ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ | ᠲᠡᠦᠭᠡᠨ ᠳᠠᠬᠢ ᠴᠤᠤᠳᠦ ᠬᠦᠮᠦᠰ ᠤᠨ ᠲᠤᠰᠬᠠᠢ ᠨᠡᠮᠳᠡᠷ | | ᠮᠢᠩᠭᠠᠨ | | ᠮᠢᠩᠭᠠᠨ᠂ ᠲᠦᠷᠦᠵᠦ ᠦᠭᠦᠭᠰᠡᠨ ᠴᠠᠭ ᠦᠶ᠎ᠡ ᠨᠢ ᠲᠤᠳᠤᠷᠬᠠᠢ ᠦᠭᠡᠢ᠃ ᠪᠤᠷᠵᠢᠬᠢᠳ ᠤᠪᠤᠭᠳᠡᠨ᠂ ᠬᠤᠷᠴᠢᠨ | ᠠᠶᠢᠮᠠᠭ ᠤᠨ ᠠᠬᠠᠯᠠᠭᠴᠢ ᠶᠢᠨ ᠨᠢᠬᠡ ᠨᠢ ᠮᠥᠨ᠂ ᠶᠤᠸᠠᠨ ᠤᠯᠤᠰ ᠤᠨ ᠡᠪᠦᠭᠡ ᠬᠠᠭᠠᠨ ᠴᠢᠩᠭᠢᠰ ᠤᠨ ᠲᠡᠬᠦᠦ | ᠬᠠᠪᠤᠳᠦ ᠬᠠᠰᠡᠷ ᠤᠨ ᠠᠷᠪᠠᠨ ᠲᠤᠯᠤᠳᠤᠭᠠᠷ ᠦᠶ᠎ᠡ ᠶᠢᠨ ᠤᠮᠪᠤᠯᠤ ᠨᠢ ᠪᠤᠯᠤᠨ᠎ᠠ᠃ ᠮᠢᠩᠭᠠᠨ ᠪᠤᠯ ᠬᠤᠷᠴᠢᠨ | ᠠᠶᠢᠮᠠᠭ ᠤᠨ ᠲᠦᠷᠦᠬᠦᠦ ᠤᠤᠪᠠ ᠶᠢᠨ ᠦᠶᠡᠯᠢᠳ ᠠᠪᠠᠭ᠎ᠠ ᠨᠢ ᠪᠤᠯᠬᠤ ᠪᠦᠬᠡᠳ ᠮᠠᠩᠭᠤᠰ ︵ᠬᠤᠷᠴᠢᠨ ᠵᠡᠬᠦᠨ | ᠭᠠᠷᠤᠨ ᠲᠤᠮᠳᠡᠳᠦ ᠬᠤᠰᠢᠭᠤᠨ ᠤ ᠲᠠᠶᠢᠵᠢ ᠶᠢᠨ ᠲᠡᠭᠡᠳᠦᠰ︶᠂ ᠬᠤᠩᠭᠤᠷ ︵ᠬᠤᠷᠴᠢᠨ ᠵᠡᠬᠦᠨ ᠭᠠᠷᠤᠨ ᠡᠮᠦᠨᠡᠳᠦ | ᠬᠤᠰᠢᠭᠤᠨ ᠤ ᠲᠠᠶᠢᠵᠢ ᠶᠢᠨ ᠲᠡᠭᠡᠳᠦᠰ︶ ᠲᠠᠢ ᠲᠦᠷᠦᠭᠰᠡᠨ ᠠᠬ᠎ᠠ ᠲᠡᠬᠦᠦ᠂ ᠬᠤᠶᠠᠳᠤᠭᠠᠷ ᠨᠢ ᠪᠠᠶᠢᠵᠦ᠂ | ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ ᠲᠠᠶᠢᠵᠢ ᠶᠢᠨ ᠲᠡᠭᠡᠳᠦᠰ ᠨᠢ ᠪᠤᠯᠤᠨ᠎ᠠ᠂ ᠬᠤᠵᠢᠮ ᠤᠨ ᠬᠦᠮᠦᠰ | ᠲᠡᠬᠦᠨ ᠢ ᠮᠢᠩᠭᠠᠨ ᠲᠠᠷᠬᠠᠨ ᠪᠠᠭᠠᠳᠤᠷ ᠨᠤᠶᠠᠨ ᠭᠡᠵᠤ ᠲᠠᠭᠤᠳᠠᠳᠠᠭ᠃ | ᠮᠢᠩᠭᠠᠨ ᠤ ᠠᠮᠢᠳᠦᠷᠡᠵᠦ ᠪᠠᠶᠢᠭᠰᠡᠨ ᠴᠠᠭ ᠦᠶ᠎ᠡ ᠨᠢ ᠶᠠᠭ ᠰᠠᠶ᠋ᠢᠬᠠᠨ 16 ᠳ᠋ᠤᠭᠠᠷ ᠵᠠᠭᠤᠨ ᠤ ᠰᠡᠬᠦᠯᠴᠢ | ᠪᠤᠯᠤᠨ 17 ᠳ᠋ᠤᠭᠠᠷ ᠵᠠᠭᠤᠨ ᠤ ᠡᠬᠢ ᠪᠠᠶᠢᠵᠦ᠂ ᠮᠢᠩ ᠤᠨ ᠲᠦᠷᠦ ᠶᠢᠨ ᠨᠤᠶᠠᠷᠬᠠᠯ ᠢᠯᠵᠡᠷᠡᠵᠦ᠂ ᠮᠤᠩᠭᠤᠯ | ᠠᠶᠢᠮᠠᠭ ᠤᠨ ᠢᠵᠠᠭᠤᠷᠳᠡᠳ ᠤᠷᠳᠦ ᠬᠤᠭᠤᠴᠠᠭ᠎ᠠ ᠰᠡᠳᠡᠷᠡᠵᠦ᠂ ᠲᠤᠳᠤᠭᠠᠳᠦ ᠳᠠᠭᠠᠨ ᠬᠢᠮᠦᠷᠡᠯᠳᠦᠨ᠂ ᠬᠠᠷᠢᠯᠴᠠᠨ | ᠦᠵᠡᠯᠴᠡᠵᠦ ᠪᠠᠶᠢᠪᠠ︔ ᠵᠢᠶᠠᠨ ᠵᠸᠦ ᠶᠢᠨ ᠵᠦᠷᠴᠢᠨ ᠦᠨᠳᠦᠰᠦᠳᠡᠨ ᠮᠠᠨᠳᠦᠵᠦ᠂ ᠵᠦᠷᠴᠢᠨ ᠦᠨᠳᠦᠰᠦᠳᠡᠨ ᠤ ᠡᠯ᠎ᠡ | ᠠᠶᠢᠮᠠᠭ ᠢ ᠨᠢᠬᠡᠳᠭᠡᠨ᠂ ᠭᠤᠪᠢ ᠶᠢᠨ ᠡᠮᠦᠨᠡᠬᠢ ᠮᠤᠩᠭᠤᠯ ᠢ ᠡᠷᠬᠡᠰᠢᠶᠠᠯ ᠳᠡᠭᠡᠨ ᠤᠷᠤᠭᠤᠯᠤᠨ᠂ ᠮᠢᠩ ᠤᠨ ᠲᠦᠷᠦ | ᠶᠢ ᠲᠤᠪᠳᠦᠯᠵᠦ ᠪᠠᠶᠢᠭᠰᠠᠨ ᠴᠠᠭ ᠦᠶ᠎ᠡ ᠪᠤᠯᠤᠨ᠎ᠠ᠃ | ᠮᠢᠩ ᠤᠨ ᠲᠦᠷᠦ ᠶᠢᠨ ᠸᠠᠨ ᠯᠢ ᠶᠢᠨ ᠬᠤᠷᠢᠨ ᠨᠢᠬᠡᠳᠦᠭᠡᠷ ᠤᠨ ︵1593 ᠤᠨ︶ ᠤ ᠶᠢᠰᠦᠨ ᠰᠡᠷ᠎ᠡ ᠳᠤ᠂ | ᠬᠤᠷᠴᠢᠨ ᠠᠶᠢᠮᠠᠭ ᠤᠨ ᠵᠠᠷᠭᠤᠴᠢ ︵ᠶᠡᠭᠡ ᠰᠢᠬᠦᠭᠴᠢ︶ ᠮᠢᠩᠭᠠᠨ᠂ ᠤᠩᠭᠤᠳᠡᠢ ᠪᠤᠯᠤᠨ ᠮᠠᠩᠭᠤᠰ ᠲᠠᠢ ᠬᠠᠮᠳᠤ | ᠨᠢᠬᠡ ᠲᠦᠮᠡᠨ ᠮᠤᠩᠭᠤᠯ ᠮᠤᠷᠢᠳᠦ ᠴᠡᠷᠢᠭ ᠢ ᠲᠠᠭᠠᠭᠤᠯᠤᠨ ᠶᠡᠭᠡ᠂ ᠬᠠᠳᠡ᠂ ᠠᠭᠤᠯᠠ᠂ ᠾᠦᠢ ᠹᠠ᠂ ᠬᠤᠷᠴᠢᠨ | ᠮᠤᠩᠭᠤᠯ᠂ ᠰᠢᠪᠡᠭᠡ᠂ ᠭᠤᠤᠯᠴᠠ᠂ ᠵᠦᠱᠯᠢ᠂ ᠨᠠᠶᠠᠨ ᠶᠢᠰᠦᠨ ᠠᠶᠢᠮᠠᠭ ︵ᠪᠠᠰᠠ ᠶᠢᠰᠦᠨ ᠤᠯᠤᠰ ᠭᠡᠳᠡᠭ︶ | ᠵᠢᠶᠠᠨ ᠵᠸᠦ ᠳᠤ ᠨᠤᠷᠬᠠᠴᠢ ᠶᠢ ᠲᠤᠪᠳᠤᠯᠬᠤ ᠲᠠᠶᠢᠨ ᠳᠤ ᠤᠷᠤᠯᠴᠠᠭᠠᠳ ᠲᠡᠶᠢᠯᠦᠭᠳᠡᠪᠠ᠃ ᠲᠠᠷᠠᠭ᠎ᠠ ᠵᠢᠯ ᠨᠢ | ᠮᠢᠩᠭᠠᠨ ᠵᠢᠶᠠᠨ ᠵᠸᠦ ᠳᠤ ᠡᠯᠴᠢ ᠲᠤᠮᠢᠯᠠᠨ ᠨᠤᠷᠬᠠᠴᠢ ᠲᠠᠢ ᠡᠪᠰᠡᠪᠡ᠃ | ᠸᠠᠨ ᠯᠢ ᠶᠢᠨ ᠲᠦᠴᠢᠳᠤᠭᠡᠷ ᠤᠨ ︵1612 ᠤᠨ︶ ᠳᠤ᠂ ᠨᠤᠷᠬᠠᠴᠢ ᠮᠢᠩᠭᠠᠨ ᠤ ᠦᠬᠢᠨ ᠪᠤᠷᠵᠢᠬᠢᠨ | ᠤᠪᠤᠭᠳᠦ ᠶᠢ ᠤᠬᠠᠭᠠᠨ ᠲᠠᠢ ᠮᠡᠷᠬᠡᠨ ᠭᠡᠵᠤ ᠰᠤᠨᠤᠰᠤᠭᠠᠳ ᠡᠯᠴᠢ ᠲᠤᠮᠢᠯᠠᠨ ᠪᠡᠯᠡᠭ ᠬᠦᠷᠭᠡᠯᠭᠡᠪᠡ᠃ ᠮᠢᠩᠭᠠᠨ | ᠦᠬᠢᠨ ᠢᠶᠠᠨ ᠬᠦᠷᠬᠡᠨ ᠢᠷᠡᠭᠰᠡᠨ ᠳᠤ ᠨᠤᠷᠬᠠᠴᠢ ᠦᠪᠡᠷ ᠤᠨ ᠪᠡᠶ᠎ᠡ ᠪᠠᠷ ᠢᠶᠠᠨ ᠬᠦᠨᠳᠦ ᠪᠠᠷ ᠤᠭᠳᠤᠨ ᠠᠪᠴᠦ᠂ | ᠶᠡᠭᠡ ᠬᠤᠷᠢᠮ ᠲᠠᠯᠪᠢᠨ ᠮᠢᠩᠭᠠᠨ ᠤ ᠦᠬᠢᠨ ᠲᠠᠢ ᠤᠷᠤᠭ ᠪᠠᠷᠢᠯᠳᠦᠨ᠂ ᠹᠦᠵᠢᠨ ᠬᠠᠳᠦᠨ ᠡᠷᠬᠦᠮᠵᠢᠯᠡᠪᠡ᠃ | ᠸᠠᠨ ᠯᠢ ᠶᠢᠨ ᠲᠦᠴᠢᠨ ᠲᠡᠪᠤᠳᠤᠭᠠᠷ ᠤᠨ ︵1617 ᠤᠨ︶ ᠤ ᠴᠠᠭᠠᠨ ᠰᠡᠷ᠎ᠡ᠂ ᠮᠢᠩᠭᠠᠨ ᠪᠠᠶ᠎ᠠ ᠪᠠᠷ | ᠢᠶᠠᠨ ᠵᠢᠶᠠᠨ ᠵᠧᠦ ᠳᠤ ᠬᠦᠷᠴᠦ ᠨᠤᠷᠬᠠᠴᠢ ᠲᠠᠢ ᠠᠭᠤᠯᠵᠠᠪᠠ᠃ ᠨᠤᠷᠬᠠᠴᠢ ᠬᠠᠳᠡᠮ ᠠᠪᠤ ᠪᠠᠨ ᠢᠷᠡᠬᠦ ᠶᠢ | ᠰᠤᠨᠤᠰᠤᠭᠠᠳ ᠤᠯᠠᠨ ᠬᠠᠳᠤᠨ ᠪᠤᠯᠤᠨ ᠬᠦᠪᠡᠬᠦᠳ ᠢᠶᠠᠨ ᠲᠠᠭᠠᠭᠤᠯᠤᠨ ᠬᠤᠳᠡ ᠠᠴᠠ ᠵᠠᠭᠤᠨ ᠭᠠᠵᠠᠷ ᠤᠨ ᠠᠯᠤᠰ | ᠠᠴᠠ ᠤᠭᠳᠤᠨ᠂ ᠮᠤᠷᠢᠨ ᠲᠡᠭᠡᠷ᠎ᠡ ᠠᠴᠠ ᠶᠤᠰᠤ ᠭᠦᠢᠴᠡᠳᠭᠡᠵᠦ᠂ ᠬᠡᠬᠡᠷ᠎ᠡ ᠬᠤᠷᠢᠮ ᠤᠨ ᠰᠢᠷᠡᠭᠡ ᠵᠠᠰᠠᠨ ᠵᠠᠮ ᠤᠨ | ᠴᠢᠯᠡᠭᠡ ᠶᠢ ᠨᠢ ᠲᠠᠶᠢᠯᠵᠦ ᠦᠭᠭᠦᠭᠰᠡᠨ ᠪᠠᠶᠢᠨ᠎ᠠ᠃ ᠮᠢᠩᠭᠠᠨ ᠠᠷᠪᠠᠨ ᠲᠡᠮᠡᠭᠡ᠂ ᠵᠠᠭᠤᠨ ᠮᠤᠷᠢ᠂ ᠵᠠᠭᠤᠨ ᠦᠬᠡᠷ | ᠬᠦᠬᠡᠬᠡᠵᠦ᠂ ᠪᠠᠰᠠ ᠢᠰᠡᠬᠡᠢ᠂ ᠠᠷᠪᠠᠨ ᠭᠤᠷᠪᠡᠨ ᠲᠡᠷᠭᠡ ᠪᠤᠷᠴᠠ᠂ ᠬᠤᠶᠠᠷ ᠲᠡᠷᠭᠡ ᠰᠦᠨ ᠪᠤᠭᠤᠷᠰᠤᠭ ᠪᠤᠯᠤᠨ | ᠰᠢᠷ᠎ᠡ ᠲᠤᠰᠤ ᠲᠡᠭᠡᠭᠡᠪᠦᠷᠢᠯᠡᠨ ᠢᠷᠡᠵᠦ ᠨᠤᠷᠬᠠᠴᠢ ᠳᠤ ᠪᠡᠯᠡᠭᠯᠡᠪᠡ᠃ ᠮᠢᠩᠭᠠᠨ ᠢ ᠬᠤᠳᠡ ᠳᠠᠭᠠᠨ ᠠᠪᠴᠦ | ᠤᠷᠤᠭᠰᠠᠨ ᠤ ᠲᠠᠷᠠᠭ᠎ᠠ᠂ ᠨᠤᠷᠬᠠᠴᠢ ᠡᠳᠦᠷ ᠪᠦᠷᠢ ᠶᠡᠭᠡ ᠪᠠᠭ᠎ᠠ ᠬᠤᠷᠢᠮ ᠲᠠᠯᠪᠢᠨ ᠵᠤᠴᠢᠯᠡᠵᠦ᠂ ᠨᠢᠬᠡ ᠰᠡᠷ᠎ᠡ | ᠰᠠᠭᠤᠯᠭᠠᠪᠠ᠃ ᠮᠢᠩᠭᠠᠨ ᠢ ᠪᠤᠴᠠᠬᠤ ᠦᠶᠡᠰ᠂ ᠨᠤᠷᠬᠠᠴᠢ ᠭᠤᠴᠢᠨ ᠭᠠᠵᠠᠷ ᠬᠤᠯᠡ ᠭᠠᠷᠳᠡᠯᠡ ᠮᠤᠷᠳᠠᠭᠤᠯᠤᠨ᠂ | ᠲᠦᠴᠢᠨ ᠡᠷᠦᠬᠡ ᠠᠯᠪᠠᠳᠦ᠂ ᠲᠦᠴᠢᠨ ᠬᠤᠤᠰ ᠬᠤᠶᠠᠭ ᠪᠤᠯᠤᠨ ᠶᠡᠭᠡ ᠤᠯᠠᠨ ᠲᠤᠷᠭ᠎ᠠ ᠲᠤᠷᠳᠤᠩ ᠵᠡᠷᠭᠡ ᠡᠳ᠋ | ᠪᠤᠳᠡᠰ ᠪᠡᠯᠡᠭᠯᠡᠪᠡ᠃ ᠮᠢᠩᠭᠠᠨ ᠪᠤᠴᠠᠭᠠᠳ ᠲᠡᠮᠡᠢ ᠤᠳᠠᠭᠰᠠᠨ ᠦᠭᠡᠢ ᠨᠠᠰᠤ ᠪᠠᠷᠠᠪᠠ᠃ | ᠮᠢᠩᠭᠠᠨ ᠤ ᠶᠡᠭᠡ ᠬᠦᠪᠡᠬᠦᠨ ᠳ᠋ᠦᠩᠭᠦᠷ ᠢᠯᠳᠦᠴᠢ ᠴᠡᠷᠢᠭ ᠤᠨ ᠭᠠᠪᠢᠶ᠎ᠠ ᠪᠠᠶᠢᠭᠤᠯᠤᠭᠠᠳ ᠴᠢᠩ ᠤᠯᠤᠰ ᠤᠨ | ᠲᠠᠶᠢᠽᠦ᠋ᠩ ᠤᠨ ᠡᠬᠢᠨ ᠤ ᠤᠨ ︵1636 ᠤᠨ︶ ᠳᠤ ᠲᠦᠷᠦ ᠳᠤ ᠲᠦᠰᠢᠶ᠎ᠡ ᠬᠦᠩ ᠡᠷᠬᠦᠮᠵᠢᠯᠡᠭᠳᠡᠵᠦ᠂ ᠲᠡᠬᠦᠨ | ᠤ ᠠᠪᠠᠭ᠎ᠠ ᠬᠤᠩᠭᠤᠷ ︵ᠪᠢᠩᠳᠦ ᠵᠢᠶᠦ᠋ᠨ ᠸᠠᠩ︶ ᠲᠠᠢ ᠪᠠᠨ ᠨᠢᠬᠡ ᠬᠤᠰᠢᠭᠤᠨ ᠳᠤ ᠨᠤᠳᠤᠭᠯᠠᠨ᠂ 1643 ᠤᠨ | ᠳᠤ ᠨᠠᠰᠤ ᠪᠠᠷᠠᠪᠠ᠃ 1648 ᠤᠨ ᠳᠤ ᠲᠦᠷᠦ ᠶᠢᠨ ᠪᠡᠶᠢᠯᠡ ᠪᠠᠷ ᠨᠡᠬᠡᠮᠵᠢᠯᠡᠨ ᠡᠷᠬᠦᠮᠵᠢᠯᠡᠭᠳᠡᠵᠦ᠂ ᠲᠡᠬᠦᠨ ᠤ | ᠬᠦᠪᠡᠬᠦᠨ ᠵᠠᠩᠭᠢᠯᠦᠨ ᠢ ᠦᠶ᠎ᠡ ᠵᠠᠯᠭᠠᠮᠵᠢᠯᠠᠭᠤᠯᠪᠠ᠃ ᠡᠶᠡᠪᠡᠷ ᠵᠠᠰᠠᠭᠴᠢ ᠶᠢᠨ ᠲᠤᠯᠤᠳᠤᠭᠠᠷ ᠤᠨ ︵1650 ᠤᠨ | ︶ ᠳᠤ᠂ ᠴᠢᠩ ᠤᠨ ᠲᠦᠷᠦ ᠮᠢᠩᠭᠠᠨ ᠤ ᠭᠠᠪᠢᠶ᠎ᠠ ᠶᠢ ᠲᠤᠷᠠᠰᠴᠦ᠂ ᠲᠡᠬᠦᠨ ᠤ ᠤᠮᠪᠤᠯᠤ ᠲᠦᠷᠦ ᠶᠢᠨ ᠪᠡᠶᠢᠯᠡ | ᠵᠠᠩᠭᠢᠯᠦᠨ ᠢ ᠲᠦᠷᠦ ᠶᠢᠨ ᠵᠢᠶᠦ᠋ᠨ ᠸᠠᠩ ᠡᠷᠬᠦᠮᠵᠢᠯᠡᠨ᠂ ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ | ᠬᠤᠰᠢᠭᠤ ᠵᠠᠰᠠᠭ ᠪᠤᠯᠭᠠᠵᠦ᠂ ᠦᠶ᠎ᠡ ᠵᠠᠯᠭᠠᠮᠵᠢᠯᠠᠬᠤ ᠪᠠᠷ ᠵᠠᠷᠯᠢᠭ ᠪᠠᠭᠤᠯᠭᠠᠪᠠ᠃ | ᠮᠢᠩᠭᠠᠨ ᠠᠷᠪᠠᠨ ᠭᠤᠷᠪᠡᠨ ᠬᠦᠪᠡᠬᠦᠨ ᠲᠠᠢ᠂ ᠲᠡᠬᠦᠨ ᠤ ᠲᠤᠳᠤᠷ᠎ᠡ ᠭᠤᠷᠪᠡᠨ ᠬᠦᠪᠡᠬᠦᠨ ᠨᠢ ᠬᠦᠪᠡᠬᠦᠨ | ᠦᠭᠡᠢ᠂ ᠪᠤᠰᠤᠳ ᠠᠷᠪᠠᠨ ᠬᠦᠪᠡᠬᠦᠨ ᠨᠢ ᠨᠠᠢᠮᠠᠨ ᠨᠤᠳᠤᠭ ᠪᠤᠯᠤᠨ ᠬᠤᠶᠠᠷ ᠠᠶᠢᠮᠠᠭ ᠢ ᠬᠤᠪᠢᠶᠠᠨ ᠵᠠᠬᠢᠷᠴᠦ᠂ | ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ ᠡᠯ᠎ᠡ ᠭᠠᠵᠠᠷ ᠢᠶᠠᠷ ᠨᠡᠬᠦᠳᠡᠯᠯᠡᠨ ᠮᠠᠯᠵᠢᠵᠦ ᠪᠠᠶᠢᠪᠠ᠃ | | | ᠢᠷᠡᠯᠳᠡ — ︽ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ ᠤᠶᠢᠯᠠᠯᠭ᠎ᠠ︾ | | | | |