ᠮᠣᠳᠣᠴᠢᠨ ᠰᠣᠩᠭᠤᠨ᠎ᠠ᠃ ᠥᠯᠥᠭᠡᠢ ᠶᠢ ᠬᠥᠮᠥᠨ ᠪᠣᠯᠭᠠᠨ ᠢᠶᠠᠷ | ᠬᠢᠯᠭᠡᠬᠦ ᠪᠢᠰᠢ᠂ ᠡᠮ᠎ᠡ ᠦᠷ᠎ᠡ ᠲᠠᠢ ᠪᠦᠷᠢᠨ ᠪᠦᠲᠦᠨ ᠬᠥᠮᠥᠨ ᠢ ᠰᠣᠩᠭᠤᠵᠤ ᠬᠢᠯᠭᠡᠨ᠎ᠡ᠃ ᠮᠣᠳᠣᠴᠢᠨ ᠢᠶᠠᠨ | ᠬᠦᠨᠳᠦ ᠪᠠᠷ ᠵᠠᠯᠠᠵᠤ᠂ ᠥᠯᠥᠭᠡᠢ ᠪᠠᠨ ᠬᠢᠭᠰᠡᠨ ᠤ ᠳᠠᠷᠠᠭ᠎ᠠ ᠭᠠᠷ ᠮᠢᠯᠢᠶᠠᠬᠤ ᠶᠣᠰᠣ ᠲᠠᠢ ᠶᠤᠮ᠃ | ᠮᠣᠩᠭᠤᠯᠴᠤᠳ ᠠᠩᠬᠠᠨ ᠠᠴᠠ ᠪᠠᠨ᠄ | ᠦᠷᠢᠯ ᠤᠨ ᠰᠠᠶᠢᠬᠠᠨ ᠮᠣᠳᠣ ᠪᠠᠷ | ᠥᠯᠥᠭᠡᠢ ᠬᠢᠭᠰᠡᠨ ᠠᠪᠤ ᠮᠢᠨᠢ | ᠥᠷᠯᠥᠭᠡ ᠦᠳᠡᠰᠢ ᠶᠢᠨ ᠬᠦᠢᠲᠡᠨ ᠳᠤ | ᠡᠩᠬᠦᠷᠡᠶᠢᠯᠡᠵᠦ ᠥᠰᠬᠡᠭᠰᠡᠨ ᠡᠵᠢ ᠮᠢᠨᠢ ᠁ ᠭᠡᠵᠦ ᠬᠦᠨᠳᠦᠳᠬᠡᠨ ᠳᠠᠭᠤᠯᠠᠭᠰᠠᠭᠠᠷ ᠢᠷᠡᠪᠡ᠃ | ᠥᠯᠥᠭᠡᠢ ᠪᠣᠯ ᠮᠣᠩᠭᠤᠯ ᠬᠥᠮᠥᠨ ᠪᠦᠭᠦᠨ ᠢ ᠦᠶ᠎ᠡ ᠤᠯᠠᠷᠢᠨ ᠥᠰᠬᠡᠭᠰᠡᠨ ᠥᠷᠥᠭᠡᠯ ᠪᠤᠰᠤᠳ | ᠦᠨᠳᠦᠰᠦᠲᠡᠨ ᠳᠤ ᠬᠤᠪᠣᠷᠬᠠᠨ ᠡᠷᠳᠡᠨᠢ ᠶᠤᠮ᠃ ᠥᠯᠥᠭᠡᠢ ᠪᠠᠨ ᠬᠠᠶᠢᠷᠠᠯᠠᠨ ᠥᠪᠯᠡᠵᠦ᠂ ᠶᠣᠰᠣ ᠵᠦᠢ ᠶᠢ ᠨᠢ ᠮᠡᠳᠡᠬᠦ | ᠪᠣᠯ ᠮᠣᠩᠭᠤᠯ ᠬᠥᠮᠥᠨ ᠪᠦᠭᠦᠨ ᠤ ᠨᠠᠭᠠᠲᠤ ᠵᠠᠬ᠎ᠠ ᠶᠢᠨ ᠰᠤᠷᠭᠠᠯ ᠰᠤᠷᠲᠠᠯ ᠮᠥᠨ᠃ | |