ᠬᠠᠪᠤᠷ ᠤᠨ ᠤᠯᠠᠷᠢᠯ ᠳᠤ ᠭᠠᠯ ᠰᠡᠷᠭᠡᠶᠢᠯᠡᠬᠦ ᠠᠮᠤᠷ ᠲᠦᠪᠰᠢᠨ ᠤ ᠲᠤᠬᠠᠢ ᠮᠡᠳᠡᠯᠭᠡ ᠶᠢ ᠵᠠᠪᠠᠯ ᠴᠡᠭᠡᠵᠢᠯᠡᠭᠡᠷᠡᠢ
ᠨᠡᠶᠢᠲᠡᠯᠡᠭᠰᠡᠨ ᠴᠠᠭ᠄
2025/3/27
      ᠨᠢᠭᠡ᠂ ᠭᠠᠳᠠᠭᠰᠢ ᠭᠠᠷᠬᠤ ᠳᠤ ᠪᠠᠨ ᠭᠤᠷᠪᠡᠨ ᠶᠠᠪᠤᠳᠠᠯ ᠢ ᠪᠢᠳᠡᠭᠡᠢ ᠮᠠᠷᠳᠠ       ᠭᠠᠯ ᠢᠶᠠᠨ ᠤᠨᠳᠠᠷᠠᠭᠠᠵᠤ ᠰᠢᠳᠠᠮᠠᠬᠠᠢ ᠬᠡᠢ ᠶᠢᠨ ᠨᠡᠬᠡᠬᠡᠯᠡᠭᠡᠢ ᠪᠠᠨ ᠲᠠᠷᠤᠨ᠎ᠠ ︔ ᠰᠢᠲᠠᠮᠠᠬᠠᠢ ᠬᠡᠢ ᠯᠡᠪᠡᠷᠡᠪᠡᠯ ᠠᠶᠤᠵᠤ ᠰᠠᠨᠳᠤᠷᠬᠤ ᠦᠭᠡᠢ ︔ ᠨᠡᠭᠡᠯᠡᠬᠡᠢ ᠪᠠᠨ ᠲᠦᠷᠭᠡᠨ ᠲᠠᠷᠤᠵᠤ᠂ ᠡᠭᠦᠳᠡ ᠴᠤᠩᠬᠤ ᠪᠠᠨ ᠨᠡᠬᠡᠭᠡᠨ᠎ᠡ᠃        ᠬᠤᠶᠠᠷ᠂ ᠴᠠᠬᠢᠯᠭᠠᠨ ᠬᠥᠳᠡᠯᠭᠡᠭᠦᠷᠲᠦ ᠲᠡᠷᠭᠡ ᠶᠢ ᠠᠰᠠᠷ ᠲᠤ ᠣᠷᠣᠭᠤᠯᠬᠤ ᠦᠭᠡᠶ        ᠠᠰᠠᠷ ᠤᠨ ᠭᠤᠳᠤᠮᠵᠢ ᠳᠤ ᠴᠠᠬᠢᠯᠭᠠᠨ ᠬᠥᠳᠡᠯᠭᠡᠭᠦᠷᠲᠦ ᠲᠡᠷᠭᠡ ᠵᠤᠭᠰᠠᠭᠠᠬᠤ ᠦᠭᠡᠢ ︔ ᠭᠠᠯ ᠤᠨ ᠠᠶᠤᠯ ᠭᠠᠷᠪᠠᠯ ᠠᠮᠢ ᠵᠢᠭᠤᠲᠠᠬᠤ ᠶᠢ ᠬᠠᠷᠰᠢᠯᠠᠨ᠎ᠠ︔ ᠴᠠᠬᠢᠯᠭᠠᠨ ᠬᠥᠳᠡᠯᠭᠡᠭᠦᠷᠲᠦ ᠲᠡᠷᠭᠡ ᠶᠢ ᠪᠢᠲᠡᠭᠡᠢ ᠥᠷᠥᠭᠡᠨ ᠳᠡᠭᠡᠨ ᠤᠷᠤᠭᠤᠯ᠂ ᠵᠢᠷᠤᠮᠵᠢᠯ ᠶᠤᠰᠤᠭᠠᠷ ᠴᠠᠬᠢᠯᠭᠠᠨ ᠴᠡᠨᠡᠭᠯᠡᠬᠦ ᠰᠠᠷᠠᠪᠴᠢᠨ ᠳᠤ ᠵᠤᠭᠰᠤᠭᠠᠨ᠎ᠠ᠃         ᠭᠤᠷᠪᠠ᠂ ᠲᠠᠮᠠᠬᠢᠨ ᠶᠤᠵᠤᠭᠤᠷ ᠢᠶᠠᠨ ᠳᠤᠷ᠎ᠠ ᠪᠠᠷ ᠬᠠᠶᠠᠬᠤ ᠦᠭᠡᠢ        ᠭᠡᠷ ᠲᠤ ᠪᠠᠨ ᠬᠡᠪᠳᠡᠭᠡ ᠪᠠᠷ ᠲᠠᠮᠠᠬᠢ ᠲᠠᠳᠠᠬᠤ ᠦᠭᠡᠢ︔ ᠤᠨᠳᠠᠬᠤ ᠠᠴᠠ ᠡᠮᠦᠨ᠎ᠡ ᠭᠠᠯ ᠤᠨ ᠡᠬᠢ ᠪᠠᠨ ᠤᠨᠳᠠᠷᠠᠭᠠᠨ᠎ᠠ︔ ᠲᠠᠮᠠᠬᠢ ᠶᠢᠨ ᠶᠤᠵᠤᠭᠤᠷ ᠢ ᠪᠠᠭ᠎ᠠ ᠭᠡᠵᠤ ᠪᠠᠰᠤᠵᠤ ᠪᠣᠯᠬᠤ ᠦᠭᠡᠢ᠂ ᠳᠤᠷ᠎ᠠ ᠪᠠᠷ ᠬᠠᠶᠠᠪᠠᠯ ᠭᠠᠯ ᠵᠤᠯᠭᠠᠵᠤ ᠮᠡᠳᠡᠨ᠎ᠡ᠃        ᠲᠦᠷᠪᠡ᠂ ᠭᠠᠯ ᠲᠣᠭᠤᠭᠠᠨ ᠤ ᠥᠷᠥᠭᠡᠨ ᠳᠤ ᠭᠠᠯ ᠬᠡᠷᠡᠭᠯᠡᠬᠦ ᠳᠡᠭᠡᠨ ᠬᠦᠮᠦᠨ ᠰᠠᠯᠵᠤ ᠪᠤᠯᠬᠤ ᠦᠭᠡᠢ        ᠬᠤᠭᠤᠯᠠ ᠪᠤᠳᠠᠭ᠎ᠠ ᠬᠢᠬᠦ ᠳᠡᠭᠡᠨ ᠬᠦᠮᠦᠨ ᠰᠠᠯᠵᠤ ᠪᠤᠯᠬᠤ ᠦᠭᠡᠢ︔ ᠤᠰᠤ ᠪᠤᠴᠠᠯᠭᠠᠵᠤ ᠱᠥᠯᠥ ᠬᠢᠬᠦ ᠳᠡᠭᠡᠨ ᠬᠠᠵᠠᠭᠤ ᠳᠤᠨᠢ ᠬᠠᠷᠠᠵᠤ ᠰᠠᠬᠢᠨ᠎ᠠ︔ ᠲᠣᠭᠤᠭᠠᠨ ᠭᠡᠷ ᠤᠨ ᠭᠬᠢᠷ ᠪᠤᠷᠲᠠᠭ ᠢ ᠪᠠᠶᠢᠩᠭᠤ ᠴᠡᠪᠡᠷᠯᠡᠨ᠎ᠡ︔ ᠲᠤᠷ᠎ᠠ ᠪᠠᠷ ᠶᠠᠭᠤᠮ᠎ᠠ ᠬᠡᠦᠮ᠎ᠡ ᠤᠪᠤᠭᠠᠯᠠᠬᠤ ᠦᠭᠡᠢ᠃       ᠲᠠᠪᠤ᠂  ᠭᠠᠯ ᠭᠠᠷᠪᠠᠯ 119 ᠨᠤᠮᠧᠷ ᠲᠤ ᠤᠳᠠᠰᠤᠳᠠᠨ᠎ᠠ        ᠭᠠᠯ ᠤᠨ ᠠᠶᠤᠯ ᠭᠠᠷᠪᠠᠯ ᠪᠠᠴᠢᠮᠳᠠᠵᠤ ᠰᠠᠨᠳᠤᠷᠬᠤ ᠦᠭᠡᠢ︔ ᠪᠠᠶᠢᠳᠠᠯ ᠢ ᠯᠠᠪᠳᠠᠭᠤᠨ ᠪᠣᠯᠭᠤᠮᠵᠢᠲᠠᠢ ᠶᠠᠷᠢᠨ᠎ᠠ︔ ᠤᠪᠤᠭ ᠨᠡᠷ᠎ᠡ ᠬᠠᠶ᠋ᠢᠭ ᠢᠶᠠᠨ ᠲᠤᠳᠤᠷᠬᠠᠢ ᠮᠡᠳᠡᠬᠦᠯᠦᠨ᠎ᠡ︔ ᠬᠡᠷᠡᠭ ᠤᠨ ᠲᠠᠯᠠᠪᠠᠢ ᠶᠢᠨ ᠵᠠᠮ ᠤᠨ ᠰᠠᠭᠠᠳ ᠦᠭᠡᠢ ᠨᠡᠪᠲᠡᠷᠡᠬᠦ ᠶᠢ ᠪᠠᠳᠤᠯᠠᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号