| ᠮᠣᠩᠭᠤᠯ ᠦᠨᠳᠦᠰᠦᠲᠡᠨ ᠤ ᠰᠤᠷ ᠬᠠᠷᠪᠤᠯᠲᠠ | | ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠳᠤ ᠴᠠᠭᠠᠰᠤᠨ ᠬᠠᠶᠢᠴᠢᠯᠠᠮᠠᠯ᠂ ᠮᠣᠩᠭᠤᠯ | ᠦᠨᠳᠦᠰᠦᠲᠡᠨ ᠤ ᠰᠤᠷ ᠬᠠᠷᠪᠤᠯᠲᠠ᠂ ᠬᠡ ᠤᠭᠠᠯᠵᠠ᠂ ᠬᠤᠪᠴᠠᠰᠤ ᠵᠠᠰᠠᠯ ᠤᠨ ᠤᠷᠠᠯᠠᠯ ᠪᠠ ᠬᠤᠯᠤ | ᠰᠡᠶᠢᠯᠦᠮᠡᠯ ᠤᠨ ᠤᠷᠠᠯᠠᠯ ᠵᠡᠷᠭᠡ ᠬᠤᠷᠢᠨ ᠳᠥᠷᠪᠡᠨ ᠵᠦᠢᠯ ᠤᠨ ᠬᠤᠰᠢᠭᠤᠨ ᠲᠠᠰ ᠤᠨ ᠪᠣᠳᠠᠰ ᠤᠨ ᠪᠤᠰᠤ | ᠰᠣᠶᠣᠯ ᠤᠨ ᠥᠪ ᠤᠨ ᠲᠥᠷᠥᠯ ᠵᠦᠢᠯ ᠪᠣᠶ᠃ ᠡᠲᠡᠭᠡᠷ ᠡᠯᠪᠡᠭ ᠪᠠᠶᠠᠯᠢᠭ ᠦᠨᠳᠦᠰᠦᠲᠡᠨ ᠤ ᠰᠣᠶᠣᠯ ᠨᠢ | ᠬᠤᠷᠴᠢᠨ ᠤ ᠲᠠᠯ᠎ᠠ ᠨᠤᠲᠤᠭ ᠤᠨ ᠠᠷᠠᠳ ᠲᠦᠮᠡᠨ ᠤ ᠣᠶᠤᠨ ᠪᠢᠯᠢᠭ ᠤᠨ ᠣᠬᠢ ᠪᠦᠲᠦᠭᠡᠯ ᠪᠣᠯᠬᠤ ᠪᠠᠷ ᠪᠠᠷᠠᠬᠤ | ᠦᠭᠡᠢ᠂ ᠪᠠᠰᠠ ᠲᠡᠦᠬᠡ ᠶᠢᠨ ᠤᠨ ᠵᠢᠯ ᠳᠤ ᠠᠭᠤᠰᠴᠤ᠂ ᠳᠤᠮᠳᠠᠳᠤ ᠶᠢᠨ ᠰᠣᠶᠣᠯ ᠤᠨ ᠳᠤᠲᠠᠭᠳᠠᠵᠤ ᠪᠣᠯᠣᠰᠢ | ᠦᠭᠡᠢ ᠴᠢᠬᠤᠯᠠ ᠪᠦᠷᠢᠯᠳᠦᠭᠦᠨ ᠬᠡᠰᠡᠭ ᠪᠣᠯᠤᠭᠰᠠᠨ ᠪᠠᠶᠢᠨ᠎ᠠ᠃ | | | | ᠰᠤᠷ ᠬᠠᠷᠪᠤᠯᠲᠠ ᠪᠣᠯ ᠮᠣᠩᠭᠤᠯᠴᠤᠳ ᠤᠨ ᠤᠯᠠᠮᠵᠢᠯᠠᠯᠲᠤ ᠨᠠᠭᠠᠳᠤᠮ ᠤᠨ ᠶᠡᠭᠡ ᠬᠤᠷᠠᠯ ᠤᠨ ︽ᠡᠷ᠎ᠡ ᠶᠢᠨ | ᠭᠤᠷᠪᠠᠨ ᠨᠠᠭᠠᠳᠤᠮ︾ ᠤᠨ ᠨᠢᠭᠡ ᠵᠦᠢᠯ ᠪᠣᠯᠣᠨ᠎ᠠ᠃ ᠨᠡᠶᠢᠲᠡ ᠶᠢᠨ ᠣᠨ ᠲᠣᠭᠠᠯᠠᠯ ᠤᠨ 800 ᠭᠠᠷᠤᠢ ᠵᠢᠯ ᠤᠨ | ᠡᠮᠦᠨ᠎ᠡ᠂ ᠮᠣᠩᠭᠤᠯᠴᠤᠳ ᠤᠨ ᠠᠮᠢᠳᠤᠷᠠᠯ ᠢ ᠶᠡᠭᠡ ᠲᠥᠯᠥᠪ ᠨᠡᠭᠦᠳᠡᠯᠯᠡᠨ ᠮᠠᠯᠵᠢᠬᠤ ᠠᠵᠤ ᠠᠬᠤᠢ ᠪᠠ ᠠᠩ | ᠠᠩᠨᠠᠯ ᠤᠨ ᠠᠵᠤ ᠠᠬᠤᠢ ᠭᠡᠵᠦ ᠬᠤᠶᠠᠷ ᠵᠦᠢᠯ ᠳᠤ ᠬᠤᠪᠢᠶᠠᠵᠤ ᠪᠠᠶᠢᠵᠠᠢ᠃ ᠴᠢᠩᠭᠢᠰ ᠬᠠᠭᠠᠨ ᠮᠣᠩᠭᠤᠯ ᠢ | ᠨᠢᠭᠡᠳᠬᠡᠭᠰᠡᠨ ᠤ ᠳᠠᠷᠠᠭ᠎ᠠ᠂ ᠠᠩ ᠠᠩᠨᠠᠯ ᠤᠨ ᠠᠵᠤ ᠠᠬᠤᠢ ᠶᠢᠨ ᠠᠶᠢᠮᠠᠭ ᠤᠳ ᠠᠭᠠᠵᠢᠮ ᠢᠶᠠᠷ ᠨᠡᠭᠦᠳᠡᠯᠯᠡᠨ | ᠮᠠᠯᠵᠢᠬᠤ ᠠᠵᠤ ᠠᠬᠤᠢ ᠳᠤ ᠰᠢᠯᠵᠢᠭᠰᠡᠨ ᠪᠣᠯᠪᠠᠴᠤ᠂ ᠠᠩ ᠠᠩᠨᠠᠯ ᠤᠨ ᠬᠤᠭᠤᠴᠠᠭᠠᠨ ᠳᠤ ᠬᠤᠷᠠᠮᠳᠤᠭᠤᠯᠵᠤ | ᠢᠷᠡᠭᠰᠡᠨ ᠨᠤᠮᠤ ᠰᠤᠮᠤ ᠬᠠᠷᠪᠤᠬᠤ ᠴᠢᠳᠠᠪᠤᠷᠢ ᠪᠠᠨ ᠬᠠᠳᠠᠭᠠᠯᠠᠵᠤ᠂ ᠬᠠᠷᠢ ᠶᠢᠨ ᠳᠠᠶᠢᠰᠤᠨ ᠤ ᠲᠦᠷᠢᠮᠡᠬᠡᠶᠢᠯᠡᠯ ᠪᠠ | ᠵᠡᠷᠯᠢᠭ ᠠᠷᠢᠶᠠᠲᠠᠨ ᠤ ᠮᠠᠯ ᠰᠦᠷᠦᠭ ᠢ ᠭᠡᠨᠡᠳᠡᠭᠦᠯᠦᠨ ᠳᠠᠭᠠᠷᠢᠬᠤ ᠠᠴᠠ ᠰᠡᠷᠭᠡᠶᠢᠯᠡᠵᠦ᠂ ᠮᠠᠯ ᠣᠨᠤᠭ᠎ᠠ ᠦᠭᠡᠢ | ᠮᠠᠯᠴᠢᠳ ᠨᠤᠮᠤ ᠰᠤᠮᠤ ᠬᠠᠷᠪᠤᠬᠤ ᠪᠠᠷ ᠳᠠᠮᠵᠢᠨ ᠬᠡᠭᠡᠷ᠎ᠡ ᠶᠢᠨ ᠠᠮᠢᠲᠠᠨ ᠢ ᠠᠩᠨᠠᠵᠤ ᠠᠮᠢᠳᠤᠷᠠᠯ ᠢᠶᠠᠨ ᠠᠷᠭᠠᠴᠠᠳᠠᠭ | ᠪᠠᠶᠢᠪᠠ᠃ ᠡᠩ ᠤᠨ ᠦᠶ᠎ᠡ ᠶᠢᠨ ᠮᠤᠷᠢᠨ ᠳᠡᠭᠡᠷᠡᠬᠢ ᠬᠠᠷᠪᠤᠯᠲᠠ ᠨᠢ ᠮᠣᠩᠭᠤᠯ ᠦᠨᠳᠦᠰᠦᠲᠡᠨ ᠤ ᠠᠷᠠᠳ ᠲᠦᠮᠡᠨ ᠤ | ᠳᠤᠷ᠎ᠠ ᠪᠠᠬ᠎ᠠ ᠶᠢ ᠶᠡᠬᠡᠳᠡ ᠲᠠᠲᠠᠵᠤ᠂ ᠴᠢᠬᠤᠯᠠ ᠶᠡᠭᠡ ᠪᠠᠶᠠᠷ ᠳᠤᠷᠠᠰᠬᠠᠯ ᠤᠨ ᠡᠳᠦᠷ ᠪᠣᠯᠬᠤ ᠪᠦᠷᠢ ᠮᠤᠷᠢᠨ | ᠳᠡᠭᠡᠷᠡᠬᠢ ᠬᠠᠷᠪᠤᠯᠲᠠ ᠶᠢᠨ ᠠᠵᠢᠯᠯᠠᠭ᠎ᠠ ᠶᠠᠪᠤᠭᠳᠠᠭᠤᠯᠤᠨ᠂ ᠤᠳᠤ ᠪᠣᠯᠲᠠᠯ᠎ᠠ ᠦᠷᠬᠦᠯᠵᠢᠯᠡᠭᠰᠡᠭᠡᠷ ᠪᠠᠶᠢᠨ᠎ᠠ᠃ | | | 2021 ᠣᠨ ᠳᠤ᠂ ᠮᠣᠩᠭᠤᠯ ᠦᠨᠳᠦᠰᠦᠲᠡᠨ ᠤ ᠰᠤᠷ ᠬᠠᠷᠪᠤᠯᠲᠠ ᠨᠢ ᠭᠤᠷᠪᠠᠳᠤᠭᠠᠷ ᠪᠦᠯᠦᠭ ᠤᠨ | ᠬᠤᠰᠢᠭᠤᠨ ᠲᠠᠰ ᠤᠨ ᠪᠣᠳᠠᠰ ᠤᠨ ᠪᠤᠰᠤ ᠰᠣᠶᠣᠯ ᠤᠨ ᠥᠪ ᠤᠨ ᠬᠠᠮᠠᠭᠠᠯᠠᠯᠲᠠ ᠶᠢᠨ ᠨᠡᠷᠡᠰ ᠤᠨ ᠵᠢᠭᠰᠠᠭᠠᠯᠲᠠ ᠳᠤ | ᠵᠢᠭᠰᠠᠭᠠᠭᠳᠠᠪᠠ᠃ |