ᠰᠡᠩᠭᠡᠷᠢᠨᠴᠢᠨ ᠸᠠᠩ ᠤᠨ ᠤᠷᠳᠤᠨ ᠤ ᠰᠡᠷᠬᠦᠭᠡᠨ ᠪᠠᠶᠢᠭᠤᠯᠬᠤ ᠲᠦᠷᠦᠯ ᠵᠦᠢᠯ ᠤᠨ ᠭᠤᠤᠯ ᠴᠤᠭᠴᠠ ᠶᠢᠨ ᠪᠠᠷᠢᠯᠭ᠎ᠠ ᠲᠠᠭᠤᠰᠪᠠ
ᠨᠡᠶᠢᠲᠡᠯᠡᠭᠰᠡᠨ ᠴᠠᠭ᠄
2019/12/30
         ᠰᠡᠩᠭᠡᠷᠢᠨᠴᠢᠨ ᠸᠠᠩ ᠤᠨ ᠤᠷᠳᠤᠨ ᠤ ᠰᠡᠷᠬᠦᠭᠡᠨ ᠪᠠᠶᠢᠭᠤᠯᠬᠤ         ᠲᠦᠷᠦᠯ ᠵᠦᠢᠯ ᠤᠨ ᠭᠤᠤᠯ ᠴᠤᠭᠴᠠ ᠶᠢᠨ ᠪᠠᠷᠢᠯᠭ᠎ᠠ ᠲᠠᠭᠤᠰᠪᠠ                              ᠵᠢᠷᠭᠠᠯᠠᠩ ᠪᠠᠯᠭᠠᠰᠤᠨ ᠳᠤ  ᠪᠠᠶᠢᠷᠢᠰᠢᠭ᠎ᠠ ᠶᠡᠷᠦᠩᠬᠡᠢ ᠪᠡᠯᠡ ᠤᠷᠤᠭᠤᠯᠤᠯᠳᠠ ᠨᠢ 4.3 ᠳ᠋ᠦᠩᠰᠢᠭᠤᠷ ᠲᠦᠭᠦᠷᠢᠭ᠂ 4 ᠲᠦᠮᠡᠨ ᠲᠡᠭᠰᠢ ᠲᠦᠷᠪᠡᠯᠵᠢᠨ ᠮᠧᠲᠷ ᠲᠠᠯᠠᠪᠠᠢ ᠪᠦᠬᠦᠢ ᠭᠠᠵᠠᠷ ᠡᠵᠡᠯᠡᠵᠥ᠂  ᠪᠠᠷᠢᠯᠭ᠎ᠠ ᠶᠢᠨ ᠲᠠᠯᠠᠪᠠᠢ ᠨᠢ 11788 ᠲᠡᠭᠰᠢ ᠲᠦᠷᠪᠡᠯᠵᠢᠨ ᠮᠧᠲᠷ ᠪᠤᠯᠬᠤ ᠰᠡᠩᠭᠡᠷᠢᠨᠴᠢᠨ ᠸᠠᠩ ᠤᠨ ᠤᠷᠳᠤᠨ ᠤ ᠰᠡᠷᠬᠦᠭᠡᠨ ᠪᠠᠶᠢᠭᠤᠯᠬᠤ ᠲᠦᠷᠦᠯ ᠵᠦᠢᠯ ᠤᠳᠤᠬᠠᠨ ᠳᠤ ᠨᠢᠭᠡᠨᠳᠡ 3 ᠳ᠋ᠦᠩᠰᠢᠭᠤᠷ ᠲᠦᠭᠦᠷᠢᠭ ᠪᠡᠯᠡ ᠤᠷᠤᠭᠤᠯᠵᠥ᠂  ᠭᠤᠤᠯ ᠴᠤᠭᠴᠠ ᠶᠢᠨ ᠪᠠᠷᠢᠯᠭ᠎ᠠ ᠲᠠᠭᠤᠰᠴᠦ᠂  ᠬᠦᠷᠢᠶ᠎ᠡ ᠬᠠᠰᠢᠶ᠎ᠠ ᠶᠢ ᠲᠡᠪᠢᠰᠬᠦ ᠠᠵᠢᠯ ᠴᠦ ᠲᠠᠭᠤᠰᠪᠠ᠃  ᠭᠡᠷ ᠤᠨ ᠲᠤᠳᠤᠨᠠᠬᠢ ᠵᠠᠰᠠᠯ ᠴᠢᠮᠡᠭᠯᠡᠯ ᠤᠨ ᠠᠵᠢᠯ ᠨᠢᠬᠡᠨᠳᠡ ᠡᠬᠢᠯᠡᠵᠥ᠂  ᠬᠦᠷᠢᠶ᠎ᠡ ᠬᠠᠰᠢᠶᠠᠨ ᠤ ᠲᠤᠳᠤᠨ᠎ᠠ ᠰᠢᠷᠦᠢ ᠪᠦᠭᠯᠡᠬᠦ᠂  ᠭᠠᠵᠠᠷ ᠲᠡᠭᠰᠢᠯᠡᠬᠦ ᠪᠠ ᠲᠡᠭᠳᠡᠷ ᠭᠠᠷᠠᠭᠠᠬᠤ ᠢᠨᠵᠧᠨᠧᠷᠢᠩ ᠲᠠᠭᠤᠰᠴᠦ᠂  ᠬᠤᠪᠤᠷ ᠴᠤᠬᠠᠭ ᠮᠤᠳᠤ ᠪᠠ ᠲᠤᠷᠤᠭ ᠪᠤᠳᠠᠯᠢᠭ ᠮᠤᠳᠤ ᠰᠢᠯᠵᠢᠬᠦᠯᠦᠨ ᠵᠠᠶᠢᠯᠠᠬᠤ ᠠᠵᠢᠯ ᠤᠨ 90% ᠶᠢ ᠪᠡᠶᠡᠯᠡᠬᠦᠯᠵᠥ᠂  ᠲᠠᠭᠠᠯᠳᠠ ᠲᠦᠭᠦᠭᠡᠷᠦᠮᠵᠢ ᠶᠢᠨ 75% ᠶᠢ ᠪᠠᠶᠢᠭᠤᠯᠵᠥ ᠲᠠᠭᠤᠰᠪᠠ᠃      ᠲᠠᠷᠠᠭ᠎ᠠ ᠠᠯᠬᠤᠮ ᠳᠤ ᠬᠤᠶᠢᠨᠠᠬᠢ ᠬᠤᠭᠤᠴᠠᠭᠠᠨ ᠤ ᠢᠨᠵᠧᠨᠧᠷᠢᠩ  ᠪᠤᠯᠬᠤ  ᠭᠡᠷ ᠤᠨ ᠲᠤᠳᠤᠨᠠᠬᠢ ᠶᠢ ᠵᠠᠰᠵᠥ ᠴᠢᠮᠡᠬᠦ ᠪᠠ ᠬᠠᠭᠤᠴᠢ ᠶᠢ ᠲᠡᠯᠭᠡᠨ ᠦᠵᠡᠬᠦᠯᠬᠦ᠂  ᠸᠠᠩ ᠤᠨ ᠤᠷᠳᠤᠨ ᠤ ᠦᠢᠯᠡᠴᠢᠯᠡᠭᠡᠨ ᠤ ᠤᠷᠤᠨ᠂ ᠠᠮᠢ ᠠᠬᠤᠢ ᠶᠢᠨ ᠴᠡᠴᠡᠷᠯᠢᠭ᠂  ᠰᠠᠭᠤᠬᠤ ᠭᠡᠷ᠂  ᠬᠤᠳᠠᠯᠳᠤᠭ᠎ᠠ᠂ ᠬᠡᠷᠡᠭᠯᠡᠭᠡ᠂ ᠰᠤᠶᠤᠯ᠂ ᠨᠠᠭᠠᠳᠤᠮ ᠴᠡᠩᠭᠡᠯ ᠢ ᠨᠢᠭᠡ ᠴᠤᠬᠴᠠᠵᠢᠭᠤᠯᠤᠬᠠᠰᠠᠨ ᠸᠠᠩ ᠤᠨ ᠤᠷᠳᠤᠨ ᠤ ᠠᠭᠤᠳᠠᠮ ᠲᠠᠯᠠᠪᠠᠢ ᠵᠡᠷᠭᠡ ᠶᠢ ᠪᠠᠭᠳᠠᠭᠠᠭᠰᠠᠨ ᠲᠦᠷᠦᠯ ᠵᠦᠢᠯ ᠢ ᠪᠦᠬᠦ ᠬᠦᠴᠦᠨ ᠢᠶᠠᠷ ᠭᠡᠷᠡᠭᠵᠢᠬᠦᠯᠬᠦ ᠪᠠᠷ ᠪᠠᠶᠢᠨ᠎ᠠ᠃                    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号