︽ᠳᠣᠮᠳᠠᠳᠣ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ︾ ᠬᠤᠷᠴᠢᠨ‌ᠵᠡᠭᠦᠨ ᠭᠠᠷᠤᠨ ᠬᠤᠶᠢᠲᠤ ᠬᠤᠰᠢᠭᠤᠨ ᠤ ᠵᠣᠬᠢᠶᠠᠭᠴᠢᠳ ᠤᠨ ᠵᠣᠬᠢᠶᠠᠨ ᠪᠦᠲᠦᠭᠡᠯᠭᠡ ᠶᠢᠨ ᠪᠣᠯᠪᠠᠰᠤᠷᠠᠯ ᠶᠠᠪᠤᠭᠳᠠᠪᠠ
ᠨᠡᠶᠢᠲᠡᠯᠡᠭᠰᠡᠨ ᠴᠠᠭ᠄
2025/3/24
                             ᠵᠣᠬᠢᠶᠠᠭᠴᠢ᠄ ᠄ᠴᠢᠩ ᠯᠦᠡᠭ     ᠣᠶᠢᠷ᠎ᠠ ᠳᠤ᠂ ᠲᠦᠩᠯᠢᠶᠣᠣ ᠬᠤᠳᠠ ᠶᠢᠨ ᠵᠣᠬᠢᠶᠠᠯᠴᠢᠳ ᠤᠨ ᠡᠪᠯᠡᠯ᠂ ︽ᠵᠢᠷᠢᠮ ᠤᠨ ᠤᠷᠠᠨ ᠵᠣᠬᠢᠶᠠᠯ︾ ᠰᠡᠳᠬᠦᠯ ᠪᠣᠯᠣᠨ ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭ᠎ᠠ  ᠠᠴᠠ ᠭᠤᠣᠯᠯᠠᠨ ᠡᠷᠭᠢᠯᠡᠵᠤ᠂ ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠤ ᠲᠡᠦᠬᠡ ᠰᠣᠶᠣᠯ ᠤᠨ ᠰᠤᠳᠤᠯᠭᠠᠨ ᠤ ᠨᠡᠶᠢᠭᠡᠮᠯᠢᠭ ᠠᠴᠠ ᠳᠠᠭᠠᠭᠠᠴᠢᠯᠠᠨ ᠡᠷᠭᠢᠯᠡᠭᠰᠡᠨ ︽ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ︾ ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠤ ᠵᠣᠬᠢᠶᠠᠭᠴᠢᠳ ᠤᠨ ᠵᠣᠬᠢᠶᠠᠨ ᠪᠦᠲᠦᠭᠡᠯᠭᠡ ᠶᠢᠨ ᠪᠣᠯᠪᠠᠰᠤᠷᠠᠯ ᠤᠨ ᠠᠩᠬᠢ ᠭᠠᠨᠵᠤᠭ᠎ᠠ ᠪᠠᠯᠭᠠᠰᠤᠨ ᠳᠤ ᠶᠠᠪᠤᠭᠳᠠᠪᠠ᠃ ᠪᠣᠯᠪᠠᠰᠤᠷᠠᠯ ᠤᠨ ᠠᠨᠬᠭᠢ ᠳᠤ ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠤ ᠦᠨᠳᠦᠰᠦᠨ ᠱᠠᠲᠤᠨ ᠤ ᠵᠣᠬᠢᠶᠠᠯᠴᠢ ᠪᠣᠯᠣᠨ ᠬᠤᠪᠢᠰᠬᠠᠯᠲᠤ ᠮᠣᠷᠢᠲᠤ ᠴᠡᠷᠢᠭ ᠤᠨ ᠦᠷ᠎ᠡ ᠬᠤᠶᠢᠴᠢᠰ ᠤᠨ ᠲᠥᠯᠥᠭᠡᠯᠡᠭᠴᠢ ᠵᠡᠷᠭᠡ 40 ᠭᠠᠷᠤᠢ ᠬᠥᠮᠥᠨ ᠣᠷᠣᠯᠴᠠᠪᠠ᠃    ᠡᠭᠢᠯᠡᠯᠳᠡ ᠶᠢᠨ ᠶᠣᠰᠣᠯᠠᠯ ᠳᠡᠭᠡᠷ᠎ᠡ᠂ ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭ᠎ᠠ ᠶᠢᠨ ᠨᠠᠮ ᠤᠨ ᠤᠳᠤᠷᠢᠳᠬᠤ ᠳᠤᠭᠤᠶᠢᠯᠠᠩ ᠤᠨ ᠱᠦᠵᠢ᠂ ᠲᠡᠷᠢᠭᠦᠯᠡᠭᠴᠢ ᠮᠥᠩᠭᠦᠨᠴᠡᠴᠡᠭ ᠶᠠᠷᠢᠶ᠎ᠠ ᠲᠠᠯᠪᠢᠵᠤ᠂ ᠬᠤᠳᠠ ᠶᠢᠨ ᠵᠣᠬᠢᠶᠠᠯᠴᠢᠳ ᠤᠨ ᠡᠪᠯᠡᠯ ᠪᠣᠯᠣᠨ ︽ᠵᠢᠷᠢᠮ ᠤᠨ ᠤᠷᠠᠨ ᠵᠣᠬᠢᠶᠠᠯ︾ ᠰᠡᠳᠬᠦᠯ ᠤᠨ ᠬᠠᠯᠠᠭᠤᠨ ᠳᠡᠮᠵᠢᠯᠭᠡ ᠳᠤ ᠲᠠᠯᠠᠷᠬᠠᠯ ᠳᠡᠪᠰᠢᠭᠦᠯᠵᠦ᠂ ᠳᠤᠰ ᠬᠤᠰᠢᠭᠤᠨ ᠤ ᠵᠣᠬᠢᠶᠠᠭᠴᠢᠳ ᠤᠨ ᠠᠵᠠ ᠳᠤᠭᠢᠶᠠᠯ ᠢ ᠠᠮᠵᠢᠨ ᠵᠣᠬᠢᠶᠠᠨ ᠪᠦᠲᠦᠭᠡᠬᠦ ᠬᠢᠷᠢ ᠲᠦᠪᠰᠢᠨ ᠢᠶᠠᠨ ᠳᠡᠭᠡᠭᠰᠢᠯᠡᠭᠦᠯᠭᠦ ᠶᠢ ᠱᠠᠭᠠᠷᠳᠠᠵᠠᠢ᠃ ᠲᠦᠩᠯᠢᠶᠣᠣ ᠬᠤᠳᠠ ᠶᠢᠨ ᠵᠣᠬᠢᠶᠠᠯᠴᠢᠳ ᠤᠨ ᠨᠡᠶᠢᠭᠡᠮᠯᠢᠭ ᠤᠨ ᠨᠡᠷ᠎ᠡ ᠬᠦᠨᠳᠦᠲᠦ ᠲᠡᠷᠢᠭᠦᠯᠡᠭᠴᠢ᠂ ︽ᠵᠢᠷᠢᠮ ᠤᠨ ᠤᠷᠠᠨ ᠵᠣᠬᠢᠶᠠᠯ︾ ᠰᠡᠳᠬᠦᠯ ᠤᠨ ᠶᠡᠷᠦᠩᠬᠡᠢ ᠨᠠᠶᠢᠷᠠᠭᠤᠯᠤᠭᠴᠢ ᠪᠠᠢ ᠶᠢᠨ ᠱᠸᠡᠭ᠂ ᠲᠦᠩᠯᠢᠶᠣᠣ ᠬᠤᠳᠠ ᠶᠢᠨ ᠳᠠᠭᠤᠷᠢᠯᠢᠬᠴᠢᠳ ᠪᠣᠯᠣᠨ ᠠᠷᠠᠳ ᠤᠨ ᠤᠳᠬ᠎ᠠ ᠤᠷᠠᠯᠢᠭᠴᠢᠳ ᠤᠨ ᠨᠡᠶᠢᠭᠡᠮᠯᠢᠭ ᠤᠨ ᠲᠡᠷᠢᠭᠦᠯᠡᠭᠴᠢ᠂ ︽ᠵᠢᠷᠢᠮ ᠤᠨ ᠤᠷᠠᠨ ᠵᠣᠬᠢᠶᠠᠯ︾ ᠰᠡᠳᠬᠦᠯ ᠤᠨ ᠳᠡᠳ᠋ ᠶᠡᠷᠦᠩᠬᠡᠢ ᠨᠠᠶᠢᠷᠠᠭᠤᠯᠤᠭᠴᠢ ᠲᠤᠯᠭᠠᠭᠤᠷᠢ ᠠᠴᠠ ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠤ ᠮᠣᠷᠢᠲᠤ ᠴᠡᠷᠢᠭ ᠤᠨ ᠬᠤᠪᠢᠰᠬᠠᠯᠲᠤ ᠤᠳᠤᠮᠰᠢᠯ ᠢ ᠤᠯᠠᠮᠵᠢᠯᠠᠨ ᠵᠠᠯᠭᠠᠮᠵᠢᠯᠠᠬᠤ ᠨᠡᠶᠢᠭᠡᠮᠯᠢᠭ ᠤᠨ ᠳᠡᠳ᠋ ᠲᠡᠷᠢᠭᠦᠯᠡᠭᠴᠢ ᠪᠤᠤ ᠰᠡᠴᠡᠩᠭᠤᠸ᠎ᠠ ᠪᠣᠯᠣᠨ ᠮᠣᠷᠢᠲᠤ ᠴᠡᠷᠢᠭ ᠤᠨ ᠦᠷ᠎ᠡ ᠬᠤᠶᠢᠴᠢᠰ ᠤᠨ ᠲᠥᠯᠥᠭᠡᠯᠡᠭᠴᠢ᠂ ᠮᠣᠷᠢᠲᠤ ᠴᠡᠷᠢᠭ ᠤᠨ ᠬᠤᠪᠢᠰᠬᠠᠯᠲᠤ ᠪᠠᠭᠠᠲᠤᠷ ᠊᠊᠊᠊᠊᠊᠊ ᠱᠤᠩᠭ᠎ᠠ ᠶᠢᠨ ᠬᠥᠪᠡᠭᠦᠨ ᠷᠠᠰᠢᠨᠢᠮ᠎ᠠ ᠳᠤ ᠰᠣᠷᠭᠤᠭ ᠴᠡᠴᠡᠭ ᠵᠢᠴᠢ ︽ᠵᠢᠷᠢᠮ ᠤᠨ ᠤᠷᠠᠨ ᠵᠣᠬᠢᠶᠠᠯ︾ ᠰᠡᠳᠬᠦᠯ ᠢᠶᠠᠨ ᠬᠦᠷᠭᠡᠵᠦ ᠬᠦᠨᠳᠦᠳᠬᠡᠯ ᠳᠡᠪᠰᠢᠭᠦᠯᠪᠡ᠃   ᠵᠣᠬᠢᠶᠠᠨ ᠪᠦᠲᠦᠭᠡᠯᠭᠡ ᠶᠢᠨ ᠪᠣᠯᠪᠠᠰᠤᠷᠠᠯ ᠳᠤ᠂ ᠪᠠᠢ ᠶᠢᠨ ᠱᠧᠩ ᠪᠠᠭᠰᠢ ᠠᠴᠠ ︽ᠤᠷᠠᠨ ᠵᠣᠬᠢᠶᠠᠯ ᠵᠣᠬᠢᠶᠠᠨ ᠪᠦᠲᠦᠭᠡᠬᠦ ᠰᠠᠨᠠᠭ᠎ᠠ ᠠᠬᠤᠢ ᠬᠢᠭᠡᠳ ᠤᠷ᠎ᠠ ᠳᠡᠮ︾ ᠭᠡᠬᠦ ᠰᠡᠳᠦᠪ ᠤᠨ ᠲᠣᠭᠤᠷᠢᠨ ᠳᠤ᠂ ᠥᠪᠡᠷ ᠤᠨ ᠵᠣᠬᠢᠶᠠᠨ ᠪᠦᠲᠦᠭᠡᠭᠰᠡᠨ ᠦᠢᠯᠡᠳᠦᠯᠭᠡ ᠲᠤᠷᠰᠢᠯᠭ᠎ᠠ ᠲᠠᠢ ᠪᠠᠨ ᠤᠶᠠᠯᠳᠤᠭᠤᠯᠵᠤ᠂ ᠰᠣᠩᠭᠤᠳᠠᠭ ᠨᠣᠮ ᠵᠣᠬᠢᠶᠠᠯ ᠠᠴᠠ ᠡᠰᠢ ᠳᠠᠳᠠᠨ ᠤᠷᠠᠨ ᠵᠣᠬᠢᠶᠠᠯ ᠤᠨ ᠰᠠᠨᠠᠭ᠎ᠠ ᠠᠬᠤᠢ ᠶᠢ ᠬᠡᠷᠬᠢᠨ ᠲᠣᠪᠤᠶᠢᠯᠭᠠᠨ ᠢᠯᠡᠷᠡᠭᠦᠯᠬᠦ᠂ ᠰᠡᠳᠬᠢᠮᠵᠢ ᠪᠠᠨ ᠬᠡᠷᠬᠢᠨ ᠡᠰᠬᠡᠨ ᠪᠠᠶᠢᠷᠢᠰᠢᠭᠤᠯᠬᠤ ᠵᠡᠷᠭᠡ ᠲᠠᠯ᠎ᠠ ᠠᠴᠠ ᠠᠮᠢᠳᠤᠯᠢᠭ ᠪᠣᠳᠠᠲᠠᠢ ᠲᠠᠶᠢᠯᠪᠤᠷᠢᠯᠠᠪᠠ᠃ ᠲᠤᠯᠭᠠᠭᠤᠷᠢ ᠪᠠᠭᠰᠢ ᠠᠴᠠ ︽ᠰᠣᠨᠢᠨ ᠰᠡᠳᠬᠦᠯ ᠳᠤ ᠨᠡᠶᠢᠲᠡᠯᠡᠬᠦ ᠵᠣᠬᠢᠶᠠᠯ ᠪᠦᠲᠦᠭᠡᠯ ᠤᠨ ᠲᠤᠬᠠᠢ ᠬᠡᠳᠦᠨ ᠰᠠᠨᠠᠭᠤᠯᠤᠮᠵᠢ︾ ᠭᠡᠬᠦ ᠰᠡᠳᠦᠪ ᠢᠶᠠᠷ᠂ ᠰᠣᠨᠢᠨ ᠰᠡᠳᠬᠦᠯ ᠳᠤ ᠳᠡᠪᠰᠢᠭᠦᠯᠬᠦ ᠵᠣᠬᠢᠶᠠᠯ ᠪᠦᠲᠦᠭᠡᠯ ᠤᠨ ᠦᠵᠡᠯ ᠰᠠᠨᠠᠭ᠎ᠠ᠂ ᠠᠭᠤᠯᠭ᠎ᠠ ᠰᠡᠳᠦᠪ᠂ ᠦᠭᠡ ᠥᠭᠦᠯᠡᠪᠦᠷᠢ ᠵᠡᠷᠭᠡ ᠲᠠᠯ᠎ᠠ ᠶᠢᠨ ᠪᠠᠷᠢᠮᠵᠢᠶ᠎ᠠ ᠱᠠᠭᠠᠷᠳᠠᠯᠭ᠎ᠠ ᠶᠢ ᠨᠠᠷᠢᠯᠢᠭ ᠲᠠᠶᠢᠯᠪᠤᠷᠢᠯᠠᠨ ᠲᠠᠨᠢᠯᠴᠠᠭᠤᠯᠵᠠᠢ᠃   ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠤ ᠵᠣᠬᠢᠶᠠᠯᠴᠢ ᠪ᠊ ·ᠬᠠᠰᠪᠠᠭᠠᠨ᠎ᠠ ᠠᠴᠠ ︽ᠣᠳᠣᠬᠢᠴᠢ ᠰᠢᠯᠦᠭ ᠢ ᠬᠡᠷᠬᠢᠨ ᠪᠢᠴᠢᠬᠦ ᠲᠤᠬᠠᠢ︾ ᠭᠡᠬᠦ ᠰᠡᠳᠦᠪ ᠢᠶᠠᠷ᠂ ᠥᠯᠵᠡᠶᠢᠸ᠋ᠴᠢᠷ ᠠᠴᠠ ︽ᠮᠡᠳᠡᠭᠡᠯᠡᠯ ᠤᠨ ᠤᠷᠠᠨ ᠵᠣᠬᠢᠶᠠᠯ ᠤᠨ ᠰᠤᠯᠠ ᠵᠣᠭᠤᠭ︾ ᠭᠡᠬᠦ ᠰᠡᠳᠦᠪ ᠢᠶᠠᠷ᠂ ᠷᠠᠳᠨᠠᠪᠠᠽᠠᠷ ᠠᠴᠠ ︽ᠭᠡᠷ ᠤᠨ ᠴᠠᠳᠢᠭ ᠢ ᠬᠡᠷᠬᠢᠨ ᠪᠢᠴᠢᠬᠦ ᠲᠤᠬᠠᠢ ᠮᠢᠨᠤ ᠰᠠᠨᠠᠭᠠᠴᠢᠯᠠᠭ᠎ᠠ︾ ᠭᠡᠬᠦ ᠰᠡᠳᠦᠪ ᠢᠶᠠᠷ᠂ ᠰᠡᠴᠡᠨᠪᠠᠭᠠᠲᠤᠷ ᠠᠴᠠ ︽ᠤᠷᠠᠨ ᠵᠣᠬᠢᠶᠠᠯ ᠲᠤᠭᠤᠷᠪᠢᠬᠤ ᠶᠢᠨ ᠤᠴᠢᠷ︾ ᠭᠡᠬᠦ ᠰᠡᠳᠦᠪ ᠢᠶᠠᠷ  ᠂ ᠵ᠊ · ᠷᠢᠨᠴᠢᠨ ᠠᠴᠠ ︽ᠤᠷᠠᠨ ᠵᠣᠬᠢᠶᠠᠯ ᠤᠨ ᠰᠢᠭᠦᠮᠵᠢ ᠪᠢᠴᠢᠬᠦ ᠲᠤᠬᠠᠢ ᠮᠥᠴᠢᠳ ᠣᠶᠢᠯᠠᠭᠠᠯᠲᠠ︾ ᠭᠡᠬᠦ ᠰᠡᠳᠦᠪ ᠢᠶᠠᠷ ᠳᠤᠰ ᠳᠤᠰ ᠰᠠᠨᠠᠯ ᠪᠤᠳᠤᠯ ᠢᠶᠠᠨ ᠰᠣᠯᠢᠯᠴᠠᠵᠤ᠂ ᠤᠷᠠᠨ ᠵᠣᠬᠢᠶᠠᠯ ᠵᠣᠬᠢᠶᠠᠨ ᠪᠦᠲᠦᠭᠡᠬᠦ ᠶᠠᠪᠤᠴᠠ ᠳᠠᠬᠢ ᠲᠤᠷᠰᠢᠯᠭ᠎ᠠ ᠰᠤᠷᠭᠠᠮᠵᠢ ᠪᠣᠯᠣᠨ ᠲᠠᠨᠢᠯᠲᠠ ᠣᠶᠢᠯᠠᠭᠠᠯᠲᠠ ᠪᠠᠨ ᠤᠯᠠᠨ ᠲᠠᠢ ᠪᠠᠨ ᠬᠤᠪᠢᠶᠠᠯᠴᠠᠭᠰᠠᠨ ᠪᠠᠶᠢᠨ᠎ᠠ᠃   ᠳᠤᠰ ᠤᠳᠠᠭᠠᠨ ᠤ ᠪᠣᠯᠪᠠᠰᠤᠷᠠᠯ ᠨᠢ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠪᠠᠷ ᠭᠤᠣᠯ ᠰᠢᠵᠢᠮ ᠪᠤᠯᠭᠠᠵᠤ᠂ ᠬᠠᠨᠳᠤᠯᠭᠠᠲᠤ ᠴᠢᠨᠠᠷ ᠢᠶᠠᠷ ᠴᠢᠩᠭ᠎ᠠ ᠪᠠᠶᠢᠵᠤ᠂ ᠦᠨᠡᠨ ᠬᠦ ᠦᠨᠳᠦᠰᠦᠨ ᠱᠠᠲᠤᠨ ᠤ ᠵᠣᠬᠢᠶᠠᠭᠴᠢᠳ ᠤᠨ ᠵᠣᠬᠢᠶᠠᠨ ᠪᠦᠲᠦᠭᠡᠬᠦ ᠬᠢᠷᠢ ᠲᠦᠪᠰᠢᠨ ᠢ ᠳᠡᠭᠡᠭᠰᠢᠯᠡᠭᠦᠯᠭᠦ ᠳᠤ ᠵᠣᠷᠢᠭᠤᠯᠤᠨ ᠲᠣᠬᠢᠷᠠᠭᠤᠯᠤᠭᠰᠠᠨ ᠪᠣᠯᠪᠠᠰᠤᠷᠠᠯ ᠤᠨ ᠬᠤᠷᠠᠯ ᠪᠣᠯᠵᠤ᠂ ᠪᠣᠯᠪᠠᠰᠤᠷᠠᠯ ᠳᠤ ᠣᠷᠣᠯᠴᠠᠭᠰᠠᠳ ᠤᠨ ᠬᠠᠯᠠᠭᠤᠨ ᠬᠦᠷᠢᠶᠡᠯᠡᠯ ᠢ ᠣᠯᠣᠭᠰᠠᠨ ᠪᠠᠶᠢᠨ᠎ᠠ᠃  
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号