ᠴᠦᠩᠭᠦᠯ ᠤᠨ ᠭᠤᠤ ᠶᠢᠨ ᠤᠯᠤᠰ ᠤᠨ 4A ᠲᠡᠰ ᠤᠨ ᠵᠤᠭᠠᠴᠠᠯ ᠤᠨ ᠦᠵᠡᠮᠵᠢ ᠶᠢᠨ ᠤᠷᠤᠨ᠄ | ᠴᠦᠩᠭᠦᠯ ᠤᠨ ᠭᠤᠤ ᠶᠢᠨ ᠤᠯᠤᠰ ᠤᠨ 4A ᠲᠡᠰ ᠤᠨ ᠵᠤᠭᠠᠴᠠᠯ ᠤᠨ ᠦᠵᠡᠮᠵᠢ ᠶᠢᠨ ᠤᠷᠤᠨ ᠤ ᠪᠦᠬᠦ ᠤᠷᠳᠤ ᠨᠢ | 12.2 ᠺᠢᠯᠤᠮᠧᠲᠷ᠂ ᠦᠷᠭᠡᠨ ᠨᠢ 150 — 250 ᠮᠧᠲᠷ᠂ ᠭᠤᠤ ᠶᠢᠨ ᠲᠤᠮᠳᠡᠴᠢ ᠬᠦᠨ ᠨᠢ 80 ᠮᠧᠲᠷ | ᠬᠦᠷᠬᠦ ᠴᠤᠯᠤ ᠪᠠᠶᠢᠭᠠᠯᠢ ᠶᠢᠨ ᠦᠵᠡᠮᠵᠢᠳᠦ ᠵᠤᠭᠠᠴᠠᠨ ᠲᠤᠭᠤᠷᠢᠬᠤ ᠤᠷᠤᠨ ᠪᠤᠯᠤᠭᠰᠠᠨ ᠪᠠᠶᠢᠨ᠎ᠠ᠃ ᠠᠳᠡ ᠬᠦᠮᠦᠰ | ᠲᠤ ᠴᠦᠩᠭᠦᠯ ᠤᠨ ᠭᠤᠤ ᠶᠢᠨ ᠵᠤᠭᠠᠴᠠᠯ ᠤᠨ ᠤᠷᠤᠨ ᠤ ︽ᠬᠦᠪᠴᠢ ᠤᠢ ᠨᠠᠯᠠᠭᠠᠷᠡᠨ ᠬᠦᠬᠡ ᠲᠡᠭᠷᠢ ᠲᠠᠢ | ᠵᠠᠯᠭᠠᠯᠳᠤᠵᠦ᠂ ᠬᠦᠨ ᠭᠤᠤ ᠴᠡᠯᠬᠡᠷᠡᠵᠦ ᠭᠠᠵᠠᠷ ᠤᠨ ᠬᠦᠢᠰᠦ ᠳᠤ ᠨᠡᠪᠳᠡᠷᠡᠮᠤᠢ︾ ᠬᠡᠬᠦ ᠬᠠᠴᠢᠨ ᠭᠠᠶᠢᠬᠠᠮᠰᠢᠭᠳᠦ | ᠭᠠᠵᠠᠷ ᠤᠨ ᠭᠠᠳᠡᠷᠭᠤ ᠪᠠ ᠪᠠᠶᠢᠭᠠᠯᠢ ᠶᠢᠨ ᠦᠩᠭᠡ ᠦᠵᠡᠮᠵᠢ ᠶᠢ ᠲᠡᠯᠭᠡᠨ ᠦᠵᠡᠬᠦᠯᠵᠦ ᠪᠠᠶᠢᠬᠤ ᠪᠠᠷ ᠪᠠᠷᠠᠬᠤ ᠦᠭᠡᠢ | ᠂ ᠭᠤᠤ ᠲᠤᠳᠤᠷ᠎ᠡ ᠨᠢ ᠤᠷᠤᠪᠡᠯ ᠲᠡᠭᠷᠢ ᠶᠢ ᠪᠦᠷᠬᠦᠭᠰᠡᠨ ᠪᠠᠯᠡᠷ ᠤᠢ ᠲᠤᠳᠤᠷ᠎ᠡ ᠨᠢ ᠶᠠᠨ ᠱᠠᠨ ᠠᠭᠤᠯᠠ ᠨᠢᠷᠤᠭᠤ᠂ | ᠴᠠᠩ ᠪᠠᠢ ᠱᠠᠨ ᠠᠭᠤᠯᠠ ᠨᠢᠷᠤᠭᠤ ᠪᠤᠯᠤᠨ ᠦᠪᠦᠷ ᠮᠤᠩᠭᠤᠯ ᠤᠨ ᠦᠨᠳᠦᠷᠯᠢᠭ ᠭᠤᠷᠪᠡᠨ ᠤᠷᠤᠨ ᠤ ᠤᠷᠭᠤᠮᠠᠯ | ᠢᠶᠠᠷ ᠪᠦᠷᠢᠯᠳᠦᠭᠰᠡᠨ ᠤᠨᠴᠠᠭᠠᠢ ᠤᠷᠭᠤᠮᠠᠯ ᠤᠨ ᠬᠦᠢ ᠢ ᠤᠯᠵᠦ ᠬᠠᠷᠠᠨ᠎ᠠ︔ ᠭᠤᠤ ᠶᠢᠨ ᠬᠤᠶᠠᠷ ᠲᠠᠯ᠎ᠠ ᠶᠢᠨ ᠪᠡᠯ | ᠬᠦᠳᠦᠯ ᠠᠴᠠ ᠤᠨᠳᠤᠷᠤᠨ ᠤᠷᠤᠰᠬᠤ ᠲᠤᠭ᠎ᠠ ᠲᠤᠮᠰᠢ ᠦᠭᠡᠢ ᠤᠯᠠᠨ ᠪᠤᠯᠠᠭ ᠪᠤᠯᠤᠨ ᠪᠤᠯᠠᠭ ᠤᠨ ᠤᠷᠤᠰᠬᠠᠯ ᠢᠶᠠᠷ | ᠪᠦᠷᠢᠯᠳᠦᠭᠰᠡᠨ ᠬᠡᠵᠢᠶᠡᠳᠡ ᠲᠡᠳᠡᠷᠡᠰᠢ ᠦᠭᠡᠢ ᠮᠤᠷᠤᠯᠵᠢᠨ ᠤᠷᠤᠰᠬᠤ ᠭᠤᠤᠯ ᠭᠤᠷᠤᠬ᠎ᠠ ᠶᠢ ᠰᠤᠨᠢᠷᠠᠬᠨᠠ︔ | ᠰᠡᠳᠬᠢᠯ ᠲᠡᠨᠢᠢᠯᠬᠡᠮᠡ ᠰᠢᠨ᠎ᠡ ᠰᠤᠷᠭᠤᠭ ᠴᠡᠪᠡᠷ ᠠᠭᠠᠷ ᠪᠤᠯᠤᠨ ᠬᠦᠮᠦᠰ ᠤᠨ ᠴᠤᠭ ᠵᠤᠯᠢ ᠶᠢ ᠰᠡᠷᠬᠦᠬᠡᠮᠡ ᠵᠤᠨ ᠤ | ᠰᠡᠷᠢᠬᠦᠨ ᠠᠭᠤᠷ ᠠᠮᠢᠰᠬᠤᠯ ᠢ ᠠᠮᠢᠰᠬᠤᠯᠠᠨ᠎ᠠ︔ ᠶᠢᠷᠳᠢᠨᠴᠦ ᠶᠢᠨ ᠤᠯᠠᠭᠠᠨ ᠲᠤᠭᠤᠰᠤᠨ ᠠᠴᠠ ᠵᠠᠶᠢᠳᠠᠭᠰᠠᠨ ᠨᠠᠮ | ᠰᠡᠯᠡᠬᠦᠨ ᠪᠠ ᠶᠡᠭᠡ ᠪᠠᠶᠢᠭᠠᠯᠢ ᠤᠨ ᠬᠢᠵᠠᠭᠠᠯᠠᠰᠢ ᠦᠭᠡᠢ ᠭᠠᠶᠢᠬᠠᠮᠰᠢᠭ ᠢ ᠤᠯᠵᠦ ᠬᠠᠷᠠᠨ᠎ᠠ᠃ ᠵᠤᠭᠠᠴᠠᠭᠰᠡᠳ ᠲᠤ | ᠲᠦᠬᠦᠮ ᠦᠵᠡᠬᠦᠯᠦᠨ᠂ ᠪᠠᠶᠢᠭᠠᠯᠢ ᠶᠢᠨ ᠤᠷᠭᠤᠮᠠᠯ ᠤᠨ ᠬᠤᠴᠢᠯᠭ᠎ᠠ ᠶᠢ ᠬᠠᠮᠠᠭᠠᠯᠠᠬᠤ ᠶᠢᠨ ᠲᠤᠰᠡᠳᠡ᠂ | ᠬᠠᠮᠢᠶᠠᠷᠤᠯᠳᠡ ᠶᠢᠨ ᠰᠠᠯᠠᠭ᠎ᠠ ᠮᠦᠴᠢᠷ ᠨᠢ ᠨᠠᠷᠢᠯᠢᠭ ᠵᠢᠷᠦᠵᠦ ᠲᠦᠯᠦᠪᠯᠡᠭᠰᠡᠨ ᠵᠤᠭᠠᠴᠠᠯ ᠤᠨ ᠱᠤᠭᠤᠮ ᠤᠨ ᠬᠤᠶᠠᠷ | ᠦᠵᠦᠬᠦᠷ ᠲᠤᠨᠢ ᠮᠤᠳᠤ ᠴᠢᠯᠠᠭᠤ ᠪᠠᠷ ᠭᠤᠤ ᠳᠤ ᠤᠷᠤᠵᠦ ᠭᠠᠷᠬᠤ ᠬᠦᠬᠦᠷᠭᠡᠨ ᠵᠠᠮ ᠲᠡᠪᠢᠰᠴᠦ᠂ ᠭᠤᠤ ᠶᠢᠨ | ᠢᠷᠤᠭᠠᠷ ᠲᠤᠨᠢ ᠶᠡᠷᠦᠩᠭᠡᠢ ᠤᠷᠳᠤ ᠨᠢ 3000 ᠮᠧᠲᠷ ᠪᠦᠬᠦᠢ ᠮᠤᠷᠤᠶᠢᠯᠵᠢᠨ ᠲᠠᠬᠢᠷᠯᠠᠭᠰᠠᠨ ᠮᠤᠳᠤᠨ ᠵᠠᠮ | ᠲᠡᠪᠢᠰᠪᠡ᠃ ᠪᠠᠶᠢᠭᠠᠯᠢ ᠶᠢᠨ ᠦᠵᠡᠮᠵᠢ ᠶᠢᠨ ᠴᠢᠨᠡᠷ ᠲᠡᠰ ᠪᠤᠯᠤᠨ ᠤᠷᠮ᠎ᠠ ᠰᠡᠳᠬᠢᠯᠬᠡ ᠶᠢ ᠨᠡᠮᠡᠭᠳᠡᠬᠦᠯᠬᠦ ᠪᠠᠷ ᠡᠨᠡᠬᠦ | ᠵᠤᠷᠪᠤᠰ ᠶᠠᠪᠠᠭᠠᠨ ᠵᠤᠭᠠᠴᠠᠯ ᠤᠨ ᠱᠤᠭᠤᠮ ᠲᠡᠭᠡᠷ᠎ᠡ ᠪᠠᠨ ᠪᠠᠰᠡ ︽ᠡᠷ᠎ᠡ ᠡᠮ᠎ᠡ ᠮᠤᠳᠤ︾᠂ ︽ᠠᠬ᠎ᠠ ᠲᠡᠬᠦᠦ | ᠲᠠᠪᠤᠭᠤᠯᠠ︾᠂ ︽ᠭᠠᠳᠡ ᠮᠠᠶᠢᠷᠡᠨ ᠤ ᠴᠤᠪᠤᠭ᠎ᠠ︾᠂ ︽ᠪᠦᠷᠢᠶ᠎ᠡ ᠬᠤᠷᠤᠬᠠᠢ ᠶᠢᠨ ᠡᠪᠡᠷᠳᠦ ᠮᠤᠳᠤ︾ ︽ᠮᠤᠷᠢᠨ | ᠱᠤᠩ︾᠂ ︽ᠬᠡᠬᠡᠷ᠎ᠡ ᠶᠢᠨ ᠭᠠᠭ᠋ᠠᠢ ᠶᠢᠨ ᠴᠤᠩᠭᠢᠶᠠᠯ︾᠂ ︽ᠴᠠᠭᠠᠨ ᠮᠤᠭᠠᠢ ᠶᠢᠨ ᠠᠭᠤᠢ︾᠂ ︽ᠬᠦᠬᠡ ᠯᠤᠤᠳᠦ | ᠪᠤᠯᠠᠭ︾ ᠵᠡᠷᠬᠡ ᠦᠵᠡᠮᠵᠢ ᠶᠢᠨ ᠵᠢᠵᠢᠭ ᠴᠡᠭ ᠭᠠᠷᠭᠠᠵᠦ᠂ ᠡᠳᠡᠭᠡᠷ ᠦᠵᠡᠮᠵᠢ ᠶᠢᠨ ᠵᠢᠵᠢᠭ ᠴᠡᠭ ᠲᠡᠭᠡᠨ ᠬᠦᠮᠦᠰ | ᠤᠨ ᠰᠡᠳᠬᠢᠯ ᠢ ᠬᠦᠳᠡᠯᠬᠡᠮ᠎ᠡ ᠦᠯᠢᠬᠡᠷ ᠲᠤᠮᠤᠭ ᠬᠤᠤᠰᠯᠠᠭᠤᠯᠵᠦ᠂ ᠦᠵᠡᠵᠦ ᠰᠤᠨᠢᠷᠬᠠᠭᠴᠢᠳ ᠤᠨ ᠠᠩᠬᠠᠷᠤᠯ ᠢ | ᠲᠡᠳᠡᠵᠦ᠂ ᠰᠡᠳᠬᠢᠯ ᠢ ᠪᠠᠶᠠᠰᠬᠠᠵᠦ ᠪᠠᠶᠢᠨ᠎ᠠ᠃ ᠬᠠᠴᠢᠨ ᠭᠠᠶᠢᠬᠠᠯᠳᠡᠢ ᠭᠠᠵᠠᠷ ᠤᠨ ᠭᠠᠳᠠᠷᠭᠤ᠂ ᠪᠠᠯᠠᠷᠯᠢᠭ ᠰᠠᠶᠢᠬᠠᠨ | ᠪᠠᠶᠢᠭᠠᠯᠢ ᠶᠢᠨ ᠤᠷᠭᠤᠮᠠᠯ ᠤᠨ ᠬᠤᠴᠢᠯᠭ᠎ᠠ ᠨᠢ ᠬᠠᠷ᠎ᠡ ᠲᠡᠷᠢᠬᠦᠳᠡᠨ ᠠᠷᠬᠠᠶᠢᠯᠴᠠᠭᠰᠠᠨ ᠤᠷᠴᠢᠨ ᠳᠤ ᠠᠮᠢᠳᠦᠷᠠᠭᠠ | ᠤᠳᠤ ᠦᠶ᠎ᠡ ᠶᠢᠨ ᠬᠦᠮᠦᠰ ᠲᠤ ᠡᠴᠢᠨ᠎ᠡ ᠭᠠᠶᠢᠬᠠᠯᠳᠡᠢ ᠲᠦᠷᠦᠭᠳᠡᠯ ᠦᠭᠴᠦ᠂ ᠡᠬᠡ ᠪᠠᠶᠢᠭᠠᠯᠢ ᠳᠤ ᠪᠤᠴᠠᠭᠰᠠᠨ | ᠮᠡᠳᠦ ᠰᠠᠨᠠᠭᠳᠠᠭᠤᠯᠬᠤ ᠶᠢᠨ ᠬᠠᠮᠳᠤ ᠤᠵᠠᠭᠤᠷ ᠪᠤᠯᠪᠠᠰᠤᠨ ᠢ ᠰᠡᠷᠡᠭᠳᠡᠬᠦᠯᠤᠨᠡ᠃ |