ᠲᠤᠰ ᠰᠦᠮ᠎ᠡ ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ ᠠᠭᠤᠯᠠ ᠰᠤᠮᠤ ᠶᠢᠨ ᠱᠤᠩᠬᠤᠷ | ᠠᠭᠤᠯᠠ ᠶᠢᠨ ᠬᠤᠷᠮᠤᠢ ᠳᠤ ᠪᠠᠶᠢᠷᠢᠰᠢᠵᠦ ᠪᠠᠶᠢᠳᠠᠭ ᠪᠤᠯᠬᠤᠷ ᠪᠠᠰᠠ ᠱᠤᠩᠬᠤᠷ ᠰᠦᠮ᠎ᠡ ᠭᠡᠳᠡᠭ᠃ ᠴᠢᠩ ᠬᠦᠷᠦᠨ ᠤ | ᠡᠩᠭᠡ ᠠᠮᠤᠭᠤᠯᠠᠩ ᠤᠨ ᠠᠷᠪᠠ ᠶᠢᠰᠦᠳᠦᠭᠡᠷ ᠤᠨ ︵1680 ᠤᠨ︶ ᠳᠤ ᠪᠠᠶᠢᠭᠤᠯᠤᠭᠳᠠᠪᠠ᠃ ᠲᠤᠬᠠᠢ ᠶᠢᠨ | ᠦᠶᠡᠰ ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ ᠲᠦᠷᠦ ᠶᠢᠨ ᠵᠢᠶᠦ᠋ᠨ ᠸᠠᠩ ᠪᠤᠳᠠᠵᠠ ᠱᠤᠩᠬᠤᠷ | ᠠᠭᠤᠯᠠ ᠶᠢᠨ ᠪᠠᠷᠠᠭᠤᠨ ᠲᠠᠯ᠎ᠠ ᠳᠤ ᠱᠤᠩᠬᠤᠷ ᠰᠦᠮ᠎ᠡ ᠶᠢᠨ ᠬᠠᠮᠤᠭ ᠠᠩᠬᠠᠨ ᠤ ᠨᠢᠬᠡ ᠰᠠᠭᠤᠷᠢ ᠰᠦᠮ᠎ᠡ ᠶᠢ | ᠪᠠᠶᠢᠭᠤᠯᠵᠦ᠂ ᠰᠦᠮ᠎ᠡ ᠲᠤᠳᠤᠷ᠎ᠡ ᠲᠦᠷᠦ ᠶᠢᠨ ᠵᠢᠶᠦ᠋ᠨ ᠸᠠᠩ ᠤᠨ ᠬᠤᠷᠤᠭ᠎ᠠ ᠶᠢᠨ ᠲᠠᠬᠢᠵᠦ ᠪᠠᠶᠢᠭᠰᠠᠨ ᠪᠤᠷᠬᠠᠨ ᠤ | ᠬᠦᠷᠦᠭ ᠪᠤᠯᠤᠨ ᠬᠦᠬᠡᠬᠤᠳᠡ ᠶᠢᠨ ᠶᠡᠭᠡ ᠵᠤ ᠶᠢᠨ ᠰᠦᠮ᠎ᠡ ︵ᠴᠠᠭᠯᠠᠰᠢᠬᠦᠢ ᠰᠦᠮ᠎ᠡ︶ ᠠᠴᠠ ᠬᠤᠳᠡᠯᠳᠤᠨ | ᠠᠪᠴᠢᠷᠠᠭᠰᠠᠨ ᠪᠤᠷᠬᠠᠨ ᠤ ᠨᠤᠮ ︽ᠭᠠᠨᠵᠤᠤᠷ︾ ᠤᠨ ᠬᠠᠭᠤᠯᠤᠮᠠᠯ ᠢ ᠲᠠᠯᠪᠢᠨ ᠲᠡᠬᠢᠵᠦ ᠪᠠᠶᠢᠪᠠ᠃ ᠴᠢᠩ ᠬᠦᠷᠦᠨ | ᠤ ᠡᠩᠭᠡ ᠠᠮᠤᠭᠤᠯᠠᠩ ᠤᠨ ᠠᠩᠬᠠᠨ ᠤ ᠵᠢᠯ ᠠᠴᠠ ᠲᠤᠮᠳᠡᠳᠦ ᠢᠷᠬᠡᠨ ᠤᠯᠤᠰ ᠤᠨ ᠡᠬᠢ ᠬᠦᠷᠳᠡᠯ᠎ᠡ᠂ ᠱᠤᠩᠬᠤᠷ | ᠠᠭᠤᠯᠠ ᠶᠢᠨ ᠡᠷᠬᠢᠨ ᠲᠤᠭᠤᠷᠢᠨ ᠳᠤ ᠤᠷᠢᠳ ᠬᠤᠵᠢᠳ ᠶᠡᠭᠡ ᠪᠠᠭ᠎ᠠ ᠰᠦᠮ᠎ᠡ ᠬᠡᠶᠢᠳ ᠠᠷᠪᠠ ᠪᠠᠶᠢᠭᠤᠯᠵᠦ᠂ | ᠪᠠᠰᠠ ᠬᠡᠬᠡᠨ ᠤ ᠦᠷᠬᠦᠬᠡ ᠪᠤᠯᠤᠨ ᠰᠠᠩ ᠬᠦᠮᠦᠷᠭᠡ ᠵᠡᠷᠬᠡ ᠶᠢ ᠪᠠᠶᠢᠭᠤᠯᠵᠦ᠂ ᠨᠡᠶᠢᠳᠡ ᠶᠢᠰᠦ ᠶᠢᠰᠦ ᠨᠠᠶᠠᠨ ᠨᠢᠬᠡᠨ | ᠲᠠᠰᠤᠯᠭ᠎ᠠ ᠲᠠᠢ ᠪᠤᠯᠤᠨ ᠬᠦᠭᠵᠢᠵᠦ᠂ ᠬᠤᠷᠴᠢᠨ ᠤ ᠲᠠᠯ᠎ᠠ ᠨᠤᠳᠤᠭ ᠲᠡᠭᠡᠷᠡᠬᠢ ᠰᠦᠷᠯᠢᠭ ᠲᠤᠮᠤ ᠰᠦᠮ᠎ᠡ ᠶᠢᠨ | ᠬᠦᠷᠢᠶᠡᠯᠡᠩ ᠪᠤᠯᠵᠦ᠂ ᠦᠩᠭᠡ ᠦᠵᠡᠮᠵᠢ ᠰᠦᠷ ᠵᠢᠪᠬᠤᠭ᠎ᠠ ᠪᠠᠷ ᠢᠶᠠᠨ ᠪᠡᠬᠡᠵᠢᠩ ᠤᠨ ᠶᠦᠩ ᠾᠧ ᠭᠦᠩ ᠲᠠᠢ | ᠮᠦᠴᠡᠭᠡᠷᠭᠡᠨ ᠪᠠᠶᠢᠪᠠ᠃ | ᠱᠤᠩᠬᠤᠷ ᠰᠦᠮ᠎ᠡ ᠴᠢᠩ ᠬᠦᠷᠦᠨ ᠤ ᠲᠡᠭᠷᠢ ᠲᠡᠳᠬᠦᠭᠴᠢ ᠶᠢᠨ ᠤᠨ ᠤ ᠦᠶ᠎ᠡ ᠳᠤ ᠬᠠᠮᠤᠭ ᠪᠠᠳᠠᠷᠠᠨ | ᠬᠦᠭᠵᠢᠵᠦ᠂ 1300 ᠭᠠᠷᠤᠢ ᠯᠠᠮᠠ ᠲᠠᠢ ᠪᠠᠶᠢᠵᠦ᠂ ᠭᠡᠭᠡᠨ ᠠᠴᠠ ᠭᠠᠳᠠᠨ᠎ᠠ ᠠᠳᠡ ᠠᠴᠠ ᠲᠦᠷᠦᠯ ᠰᠤᠯᠢᠭᠰᠡᠨ | ᠬᠤᠪᠢᠯᠭᠠᠨ ᠬᠤᠳᠤᠭᠳᠦ 4 ᠭᠠᠷᠤᠭᠰᠠᠨ ᠪᠠᠶᠢᠨ᠎ᠠ᠃ |