| | | ᠬᠠᠰᠠᠷ ᠤᠨ ᠦᠷᠡᠰ ᠨᠢ ᠡᠪᠦᠭᠡ ᠳᠡᠭᠡᠳᠦᠰ ᠤᠨ ᠢᠶᠠᠨ ᠦᠶ᠎ᠡ ᠤᠯᠠᠷᠢᠨ ᠨᠤᠲᠤᠭᠰᠢᠭᠰᠠᠭᠠᠷ ᠢᠷᠡᠭᠰᠡᠨ ᠬᠤᠪᠢ | ᠨᠤᠲᠤᠭ ᠪᠣᠯᠬᠤ ᠮᠠᠯᠵᠢᠯ ᠤᠨ ᠨᠣᠲᠤᠭ ᠲᠤ ᠪᠠᠨ ᠠᠮᠢᠳᠤᠷᠠᠨ ᠤᠷᠤᠰᠢᠵᠤ᠂ ᠬᠦᠮᠦᠨ ᠠᠮᠠ ᠨᠢ ᠦᠷᠡᠵᠢᠵᠦ | ᠤᠯᠠᠰᠢᠷᠠᠨ᠂ 1524 ᠣᠨ ᠤ ᠦᠶ᠎ᠡ ᠪᠣᠯᠬᠤ ᠳᠤ ᠭᠤᠷᠪᠠᠨ ᠲᠤᠮᠤ ᠰᠠᠯᠪᠤᠷᠢ ᠠᠶᠢᠮᠠᠭ ᠲᠤ ᠬᠤᠪᠢᠶᠠᠭᠳᠠᠨ | ᠰᠠᠯᠪᠤᠷᠢᠯᠠᠭᠳᠠᠪᠠ ᠭᠡᠳᠡᠭ᠃ ᠲᠤᠬᠠᠶᠢᠯᠠᠪᠠᠯ ᠨᠤᠨ ᠬᠤᠷᠴᠢᠨ ᠠᠶᠢᠮᠠᠭ᠂ ᠠᠷᠤ ᠮᠣᠩᠭᠤᠯ | ᠠᠶᠢᠮᠠᠭ᠂ ᠬᠤᠱᠤᠳ ᠠᠶᠢᠮᠠᠭ ᠪᠣᠯᠣᠨ᠎ᠠ᠃ ᠰᠡᠭᠦᠯᠡᠷ ᠨᠢ ᠡᠨᠡ ᠭᠤᠷᠪᠠᠨ ᠠᠶᠢᠮᠠᠭ ᠠᠴᠠ ᠲᠤᠰᠪᠦᠷᠢ ᠨᠤᠨ ᠬᠤᠷᠴᠢᠨ | ᠠᠷᠪᠠᠨ ᠬᠤᠰᠢᠭᠤ᠂ ᠠᠷᠤ ᠮᠣᠩᠭᠤᠯ ᠠᠶᠢᠮᠠᠭ ᠵᠢᠷᠭᠤᠭᠠᠨ ᠬᠤᠰᠢᠭᠤ᠂ ᠬᠤᠱᠤᠳ ᠠᠶᠢᠮᠠᠭ ᠬᠤᠷᠢᠨ ᠵᠢᠷᠭᠤᠭᠠᠨ | ᠬᠤᠰᠢᠭᠤ ᠰᠠᠯᠪᠦᠷᠢᠯᠠᠨ ᠭᠠᠷᠤᠭᠰᠠᠨ ᠪᠠᠶᠢᠨ᠎ᠠ᠃ ᠡᠭᠦᠨ ᠳᠠᠬᠢ ᠠᠷᠤ ᠮᠣᠩᠭᠤᠯ ᠠᠶᠢᠮᠠᠭ ᠤᠨ ᠵᠢᠷᠭᠤᠭᠠᠨ ᠬᠤᠰᠢᠭᠤ | ᠪᠣᠯ᠄ ᠠᠷᠤ ᠬᠤᠷᠴᠢᠨ ᠬᠤᠰᠢᠭᠤ᠂ ᠤᠷᠠᠳ ᠤᠨ ᠬᠤᠶᠢᠲᠤ ᠬᠤᠰᠢᠭᠤ᠂ ᠤᠷᠠᠳ ᠤᠨ ᠳᠤᠮᠳᠠᠳᠤ ᠬᠤᠰᠢᠭᠤ᠂ | ᠤᠷᠠᠳ ᠤᠨ ᠡᠮᠦᠨᠡᠲᠦ ᠬᠤᠰᠢᠭᠤ᠂ ᠳᠦᠷᠪᠡᠨ ᠬᠡᠦᠬᠡᠳ ᠤᠨ ᠬᠤᠰᠢᠭᠤ᠂ ᠮᠤᠤᠮᠢᠩᠭᠠᠨ ᠬᠤᠰᠢᠭᠤ ᠵᠡᠷᠭᠡ ᠪᠣᠯᠣᠨ᠎ᠠ᠃ | ᠬᠠᠰᠠᠷ ᠪᠣᠯᠣᠨ ᠰᠡᠭᠦᠯᠡᠷᠬᠢ ᠬᠡᠳᠦᠨ ᠵᠠᠭᠤᠨ ᠵᠢᠯ ᠤᠨ ᠲᠤᠷᠰᠢᠬᠢ ᠲᠡᠬᠦᠨ ᠤ ᠦᠷᠡᠰ ᠲᠤ ᠬᠠᠷᠢᠶᠠᠯᠠᠭᠳᠠᠭᠰᠠᠨ ᠣᠪᠣᠭ | ᠠᠶᠢᠮᠠᠭ ︵ᠬᠤᠰᠢᠭᠤ︶ ᠤᠳᠤᠬᠠᠨ ᠳᠤ ᠪᠠᠨ ᠳᠤᠮᠳᠠᠳᠤ ᠤᠯᠤᠰ ᠲᠠᠬᠢ ᠮᠤᠩᠭᠤᠯ ᠦᠨᠳᠦᠰᠦᠲᠡᠨ ᠤ ᠪᠦᠬᠦ ᠬᠦᠮᠦᠨ | ᠠᠮᠠ ᠶᠢᠨ ᠭᠤᠷᠪᠠᠨ ᠤ ᠬᠤᠶᠠᠷ ᠬᠤᠪᠢ ᠶᠢ ᠡᠵᠡᠯᠡᠵᠦ᠂ ᠬᠤᠷᠴᠢᠨ᠂ ᠵᠠᠯᠠᠶᠢᠳ᠂ ᠳᠦᠷᠪᠡᠳ᠂ ᠭᠤᠷᠯᠤᠰ᠂ ᠤᠷᠠᠳ᠂ | ᠮᠤᠤᠮᠢᠩᠭᠠᠨ᠂ ᠳᠦᠷᠪᠡᠨ ᠬᠡᠦᠬᠡᠳ᠂ ᠬᠤᠱᠤᠳ᠂ ᠠᠷᠤ ᠬᠤᠷᠴᠢᠨ ᠵᠡᠷᠭᠡ ᠪᠣᠯ ᠬᠠᠰᠠᠷ ᠤᠨ ᠦᠷᠡᠰ ᠤᠨ ᠭᠡᠷ | ᠲᠦᠷᠦᠯ ᠤᠨ ᠨᠣᠶᠠᠷᠬᠠᠯ ᠪᠠ ᠡᠵᠡᠮᠰᠢᠯ ᠳᠣᠣᠷᠠᠬᠢ ᠲᠤᠮᠤ ︽ᠠᠶᠢᠮᠠᠭ︾ ᠤᠳ ᠪᠣᠯᠣᠨ᠎ᠠ᠃ | ᠢᠷᠡᠯᠲᠡ᠄ ᠬᠤᠯᠪᠤᠭ᠎ᠠ ᠪᠦᠷᠬᠡ | |