ᠴᠤᠤᠳᠤ ᠬᠦᠮᠦᠰ ᠤᠨ ᠲᠤᠰᠬᠠᠢ ᠨᠠᠮᠳᠡᠷ  — ᠠᠮᠤᠷᠯᠢᠩᠭᠤᠢ
ᠨᠡᠶᠢᠲᠡᠯᠡᠭᠰᠡᠨ ᠴᠠᠭ᠄
2019/3/22
       ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ       ᠲᠡᠦᠭᠡᠨ ᠳᠠᠬᠢ ᠴᠤᠤᠳᠤ ᠬᠦᠮᠦᠰ ᠤᠨ ᠲᠤᠰᠬᠠᠢ ᠨᠠᠮᠳᠡᠷ               ᠠᠮᠤᠷᠯᠢᠩᠭᠤᠢ ︵1886 —1930 ᠤᠨ︶         ᠠᠮᠤᠷᠯᠢᠩᠭᠤᠢ᠂ ᠪᠡᠭᠡᠵᠢᠩ ᠤᠨ ᠪᠤᠳᠤᠯᠭᠠᠳᠦ ᠴᠢᠨ ᠸᠠᠩ ᠤᠨ ᠤᠷᠳᠤᠨ ᠳᠤ ᠲᠦᠷᠦᠪᠡ᠃ ᠰᠡᠩᠭᠡᠷᠢᠨᠴᠢᠨ ᠤ ᠲᠦᠷᠪᠡᠳᠦᠭᠡᠷ ᠦᠶ᠎ᠡ ᠶᠢᠨ ᠤᠮᠪᠤᠯᠤ᠂ ᠲᠡᠬᠦᠨ ᠤ ᠡᠴᠢᠬᠡ ᠨᠠᠷᠡᠰᠦ ᠴᠢᠩ ᠤᠨ ᠲᠦᠷᠦ ᠳᠤ ᠲᠦᠷᠦ ᠶᠢᠨ ᠪᠡᠶᠢᠯᠡ᠂ ᠲᠤᠳᠤᠭᠠᠳᠦ ᠶᠡᠭᠡ ᠲᠦᠰᠢᠮᠡᠯ ᠡᠷᠬᠦᠮᠵᠢᠯᠡᠭᠳᠡᠨ᠂ 1890 ᠤᠨ ᠳᠤ ᠨᠠᠰᠤ ᠪᠠᠷᠠᠪᠠ᠃     1891 ᠤᠨ ᠳᠤ᠂ ᠵᠢᠷᠭᠤᠭᠠᠨ ᠨᠠᠰᠤᠳᠡᠢ ᠳᠠᠭᠠᠨ ᠠᠮᠤᠷᠯᠢᠩᠭᠤᠢ ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ ᠵᠠᠰᠠᠭ ᠤᠨ ᠪᠤᠳᠤᠯᠭᠠᠳᠦ ᠴᠢᠨ ᠸᠠᠩ ᠤᠨ ᠬᠡᠷᠬᠡᠮ ᠢ ᠵᠠᠯᠭᠠᠮᠵᠢᠯᠠᠪᠠ᠃ ᠲᠠᠮᠠᠭᠠᠨ ᠶᠠᠪᠤᠳᠡᠯ ᠤᠨ ᠲᠤᠰᠠᠯᠠᠭᠴᠢ ᠦᠯᠵᠡᠢ ᠶᠢ ᠲᠤᠰᠠᠯᠠᠭᠴᠢ ᠲᠠᠶᠢᠵᠢ ᠶᠢᠨ ᠬᠠᠮᠠᠭᠠᠯᠠᠭᠴᠢ ᠪᠠᠷ ᠲᠤᠮᠢᠯᠠᠵᠦ᠂ ᠬᠤᠰᠢᠭᠤᠨ ᠤ ᠬᠡᠷᠡᠭ ᠢ  ᠡᠷᠬᠢᠯᠡᠬᠦᠯᠵᠦ ᠪᠠᠶᠢᠪᠠ᠃ ᠲᠡᠷᠡ ᠸᠠᠩ ᠤᠨ ᠰᠠᠭᠤᠷᠢᠨ ᠢ ᠵᠠᠯᠭᠠᠮᠵᠢᠯᠠᠭᠰᠠᠨ ᠤ ᠲᠠᠷᠠᠭ᠎ᠠ᠂ ᠸᠠᠩ ᠤᠨ ᠬᠤᠷᠤᠭ᠎ᠠ  ᠳᠠᠭᠠᠨ ᠪᠠᠭᠰᠢ ᠵᠠᠯᠠᠨ ᠪᠢᠴᠢᠭ ᠦᠵᠡᠵᠦ᠂ ᠮᠤᠩᠭᠤᠯ ᠬᠢᠳᠡᠳ ᠮᠠᠨᠵᠦ ᠬᠡᠯᠡ ᠶᠢ ᠠᠷᠪᠠᠭᠠᠳ ᠵᠢᠯ ᠰᠤᠷᠤᠯᠴᠠᠨ᠂ ᠨᠠᠶᠢᠷᠠᠭᠤᠯᠤᠯ᠂ ᠢᠷᠠᠭᠤ ᠨᠠᠶᠢᠷᠠᠭ ᠶᠢ ᠬᠦᠨᠵᠡᠬᠡᠢ ᠤᠶᠢᠯᠠᠭᠠᠨ᠂ ᠰᠢᠯᠦᠭ ᠲᠠᠭᠤᠯᠠᠯ ᠤᠷᠡᠨ ᠪᠢᠴᠢᠯᠭᠡ ᠳᠤ ᠴᠠᠭᠠᠷᠠᠪᠠ᠃ ᠠᠮᠤᠷᠯᠢᠩᠭᠤᠢ ᠲᠤᠮᠤ ᠪᠤᠯᠤᠭᠰᠠᠨ ᠤ ᠰᠡᠬᠦᠯᠡᠷ ᠬᠤᠰᠢᠭᠤ ᠵᠠᠰᠠᠭ ᠢ ᠬᠠᠮᠢᠶᠠᠷᠴᠦ᠂ ᠪᠠᠰᠠ ᠵᠠᠷᠯᠢᠭ ᠢᠶᠠᠷ ᠬᠠᠭᠠᠨ ᠤ ᠡᠮᠦᠨ᠎ᠡ ᠶᠠᠪᠤᠬᠤ ᠲᠦᠰᠢᠮᠡᠯ ᠪᠤᠯᠵᠦ᠂ ᠴᠦᠩ ᠸᠧᠨ ᠮᠧᠨ ᠬᠠᠭᠠᠯᠭ᠎ᠠ ᠶᠢᠨ ᠬᠢᠨᠠᠭᠴᠢ ᠶᠢᠨ ᠲᠤᠰᠢᠶᠠᠯ ᠢ ᠬᠠᠷᠢᠭᠤᠴᠠᠨ ᠂ ᠴᠢᠩ ᠤᠨ ᠲᠦᠷᠦ ᠳᠤ ᠬᠦᠨᠳᠦ ᠪᠠᠷ ᠬᠡᠷᠡᠭᠯᠡᠭᠳᠡᠵᠦ ᠪᠠᠶᠢᠪᠠ᠃     ᠠᠮᠤᠷᠯᠢᠩᠭᠤᠢ ᠵᠠᠯᠠᠭᠤ ᠳᠠᠭᠠᠨ ᠪᠡᠬᠡᠵᠢᠩ ᠬᠤᠳᠡᠨ ᠳᠤ ᠸᠧᠢ ᠰᠢᠨ ᠤ ᠬᠠᠤᠯᠢ ᠶᠢᠨ ᠦᠬᠡᠷᠡᠴᠢᠯᠡᠯᠳᠡ ᠶᠢᠨ ᠢᠯᠠᠭᠳᠡᠯ  ᠂ ᠢᠯᠠᠩᠭᠤᠶ᠎ᠡ ᠴᠢᠩ ᠤᠨ ᠲᠦᠷᠦ ᠬᠠᠷᠢ ᠶᠢᠨ ᠲᠦᠷᠢᠮᠡᠬᠡᠶᠢᠯᠡᠯ ᠲᠤᠷᠤᠮᠵᠢᠯᠡᠯ ᠳᠤ ᠤᠯᠠᠨᠳᠡ ᠤᠴᠠᠷᠡᠵᠦ ᠪᠠᠶᠢᠭᠰᠠᠨ ᠢ ᠨᠢᠳᠦ ᠪᠠᠷ ᠢᠶᠠᠨ ᠦᠵᠡᠬᠡᠳ᠂ ᠡᠳᠡᠭᠡᠷ ᠨᠢ ᠲᠤᠮᠳᠡᠳᠦ ᠤᠯᠤᠰ ᠤᠨ ᠰᠤᠷᠭᠠᠨ ᠬᠦᠮᠦᠵᠢᠯ᠂ ᠰᠢᠨᠵᠢᠯᠡᠬᠦ ᠤᠬᠠᠭᠠᠨ ᠬᠦᠭᠵᠢᠭᠰᠡᠨ ᠦᠭᠡᠢ᠂ ᠤᠯᠤᠰ ᠠᠷᠠᠳ ᠤᠨ ᠬᠡᠪ ᠴᠢᠨᠡᠷ ᠪᠠᠷᠤᠭᠳᠡᠢ ᠠᠴᠠ ᠪᠤᠯᠪᠠ ᠭᠡᠵᠤ ᠦᠵᠡᠵᠦ ᠪᠠᠶᠢᠪᠠ ᠃ ᠲᠡᠷᠡ ᠪᠠᠰᠠ ᠦᠪᠡᠷ ᠤᠨ ᠬᠤᠰᠢᠭᠤᠨ ᠤ ᠠᠷᠠᠳ ᠤᠨ ᠢᠶᠠᠨ ᠵᠦᠪᠬᠡᠨ ᠨᠡᠬᠦᠳᠡᠯᠯᠡᠨ ᠮᠠᠯᠵᠢᠵᠦ᠂ ᠲᠡᠷᠢᠶᠡᠯᠡᠨ᠂ ᠠᠩ ᠠᠪᠠ ᠬᠢᠵᠦ᠂ ᠰᠤᠶᠤᠯ ᠤᠨ ᠪᠠᠯᠠᠢ ᠪᠢᠳᠠᠭᠤ ᠮᠤᠩᠬᠠᠭ ᠤᠯᠠᠨ᠂  ᠮᠡᠳᠡᠯᠬᠡ ᠪᠤᠯᠪᠠᠰᠤᠷᠡᠯ ᠲᠠᠢ ᠨᠢ ᠴᠦᠬᠡᠨ ᠪᠠᠶᠢᠭ᠎ᠠ ᠲᠠᠢ ᠬᠤᠯᠪᠤᠨ ᠪᠤᠳᠤᠭᠠᠳ᠂ ᠪᠤᠳᠤᠯᠭᠠᠳᠦ ᠴᠢᠨ ᠸᠠᠩ ᠤᠨ ᠬᠤᠰᠢᠭᠤ ᠪᠠᠨ ᠮᠠᠨᠳᠤᠭᠤᠯᠬᠤ ᠪᠠᠷ ᠰᠤᠷᠭᠠᠨ ᠬᠦᠮᠦᠵᠢᠯ ᠤᠨ ᠦᠢᠯᠡᠰ ᠢ ᠬᠦᠭᠵᠢᠬᠦᠯᠬᠦ ᠶᠢ ᠰᠠᠨᠠᠪᠠ᠃ ᠠᠮᠤᠷᠯᠢᠩᠭᠤᠢ ᠸᠠᠩ ᠤᠨ ᠰᠠᠨᠠᠭᠠᠴᠢᠯᠠᠭ᠎ᠠ ᠲᠤᠤᠷ᠎ᠡ᠂ ᠪᠠᠳᠠᠷᠠᠭᠤᠯᠳᠦ ᠲᠦᠷᠦ ᠶᠢᠨ ᠭᠤᠴᠢᠨ ᠬᠤᠶᠠᠳᠤᠭᠠᠷ ᠤᠨ ︵1906 ᠤᠨ︶ ᠳᠤ ᠮᠠ ᠯᠠᠨ ᠲᠦᠨ ︵ᠤᠳᠤ ᠶᠢᠨ ᠯᠢᠶᠥᠥᠨᠢᠩ ᠮᠤᠵᠢ ᠶᠢᠨ ᠺᠠᠩ ᠫᠢᠩ ᠰᠢᠶᠠᠨ ᠤ ᠬᠠᠷᠢᠶ᠎ᠠ︶ ᠳᠤ ᠬᠤᠷᠴᠢᠨ ᠵᠡᠬᠦᠨ ᠭᠠᠷᠤ ᠬᠤᠶᠢᠳᠦ ᠬᠤᠰᠢᠭᠤᠨ ᠤ ᠠᠩᠬᠠᠳᠠᠭᠴᠢ ᠨᠢᠬᠡ ᠰᠠᠭᠤᠷᠢ ᠠᠯᠪᠠᠨ ᠤ ᠰᠤᠷᠭᠠᠭᠤᠯᠢ ᠪᠠᠶᠢᠭᠤᠯᠪᠠ᠂ ᠲᠤᠰ ᠰᠤᠷᠭᠠᠭᠤᠯᠢ ᠶᠢᠨ ᠵᠢᠩᠭᠢᠨᠢ ᠨᠡᠷ᠎ᠡ ᠨᠢ ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ ᠨᠢᠬᠡᠳᠦᠭᠡᠷ ᠪᠠᠭ᠎ᠠ ᠰᠤᠷᠭᠠᠭᠤᠯᠢ ᠪᠤᠯᠤᠨ᠎ᠠ᠃ ᠰᠤᠷᠤᠭᠴᠢᠳ ᠤᠨ ᠬᠤᠭᠤᠯᠠᠨ ᠰᠦᠢᠳᠭᠡᠯ᠂ ᠰᠤᠷᠤᠭᠴᠢ ᠶᠢᠨ ᠬᠤᠪᠴᠡᠰᠦ ᠶᠢᠨ ᠰᠦᠢᠳᠭᠡᠯ ᠢ ᠬᠤᠰᠢᠭᠤ ᠵᠠᠰᠠᠭ ᠤᠨ ᠲᠠᠷᠢᠶᠠᠨ ᠭᠠᠶᠢᠯᠢ ᠬᠤᠷᠢᠶᠠᠬᠤ ᠲᠤᠪᠴᠢᠶ᠎ᠡ ᠠᠴᠠ ᠦᠭᠴᠦ ᠪᠠᠶᠢᠪᠠ᠃ ᠠᠮᠤᠷᠯᠢᠩᠭᠤᠢ ᠸᠠᠩ ᠲᠤᠰ ᠰᠤᠷᠭᠠᠭᠤᠯᠢ ᠶᠢ ᠬᠠᠯᠠᠮᠵᠢᠯᠠᠵᠦ᠂ ᠭᠤᠶᠤᠴᠢᠯᠠᠭ᠎ᠠ ᠭᠠᠷᠭᠠᠭᠰᠠᠨ ᠰᠤᠷᠤᠭᠴᠢᠳ ᠢ ᠦᠪᠡᠷ ᠤᠨ ᠪᠡᠶ᠎ᠡ ᠪᠠᠷ ᠢᠶᠠᠨ ᠬᠦᠯᠢᠶᠠᠨ ᠠᠪᠴᠦ᠂ ᠰᠤᠷᠤᠭᠴᠢᠳ ᠤᠨ ᠲᠤᠰᠬᠠᠭᠰᠠᠨ ᠰᠠᠨᠠᠯ ᠢ ᠦᠨᠳᠦᠰᠦᠯᠡᠨ᠂ ᠰᠤᠷᠤᠭᠴᠢᠳ ᠤᠨ ᠬᠤᠭᠤᠯᠠᠨ ᠰᠦᠢᠳᠭᠡᠯ ᠢᠶᠠᠷ ᠬᠠᠷ᠎ᠡ ᠲᠠᠮᠠᠬᠢ ᠲᠠᠳᠡᠵᠦ ᠪᠠᠶᠢᠭᠰᠠᠨ ᠰᠤᠷᠭᠠᠭᠤᠯᠢ ᠶᠢᠨ ᠬᠡᠷᠡᠭ ᠮᠡᠳᠡᠭᠴᠢ ᠦᠯᠵᠡᠶᠢᠸᠠᠴᠢᠷ ᠢ ᠲᠤᠰᠢᠶᠠᠯ ᠠᠴᠠ ᠨᠢ ᠤᠭᠴᠠᠷᠠᠭᠤᠯᠵᠦ᠂ ᠪᠠᠰᠠ ᠬᠤᠰᠢᠭᠤ ᠵᠠᠰᠠᠭ ᠢ ᠵᠠᠷᠯᠢᠭᠳᠡᠨ ᠰᠤᠭᠤ ᠶᠢᠨ ᠪᠤᠯᠠᠭ ᠤᠨ ᠵᠤ ᠶᠢᠨ ᠸᠠᠩ ᠤᠨ ᠲᠡᠷᠢᠶ᠎ᠡ ᠶᠢᠨ 70 ᠠᠨᠵᠢᠰᠦ ᠲᠡᠷᠢᠶᠡᠨ  ᠤ ᠤᠷᠤᠯᠭ᠎ᠠ ᠶᠢ ᠲᠤᠰ ᠰᠤᠷᠭᠠᠭᠤᠯᠢ ᠳᠤ ᠦᠭᠴᠦ ᠬᠡᠷᠡᠭᠯᠡᠬᠦᠯᠪᠡ᠃ ᠲᠤᠰ ᠰᠤᠷᠭᠠᠭᠤᠯᠢ ᠨᠢ ᠬᠡᠰᠡᠭ ᠪᠤᠰᠠᠭ ᠲᠠᠰᠤᠯᠳᠡᠵᠦ ᠭᠤᠷᠪᠡᠨ ᠬᠤᠭᠤᠴᠠᠭ᠎ᠠ ᠡᠷᠬᠢᠯᠡᠭᠡᠳ᠂ 300 ᠰᠢᠬᠠᠮ ᠰᠤᠷᠤᠭᠴᠢ ᠬᠦᠮᠦᠵᠢᠬᠦᠯᠵᠦ᠂ ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ ᠰᠤᠶᠤᠯ ᠰᠤᠷᠭᠠᠨ ᠬᠦᠮᠦᠵᠢᠯ ᠤᠨ ᠦᠢᠯᠡᠰ ᠤᠨ ᠨᠡᠬᠡᠬᠡᠯᠳᠡ ᠳᠤ ᠬᠤᠪᠢ ᠨᠡᠮᠡᠬᠦᠷᠢ ᠦᠵᠡᠬᠦᠯᠦᠭᠰᠡᠨ ᠪᠠᠶᠢᠨ᠎ᠠ᠃     ᠴᠠᠭᠠᠭᠴᠢᠨ ᠭᠠᠭ᠋ᠠᠢ ᠵᠢᠯ ᠤᠨ ᠬᠤᠪᠢᠰᠬᠠᠯ ᠠᠴᠠ ᠰᠡᠬᠦᠯᠡᠷ᠂ ᠠᠷᠦ ᠮᠤᠩᠭᠤᠯ ᠤᠨ ᠵᠢᠭᠵᠦᠨᠳᠠᠮᠪᠠ ᠶᠢᠨ ᠪᠦᠯᠦᠭ  ᠤᠨ ︽ᠲᠤᠰᠠᠭᠠᠷ ᠲᠤᠭᠳᠠᠨᠢᠬᠤ︾ ᠬᠡᠷᠡᠭ ᠡᠬᠦᠰᠴᠦ᠂ ᠵᠢᠷᠢᠮ ᠤᠨ ᠴᠢᠭᠤᠯᠭᠠᠨ ᠤ ᠵᠠᠰᠠᠭᠳᠦ ᠸᠠᠩ ᠨᠤᠶᠠᠨ ᠤᠳᠡᠢ ︽ᠲᠤᠰᠠᠭᠠᠷ ᠲᠤᠭᠳᠠᠨᠢᠭᠰᠠᠨ︾ ᠢᠶᠠᠨ ᠲᠤᠩᠬᠠᠭᠯᠠᠨ ᠤᠷᠪᠡᠯᠭᠠᠨ ᠭᠠᠷᠭᠠᠵᠦ᠂ ᠮᠤᠩᠭᠤᠯ ᠬᠤᠰᠢᠭᠤᠨ ᠤ ᠬᠡᠰᠡᠭ ᠵᠠᠰᠠᠭ ᠪᠤᠯᠤᠨ ᠰᠤᠯᠠ ᠰᠡᠯᠡᠬᠦᠦ ᠸᠠᠩ ᠭᠦᠩ ᠨᠡᠷ ᠵᠠᠯᠭᠠᠪᠡᠷ ᠶᠡᠭᠡ ᠬᠦᠷᠢᠶ᠎ᠡ ︵ᠤᠳᠤ ᠶᠢᠨ ᠤᠯᠠᠭᠠᠨᠪᠠᠭᠠᠳᠤᠷ︶ ᠤᠷᠤᠭᠤ ᠴᠢᠭᠯᠡᠵᠦ᠂ ᠬᠦᠮᠦᠰ ᠤᠨ ᠰᠡᠳᠬᠢᠯ ᠰᠠᠮᠠᠭᠤᠷᠡᠨ᠂ ᠤᠯᠤᠰ ᠭᠡᠷ ᠬᠢᠮᠦᠷᠡᠯ ᠵᠠᠳᠡᠷᠡᠯ ᠳᠤ ᠤᠴᠠᠷᠠᠪᠠ᠃ ᠠᠮᠤᠷᠯᠢᠩᠭᠤᠢ ᠸᠠᠩ ᠪᠦᠬᠦᠳᠡ ᠨᠠᠶᠢᠷᠡᠮᠳᠠᠬᠤ ᠶᠢ ᠬᠦᠴᠦᠳᠡᠢ ᠲᠡᠮᠵᠢᠵᠦ᠂ ᠬᠠᠭᠠᠴᠠᠯ ᠵᠠᠳᠡᠷᠡᠯ ᠢ ᠡᠰᠡᠷᠬᠦᠴᠡᠨ᠂ ᠲᠤᠮᠳᠡᠳᠦ ᠢᠷᠬᠡᠨ ᠤᠯᠤᠰ ᠤᠨ ᠮᠤᠩᠭᠤᠯ ᠲᠦᠪᠡᠳ ᠤᠨ ᠲᠤᠪᠴᠢᠶ᠎ᠡ ᠳᠤ ᠴᠠᠬᠢᠯᠭᠠᠨ ᠮᠡᠳᠡᠭᠡ ᠢᠯᠡᠬᠡᠨ᠂ ︽ᠲᠤᠰ ᠬᠤᠰᠢᠭᠤᠨ ᠤ ᠪᠦᠬᠦᠳᠡ ᠤᠯᠠᠨ ᠦᠨᠡᠨᠴᠢ ᠰᠡᠳᠬᠢᠯ ᠢᠶᠠᠷ ᠤᠯᠤᠰ ᠲᠠᠢ ᠪᠠᠨ ᠪᠦᠯᠬᠦᠮᠳᠡᠵᠦ᠂ ᠬᠦᠷᠢᠶ᠎ᠡ ᠶᠢᠨ ᠪᠦᠯᠦᠭ  ᠤᠨ ᠲᠤᠰᠠᠭᠠᠷ ᠲᠤᠭᠳᠡᠨᠢᠯ ᠢ ᠡᠷᠡᠰ ᠵᠦᠪᠰᠢᠶᠡᠷᠡᠬᠦ ᠦᠭᠡᠢ︾ ᠭᠡᠵᠤ ᠢᠯᠡᠷᠬᠡᠶᠢᠯᠡᠪᠡ᠃ 1912 ᠤᠨ ᠤ 10 ᠰᠡᠷ᠎ᠡ  ᠶᠢᠨ 28 ᠤ ᠡᠳᠦᠷ᠂ ᠴᠠᠩᠴᠦ᠋ᠨ ᠳᠤ ᠵᠢᠷᠢᠮ ᠤᠨ ᠴᠢᠭᠤᠯᠭᠠᠨ ᠤ ᠸᠠᠩ ᠭᠦᠩ ᠤᠨ ᠬᠠᠮᠳᠤᠷᠠᠭᠰᠠᠨ ᠬᠤᠷᠡᠯ ᠬᠤᠷᠡᠯᠳᠤᠬᠤ ᠳᠤ᠂ ᠠᠮᠤᠷᠯᠢᠩᠭᠤᠢ ᠴᠢᠨ ᠸᠠᠩ ᠮᠤᠩᠭᠤᠯ ᠸᠠᠩ ᠭᠦᠩ ᠤᠨ ᠬᠠᠮᠳᠤᠷᠠᠭᠰᠠᠨ ᠡᠪᠯᠡᠯ ᠢ ᠲᠦᠯᠦᠬᠡᠯᠡᠨ᠂ ᠲᠤᠰᠬᠠᠶᠢᠯᠠᠨ ᠪᠡᠬᠡᠵᠢᠩ ᠠᠴᠠ ᠢᠷᠡᠵᠦ ᠬᠤᠷᠡᠯ ᠳᠤ ᠤᠷᠤᠯᠴᠠᠨ᠂ ᠤᠯᠤᠰ ᠠᠴᠠ ᠮᠤᠩᠭᠤᠯ ᠳᠤ ᠠᠪᠴᠦ ᠪᠦᠬᠦᠢ ᠲᠦᠷᠦ ᠶᠢᠨ ᠪᠤᠳᠤᠯᠭ᠎ᠠ ᠶᠢ ᠤᠩᠰᠢᠨ ᠨᠡᠶᠢᠳᠡᠯᠡᠵᠦ᠂ ᠤᠯᠤᠰ ᠭᠡᠷ ᠤᠨ ᠨᠢᠬᠡᠳᠦᠯ᠂ ᠦᠨᠳᠦᠰᠦᠳᠡᠨ ᠤ ᠪᠦᠯᠬᠦᠮᠳᠡᠯ ᠢ ᠬᠠᠮᠠᠭᠠᠯᠠᠬᠤ ᠲᠠᠯ᠎ᠠ ᠳᠤ ᠡᠷᠡᠰ ᠵᠤᠭᠰᠤᠨ᠂ ᠨᠢᠬᠡᠨ ᠯᠤᠰ ᠢᠶᠠᠨ ᠬᠠᠶᠢᠷᠠᠯᠠᠬᠤ ᠸᠠᠩ ᠭᠦᠩ ᠪᠤᠯᠤᠭᠰᠠᠨ ᠪᠠᠶᠢᠨ᠎ᠠ᠃ ᠲᠤᠰ ᠵᠢᠯ᠂ ᠲᠤᠮᠳᠡᠳᠦ ᠢᠷᠭᠡᠨ ᠤᠯᠤᠰ ᠤᠨ ᠵᠠᠰᠠᠭ ᠤᠨ ᠤᠷᠳᠤᠨ ᠤᠯᠤᠰ ᠢᠶᠠᠨ ᠬᠠᠶᠢᠷᠠᠯᠠᠬᠤ ᠸᠠᠩ ᠭᠦᠩ ᠨᠡᠷ  ᠤᠨ ᠬᠤᠪᠢ ᠨᠡᠮᠡᠬᠦᠷᠢ ᠶᠢ ᠦᠨᠳᠦᠰᠦᠯᠡᠨ᠂ ᠬᠠᠭᠠᠴᠠᠯ ᠢ ᠡᠰᠡᠷᠬᠦᠴᠡᠨ᠂ ᠡᠮᠦᠨ᠎ᠡ ᠤᠮᠡᠷ᠎ᠡ ᠶᠢᠨ ᠨᠢᠬᠡᠳᠦᠯ ᠢ ᠠᠬᠢᠭᠤᠯᠤᠭᠴᠢᠳ ᠢ ᠰᠠᠶᠢᠰᠢᠶᠠᠨ ᠬᠦᠬᠢᠬᠦᠯᠵᠦ᠂ ᠵᠡᠷᠭᠡ ᠬᠡᠷᠬᠡᠮ ᠢ ᠨᠢ ᠲᠡᠪᠰᠢᠬᠦᠯᠵᠡᠢ᠃ ᠠᠮᠤᠷᠯᠢᠩᠭᠤᠢ ︽ᠪᠦᠬᠦᠳᠡ ᠨᠠᠶᠢᠷᠡᠮᠳᠡᠯ ᠢ ᠬᠠᠮᠤᠭ ᠲᠦᠷᠦᠬᠦᠨ ᠳᠤ ᠲᠡᠮᠵᠢᠵᠦ᠂ ᠮᠤᠩᠭᠤᠯ ᠬᠤᠰᠢᠭᠤᠳ ᠢ ᠢᠳᠬᠠᠨ ᠰᠠᠭᠤᠯᠤᠭᠰᠠᠨ ᠠᠴᠠ ᠨᠢᠬᠡᠳᠦᠭᠡᠷ ᠲᠡᠰ ᠤᠨ ᠵᠢᠶᠠ ᠾᠧ ᠮᠧᠲ᠋ᠡᠯ ᠪᠤᠯᠤᠨ ᠬᠤᠤᠰ ᠴᠠᠯᠢᠩ ᠦᠭᠴᠦ︾᠂ ᠲᠡᠬᠦᠨ ᠤ ᠬᠦᠪᠡᠬᠦᠨ ᠲᠡᠷᠢᠬᠦᠨ ᠲᠡᠰ ᠤᠨ ᠲᠠᠶᠢᠵᠢ ᠬᠡᠰᠢᠭ ᠨᠢ ᠲᠦᠰᠢᠶ᠎ᠠ ᠭᠦᠩ ᠡᠷᠬᠦᠮᠵᠢᠯᠡᠭᠳᠡᠪᠡ᠃      ᠵᠠᠯᠠᠭᠤ ᠨᠠᠰᠤᠨ ᠤ ᠠᠮᠤᠷᠯᠢᠩᠭᠤᠢ ᠴᠢᠨ ᠸᠠᠩ ᠠᠤᠭ᠎ᠠ ᠪᠤᠳᠤᠯ ᠡᠪᠦᠷᠯᠡᠨ ᠡᠷᠴᠢ ᠵᠤᠷᠢᠭ ᠢᠶᠠᠨ ᠬᠦᠪᠴᠢᠯᠡᠵᠦ ᠂ ᠶᠡᠭᠡ ᠦᠢᠯᠡ ᠪᠦᠳᠦᠬᠡᠪᠦ ᠪᠠᠷ ᠵᠤᠷᠢᠭ ᠰᠢᠭᠤᠳᠴᠦ᠂  ᠬᠡᠪᠳᠦ ᠶᠤᠰᠤᠳᠤ ᠬᠠᠭᠠᠨ ᠳᠤ ᠮᠤᠩᠭᠤᠯ ᠤᠨ ᠦᠢᠯᠡᠳᠪᠦᠷᠢ ᠬᠤᠳᠡᠯᠳᠤᠭᠠᠨ ᠤ ᠺᠤᠮᠫᠠᠨᠢ ᠪᠠᠶᠢᠭᠤᠯᠤᠨ᠂ ᠮᠤᠩᠭᠤᠯ ᠦᠨᠳᠦᠰᠦᠳᠡᠨ ᠢᠶᠠᠨ ᠮᠠᠨᠳᠤᠭᠤᠯᠵᠦ᠂ ᠠᠵᠦ ᠠᠬᠤᠢ ᠪᠠᠨ ᠬᠦᠭᠵᠢᠬᠦᠯᠦᠨ᠂ ᠤᠯᠤᠰ ᠢᠶᠠᠨ ᠬᠦᠴᠦᠷᠭᠡᠭᠵᠢᠬᠦᠯᠦᠨ ᠬᠢᠵᠠᠭᠠᠷ ᠤᠷᠤᠨ ᠢ ᠪᠠᠬᠢᠵᠢᠬᠦᠯᠬᠦ ᠠᠶᠢᠯᠠᠳᠬᠠᠯ ᠬᠡᠳᠦ ᠤᠳᠠᠭ᠎ᠠ ᠲᠡᠪᠰᠢᠬᠦᠯᠵᠦ ᠦᠩᠭᠡᠷᠡᠪᠡ᠃     ᠬᠡᠪ ᠶᠤᠰᠤᠳᠤ ᠶᠢᠨ ᠬᠤᠶᠠᠳᠤᠭᠠᠷ ᠤᠨ ︵1910 ᠤᠨ︶ ᠤ ᠭᠤᠷᠪᠡᠨ ᠰᠡᠷ᠎ᠡ ᠳᠤ᠂ ᠠᠮᠤᠷᠯᠢᠩᠭᠤᠢ ᠸᠠᠩ ᠪᠡᠬᠡᠵᠢᠩ ᠳᠤ ᠰᠠᠭᠤᠭ᠎ᠠ ᠠᠷᠦ ᠦᠪᠦᠷ ᠮᠤᠩᠭᠤᠯ ᠤᠨ ᠸᠠᠩ ᠭᠦᠩ ᠨᠠᠶᠠᠨᠳᠦ᠂ ※᠂ ᠬᠦᠩᠰᠡᠩᠨᠤᠷᠪᠦ᠂ ᠰᠦᠰᠦᠭᠳᠦᠪᠡᠳᠦ᠂ ᠫᠠᠯᠲ᠋ᠠ᠂ ᠪᠤᠳᠢᠰ ᠵᠡᠷᠭᠡ ᠬᠦᠮᠦᠰ ᠶᠢᠨ ᠬᠠᠷᠢᠯᠴᠠᠨ᠂ ᠴᠢᠩ ᠤᠨ ᠲᠦᠷᠦ ᠳᠤ ᠮᠤᠩᠭᠤᠯ ᠤᠨ ᠦᠢᠯᠡᠳᠪᠦᠷᠢ ᠬᠤᠳᠡᠯᠳᠤᠭᠠᠨ ᠤ ᠺᠤᠮᠫᠠᠨᠢ ᠪᠠᠶᠢᠭᠤᠯᠬᠤ ᠲᠤᠬᠠᠢ ᠠᠶᠢᠯᠠᠳᠬᠠᠯ ᠲᠡᠪᠰᠢᠬᠦᠯᠪᠠ᠃ ᠲᠤᠰ ᠵᠢᠯ ᠤᠨ ᠶᠢᠰᠦᠨ ᠰᠡᠷ᠎ᠡ ᠳᠤ᠂ ᠲᠠᠬᠢᠨᠳᠡ ᠭᠤᠶᠤᠴᠢᠯᠠᠵᠦ᠂ ᠡᠯ᠎ᠡ ᠶᠠᠮᠤᠨ᠂ ᠵᠠᠩᠵᠦᠨ ᠨᠡᠷ᠂ ᠠᠮᠪᠠᠨ᠂ ᠳ᠋ᠦᠹᠦ᠋ ᠨᠡᠷ ᠢ ᠤᠴᠢᠷ ᠲᠠᠭᠠᠷᠡᠪᠡᠯ ᠲᠤᠰᠠᠯᠠᠨ ᠲᠡᠮᠵᠢᠬᠦ ᠶᠢ ᠬᠦᠰᠡᠪᠡ᠃ ᠬᠡᠪᠳᠦ ᠶᠤᠰᠤᠳᠦ ᠬᠠᠭᠠᠨ ᠵᠠᠷᠯᠢᠭ ᠪᠠᠭᠤᠯᠭᠠᠨ᠄ ︽ᠠᠮᠤᠷᠯᠢᠩᠭᠤᠢ ᠮᠤᠩᠭᠤᠯ ᠦᠢᠯᠡᠳᠪᠦᠷᠢ ᠬᠤᠳᠡᠯᠳᠤᠭᠠᠨ ᠤ ᠺᠤᠮᠫᠠᠨᠢ ᠶᠢ ᠡᠬᠦᠰᠭᠡᠨ ᠪᠠᠶᠢᠭᠤᠯᠬᠤ ᠪᠠᠷ ᠭᠤᠶᠤᠴᠢᠯᠡᠪᠡ᠂ ᠡᠯ᠎ᠡ ᠶᠠᠮᠤᠨ ᠤᠴᠢᠷ ᠲᠠᠭᠠᠷᠡᠪᠡᠯ ᠲᠤᠰᠬᠠᠯᠠᠬᠤ ᠪᠤᠯᠪᠠᠤ ᠬᠡᠰᠡᠨ ᠠᠶᠢᠯᠠᠳᠬᠠᠯ ᠢ ᠲᠤᠰ ᠶᠠᠮᠤᠨ ᠮᠡᠳᠡᠵᠦ ᠬᠦᠢᠴᠡᠳᠬᠡᠬᠦ ᠭᠡᠷᠡᠭᠳᠡᠢ᠂ ᠡᠬᠦᠨ ᠤ ᠲᠤᠯᠡ ᠵᠠᠷᠯᠢᠭᠳᠠᠪᠠ︾ ᠭᠡᠵᠡᠢ᠃ ᠠᠮᠤᠷᠯᠢᠩᠭᠤᠢ ᠸᠠᠩ ᠮᠤᠩᠭᠤᠯ ᠪᠤᠳᠡᠳᠦ ᠦᠢᠯᠡ ᠶᠢᠨ ᠭᠦᠩᠰᠧ ᠡᠬᠦᠰᠬᠡᠨ ᠪᠠᠶᠢᠭᠤᠯᠬᠤ ᠪᠠᠷ ᠰᠠᠨᠠᠭᠠᠴᠢᠯᠠᠭᠰᠠᠨ ᠨᠢ ᠲᠤᠬᠠᠢ ᠶᠢᠨ ᠦᠶ᠎ᠡ ᠶᠢᠨ ᠠᠷᠦ ᠦᠪᠦᠷ ᠮᠤᠩᠭᠤᠯ ᠤᠷᠤᠨ ᠢ ᠪᠠᠭᠳᠠᠭᠠᠵᠦ᠂ ᠨᠡᠬᠡᠬᠡᠨ ᠡᠵᠩᠭᠨᠡᠬᠦ ᠪᠠᠷ ᠰᠠᠨᠠᠭᠤᠯᠭ᠎ᠠ ᠲᠤᠷᠡᠳᠤᠭᠰᠠᠨ ᠬᠦᠷᠢᠶ᠎ᠡ ᠬᠡᠪᠴᠢᠶ᠎ᠡ ᠨᠢ᠄ ᠮᠤᠩᠭᠤᠯ ᠭᠠᠵᠠᠷ ᠤᠷᠤᠨ ᠤ ᠬᠠᠭᠠᠯᠪᠤᠷᠢᠯᠠᠵᠦ ᠪᠤᠯᠬᠤ ᠠᠳᠡᠷ ᠭᠠᠵᠠᠷ ᠢ ᠬᠠᠭᠠᠯᠪᠤᠷᠢᠯᠠᠵᠦ ᠲᠡᠷᠢᠶᠡᠯᠠᠩ ᠠᠵᠦ ᠠᠬᠤᠢ ᠶᠢ ᠬᠦᠭᠵᠢᠬᠦᠯᠦᠨ᠎ᠡ︔ ᠮᠤᠷᠢ ᠦᠬᠡᠷ ᠬᠤᠨᠢ ᠶᠢ ᠡᠬᠦᠯᠳᠡᠷ ᠰᠠᠶᠢᠵᠢᠷᠠᠭᠤᠯᠵᠦ᠂ ᠮᠠᠯ ᠠᠵᠦ ᠠᠬᠤᠢ ᠶᠢᠨ ᠬᠦᠭᠵᠢᠯᠳᠡ ᠶᠢ ᠠᠬᠢᠭᠤᠯᠤᠨ᠎ᠠ︔ ᠵᠠᠩ ᠵᠢᠶᠠ ᠺᠸᠦ ᠵᠡᠷᠭᠡ ᠭᠠᠵᠠᠷ ᠲᠤ ᠠᠷᠠᠰᠦ ᠨᠤᠤᠰᠦ ᠶᠢᠨ ᠭᠦᠩᠰᠧ ᠪᠠᠶᠢᠭᠤᠯᠵᠦ᠂ ᠠᠵᠦ ᠦᠢᠯᠡᠳᠪᠦᠷᠢ ᠶᠢ ᠬᠦᠭᠵᠢᠬᠦᠯᠦᠨ᠎ᠡ︔ ᠮᠤᠩᠭᠤᠯ ᠤᠷᠤᠨ ᠤ ᠬᠤᠳᠡᠯᠳᠤᠭᠠᠨ ᠤ ᠦᠢᠯᠡᠰ ᠢ ᠶᠡᠭᠡ ᠪᠠᠷ ᠡᠷᠬᠢᠯᠡᠵᠦ᠂ ᠬᠦᠢᠯᠬᠡᠬᠡᠨ ᠢ ᠬᠦᠭᠵᠢᠬᠡᠨ᠎ᠡ᠃ ᠲᠡᠷᠡ ᠮᠤᠩᠭᠤᠯ ᠤᠨ ᠦᠢᠯᠡᠳᠪᠦᠷᠢ ᠬᠤᠳᠡᠯᠳᠤᠭᠠᠨ ᠤ ᠺᠤᠮᠫᠠᠨᠢ ᠪᠠᠶᠢᠭᠤᠯᠬᠤ ᠶᠢᠨ ᠲᠦᠯᠦᠬᠡ ᠦᠪᠡᠷ ᠤᠨ ᠨᠤᠳᠤᠭ ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ ᠶᠤᠤ ᠶᠢᠨ ᠲᠠᠪᠤᠨ ᠭᠡᠷ ᠲᠤ ᠬᠤᠪᠢ ᠤᠷᠤᠭᠤᠯᠤᠭᠰᠠᠨ ᠬᠢᠵᠠᠭᠠᠷᠳᠦ ᠦᠢᠯᠡᠳᠪᠦᠷᠢ ᠬᠤᠳᠡᠯᠳᠤᠭᠠᠨ ᠤ ᠺᠤᠮᠫᠠᠨᠢ ᠪᠠᠶᠢᠭᠤᠯᠵᠦ᠂ ᠺᠤᠮᠫᠠᠨᠢ ᠶᠢᠨ ᠪᠡᠯᠡ ᠮᠦᠩᠭᠦ ᠶᠢᠨ ᠬᠠᠭᠠᠰ ᠢ ᠨᠢ ᠬᠤᠰᠢᠭᠤ ᠵᠠᠰᠠᠭ ᠤᠨ ᠶᠠᠮᠤᠨ ᠠᠴᠠ ᠤᠷᠤᠯᠠᠨ ᠭᠠᠷᠭᠠᠵᠦ᠂ ᠬᠠᠭᠠᠰ ᠢ ᠨᠢ ᠬᠤᠰᠢᠭᠤᠨ  ᠤ ᠲᠤᠳᠤᠭᠠᠳᠤᠬᠢ ᠪᠠᠶᠠᠨ ᠡᠷᠦᠬᠡ ᠪᠡᠯᠡ ᠴᠤᠭᠯᠠᠭᠤᠯᠤᠨ ᠬᠤᠪᠢ ᠤᠷᠤᠭᠤᠯᠪᠠ᠃ ᠲᠡᠷᠡ ᠬᠤᠰᠢᠭᠤ ᠠᠴᠠ ᠪᠠᠨ ᠴᠢᠳᠡᠪᠦᠷᠢᠳᠡᠨ ᠰᠢᠯᠢᠵᠦ᠂ ᠺᠤᠮᠫᠠᠨᠢ ᠶᠢᠨ ᠶᠡᠷᠦᠩᠭᠡᠢ ᠡᠷᠬᠢᠯᠡᠭᠴᠢ ᠲᠤᠮᠢᠯᠠᠨ᠂ ᠦᠢᠡᠯᠳᠪᠦᠷᠢ ᠬᠤᠳᠡᠯᠳᠤᠭᠠᠨ ᠤ ᠶᠠᠪᠤᠳᠡᠯ ᠢ ᠬᠠᠷᠢᠭᠤᠴᠠᠭᠤᠯᠪᠡ᠂ ᠲᠤᠬᠠᠢ ᠶᠢᠨ ᠦᠶᠡᠰ ᠭᠠᠳᠡᠷ ᠤᠯᠤᠰ ᠠᠴᠠ 300 ᠭᠠᠷᠤᠢ ᠮᠧᠷᠨᠤᠰ ᠬᠤᠨᠢ ᠤᠷᠤᠭᠤᠯᠤᠨ ᠠᠪᠴᠢᠷᠡᠵᠦ᠂ ᠬᠤᠨᠢ ᠶᠢᠨ ᠡᠬᠦᠯᠳᠡᠷ ᠰᠠᠶᠢᠵᠢᠷᠠᠭᠤᠯᠤᠭᠰᠠᠨ ᠪᠠᠶᠢᠨ᠎ᠠ᠃      ᠠᠮᠤᠷᠯᠢᠩᠭᠤᠢ ᠴᠢᠨ ᠸᠠᠩ ᠲᠠᠮᠠᠭᠠᠨ ᠲᠤᠰᠠᠯᠠᠭᠴᠢ ᠦᠯᠵᠡᠢ᠂ ᠳ᠋ᠠᠴᠤᠩᠭ᠎ᠠ ᠶᠢᠨ ᠬᠠᠪᠰᠤᠷᠤᠯᠭ᠎ᠠ ᠲᠤᠤᠷ᠎ᠡ ᠰᠤᠷᠭᠠᠭᠤᠯᠢ ᠡᠷᠬᠢᠯᠡᠭᠰᠡᠨ ᠠᠴᠠ ᠭᠠᠳᠡᠨ᠎ᠡ ᠪᠠᠰᠠ ᠬᠤᠰᠢᠭᠤ ᠵᠠᠰᠭ   ᠢᠶᠠᠨ ᠮᠠᠨᠳᠤᠭᠤᠯᠬᠤ ᠶᠢᠨ ᠲᠦᠯᠦᠬᠡ ᠬᠤᠰᠢᠭᠤᠨ ᠤ ᠠᠷᠠᠳ ᠤᠨ ᠬᠦᠷᠢᠶᠡᠯᠡᠯ ᠢ ᠤᠯᠤᠭᠰᠠᠨ ᠬᠤᠶᠠᠷ ᠶᠠᠪᠤᠳᠡᠯ ᠪᠦᠳᠦᠭᠡᠪᠡ᠃     ᠨᠢᠬᠡ ᠨᠢ᠂ ᠬᠤᠪᠳᠤᠭ ᠰᠢᠨᠤᠤᠬᠠᠢ ᠨᠤᠶᠠᠳ ᠲᠦᠰᠢᠮᠡᠳ ᠢ ᠤᠭᠴᠠᠷᠠᠭᠤᠯᠪᠠ᠃ ᠬᠤᠰᠢᠭᠤ ᠬᠠᠮᠢᠶᠠᠷᠬᠤ ᠲᠡᠳ᠋ ᠵᠠᠩᠭᠢ ᠪᠦᠬᠡᠳ ᠭᠠᠵᠠᠷ ᠤᠨ ᠲᠤᠪᠢᠴᠶ᠎ᠡ ᠶᠢᠨ ᠬᠡᠰᠢᠬᠦᠨ ᠦᠯᠵᠡᠶᠢᠪᠡᠶ᠋ᠷ ︵ᠴᠢᠨ ᠵᠢᠶᠧ ᠸᠧᠢ︶ ᠶᠡᠭᠡ ᠲᠤᠭᠠᠨ ᠤ ᠭᠠᠵᠠᠷ ᠤᠨ ᠲᠦᠷᠢᠶᠡᠰᠦ ᠶᠢ ᠱᠠᠮᠰᠢᠵᠦ᠂ ᠪᠠᠰᠠ ᠲᠦᠷᠢᠶᠡᠰᠦᠨ ᠲᠠᠷᠢᠶᠠᠴᠢᠳ ᠠᠴᠠ ᠬᠡᠬᠡᠯᠢ ᠢᠳᠡᠵᠦ᠂ ᠬᠤᠰᠢᠭᠤ ᠵᠠᠰᠠᠭ ᠲᠤ ᠵᠠᠭᠠᠯᠳᠤᠭᠳᠠᠭᠰᠠᠨ ᠳᠤ ᠠᠮᠤᠷᠯᠢᠩᠭᠤᠢ ᠸᠠᠩ ᠦᠪᠡᠷ ᠤᠨ ᠪᠡᠶ᠎ᠡ ᠪᠠᠷ ᠢᠶᠠᠨ ᠲᠤᠰ ᠬᠡᠷᠡᠭ ᠢ ᠬᠦᠯᠢᠶᠡᠨ ᠠᠪᠴᠦ᠂ ᠲᠠᠷᠡ ᠲᠡᠷᠤᠢ ᠳᠤᠨᠢ ᠲᠡᠬᠦᠨ ᠤ ᠲᠤᠰᠢᠶᠠᠯ ᠢ ᠤᠭᠴᠠᠷᠠᠭᠤᠯᠤᠨ᠂ ᠲᠡᠬᠦᠨ ᠤ ᠭᠤᠴᠢ ᠭᠠᠷᠤᠢ ᠲᠠᠰᠤᠯᠭ᠎ᠠ ᠸᠠᠭᠠᠷ ᠲᠤᠭᠤᠰᠬ᠎ᠠ ᠶᠢᠨ ᠪᠠᠶᠢᠰᠢᠩ ᠪᠤᠯᠤᠨ ᠪᠦᠬᠦ ᠬᠦᠷᠦᠩᠭᠡ ᠶᠢ ᠨᠢ ᠬᠤᠷᠢᠶᠠᠮᠵᠢᠯᠠᠵᠦ ᠠᠯᠪᠠᠨ ᠤ ᠪᠤᠯᠭᠠᠪᠡ᠃ ᠬᠤᠰᠢᠭᠤᠨ ᠤ ᠴᠡᠷᠢᠭ ᠤᠨ ᠶᠠᠪᠤᠳᠡᠯ ᠤᠨ ᠵᠠᠩᠭᠢ ᠲᠡᠭᠡ ᠨᠡᠬᠡᠬᠡᠯᠳᠡ ᠬᠢᠭᠰᠡᠨ ᠭᠠᠵᠠᠷ ᠬᠦᠷᠴᠦ ᠲᠦᠷᠢᠶᠡᠰᠦ ᠬᠤᠷᠢᠶᠠᠬᠤ ᠳᠤ ᠬᠢᠨᠡᠯᠳᠡ ᠲᠠᠯᠪᠢᠬᠤ ᠳᠠᠭᠠᠨ ᠤᠬᠤᠷᠬᠠᠨ ᠠᠷᠪᠠᠭᠠᠳ ᠡᠳᠦᠷ ᠲᠤ ᠡᠬᠡᠯ ᠠᠷᠠᠳ ᠤᠨ ᠬᠤᠷᠢᠨ ᠲᠠᠷᠭᠤᠨ ᠭᠠᠭ᠋ᠠᠢ ᠶᠢ ᠢᠳᠡᠪᠡ᠂ ᠠᠮᠤᠷᠯᠢᠩᠭᠤᠢ ᠸᠠᠩ ᠢᠯᠡᠴᠢᠯᠡᠨ ᠮᠡᠳᠡᠬᠦᠯᠦᠯᠳᠡ ᠶᠢ ᠦᠨᠳᠦᠰᠦᠯᠡᠨ ᠲᠡᠭᠡ ᠶᠢᠨ ᠵᠠᠩᠭᠢ ᠶᠢᠨ ᠲᠤᠰᠢᠶᠠᠯ ᠢ ᠨᠢ ᠤᠭᠴᠠᠷᠠᠭᠤᠯᠪᠠ᠃ ᠡᠬᠦᠨ ᠠᠴᠠ ᠰᠡᠬᠦᠯᠡᠷ ᠲᠠᠮᠠᠭᠠᠨ ᠲᠤᠰᠠᠯᠠᠭᠴᠢ ᠡᠷᠳᠡᠨᠢ ᠢᠷᠦᠬᠡᠯᠳᠦ ᠬᠤᠰᠢᠭᠤ ᠵᠠᠰᠠᠭ ᠤᠨ ᠶᠠᠪᠤᠳᠡᠯ ᠢ ᠡᠷᠬᠢᠯᠡᠬᠦ ᠬᠤᠭᠤᠴᠠᠭᠠᠨ ᠳᠠᠭᠠᠨ ᠭᠡᠭᠡᠯᠢ ᠬᠠᠭ᠋ᠤᠯᠢ ᠢᠳᠡᠵᠦ᠂ ᠬᠠᠤᠯᠢ ᠠᠴᠠ ᠵᠦᠷᠢᠴᠠᠭᠡᠳ ᠪᠠᠰᠠ ᠠᠮᠤᠷᠯᠢᠩᠭᠤᠢ ᠸᠠᠩ ᠳᠤ ᠲᠤᠰᠢᠶᠠᠯ ᠢᠶᠠᠨ ᠤᠭᠴᠠᠷᠠᠭᠤᠯᠤᠭᠳᠡᠪᠡ᠃      ᠬᠤᠶᠠᠷ ᠨᠢ᠂ ᠵᠠᠰᠠᠭ ᠤᠨ ᠴᠠᠭᠳᠠᠨ ᠰᠡᠷᠬᠡᠶᠢᠯᠡᠬᠦ ᠴᠡᠷᠢᠭ ᠢ ᠴᠡᠭᠴᠡᠯᠡᠵᠦ᠂ ᠲᠡᠭᠡᠷᠡᠮ ᠢ ᠤᠰᠠᠳᠬᠠᠨ᠂ ᠨᠡᠶᠢᠬᠡᠮ ᠤᠨ ᠠᠮᠦᠷ ᠲᠦᠪᠰᠢᠨ ᠢ ᠬᠠᠮᠠᠭᠠᠯᠠᠪᠠ᠃ ᠠᠮᠤᠷᠯᠢᠩᠭᠤᠢ ᠸᠠᠩ ᠵᠠᠰᠠᠭ ᠪᠠᠷᠢᠭᠰᠠᠨ ᠤ ᠰᠡᠬᠦᠯᠡᠷ᠂ ᠤᠤᠯ ᠤᠨ ᠴᠠᠭᠳᠠᠨ ᠰᠡᠷᠬᠡᠶᠢᠯᠡᠬᠦ ᠴᠡᠷᠢᠭ ᠲᠤ ᠴᠡᠭᠴᠡᠯᠡᠯᠳᠡ ᠬᠢᠵᠦ᠂ ᠲᠦᠩᠯᠢᠩ ᠭᠤᠸᠠᠨᠳᠡᠢ ᠵᠡᠷᠭᠡ ᠶᠢ ᠲᠤᠬᠢᠷᠠᠭᠤᠯᠪᠠ᠃ ᠮᠦᠭᠳᠡᠨ ᠤ ᠶᠡᠷᠦᠩᠭᠡᠢ ᠵᠠᠬᠢᠷᠤᠭᠴᠢ ᠵᠤᠤ ᠡᠯ ᠰᠢᠶᠦ᠋ᠨ ᠤ ᠲᠡᠨᠳᠡ ᠠᠴᠠ ᠤᠷᠢᠳ ᠬᠤᠵᠢᠳ ᠰᠢᠨ᠎ᠠ ᠮᠠᠶ᠋ᠢᠭ ᠤᠨ ᠶᠠᠪᠠᠭᠠᠨ ᠫᠤᠤ 700 ᠬᠤᠳᠡᠯᠳᠤᠨ ᠠᠪᠴᠦ᠂ ᠴᠠᠭᠳᠠᠨ ᠰᠡᠷᠬᠡᠶᠢᠯᠡᠬᠦ ᠴᠡᠷᠢᠭ ᠢᠶᠠᠨ ᠵᠡᠪᠰᠡᠭᠯᠡᠨ ᠪᠤᠯᠪᠠᠰᠤᠷᠠᠭᠤᠯᠪᠠ᠃ ᠬᠤᠰᠢᠭᠤᠨ ᠨᠴᠠᠭᠳᠡᠨ ᠰᠡᠷᠬᠡᠶᠢᠯᠡᠬᠦ ᠴᠡᠷᠢᠭ ᠨᠢ ᠦᠷᠬᠦᠯᠵᠢ ᠬᠤᠯᠠᠭᠠᠢ ᠲᠡᠭᠡᠷᠡᠮ ᠢ ᠤᠰᠠᠳᠬᠠᠵᠦ᠂ ᠬᠤᠰᠢᠭᠤᠨ ᠤ ᠠᠷᠠᠳ ᠲᠦᠮᠡᠨ ᠤ ᠠᠮᠢ ᠨᠠᠰᠦ ᠡᠳ᠋ ᠬᠤᠭᠰᠢᠯ ᠢ ᠬᠠᠮᠠᠭᠠᠯᠠᠪᠠ᠃ ᠬᠤᠰᠢᠭᠤᠨ ᠤ ᠴᠠᠭᠳᠡᠨ ᠰᠡᠷᠬᠡᠶᠢᠯᠡᠬᠦ ᠴᠡᠷᠢᠭ ᠲᠡᠭᠡᠷᠡᠮ ᠢ ᠪᠦᠰᠡᠯᠡᠨ ᠤᠰᠠᠳᠬᠠᠬᠤ ᠲᠠᠯ᠎ᠠ ᠪᠠᠷ ᠨᠡᠷ᠎ᠡ ᠮᠠᠨᠳᠤᠭᠰᠠᠨ ᠠᠴᠠ ᠴᠠᠩᠳᠦ᠂ ᠺᠠᠩ ᠫᠢᠩ᠂ ᠹᠠ ᠺᠦ᠋᠂ ᠵᠠᠩ ᠦ᠋ ᠵᠡᠷᠬᠡ ᠬᠦᠷᠰᠢ ᠵᠡᠷᠬᠡᠯᠡᠳᠡᠭᠡ ᠰᠢᠶᠠᠨ ᠤ ᠶᠠᠮᠤᠨ ᠤ ᠬᠢᠨ ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ ᠴᠠᠭᠳᠠᠨ ᠰᠡᠷᠬᠡᠶᠢᠯᠡᠬᠦ ᠴᠡᠷᠢᠭ ᠢ ᠤᠯᠠᠨ ᠤᠳᠠᠭ᠎ᠠ ᠵᠠᠯᠠᠵᠦ ᠲᠡᠳᠡᠨᠡᠷ ᠢ ᠬᠠᠪᠰᠤᠷᠤᠨ ᠲᠡᠭᠡᠷᠡᠮ ᠢ ᠤᠰᠠᠳᠬᠠᠯᠭᠠᠭᠰᠠᠨ ᠪᠠᠶᠢᠨ᠎ᠠ᠃      ᠠᠮᠤᠷᠯᠢᠩᠭᠤᠢ ᠸᠠᠩ ᠭᠤᠴᠢᠨ ᠨᠠᠰᠤᠨ ᠠᠴᠠ ᠬᠤᠶᠢᠰᠢ᠂ ᠬᠠᠷ᠎ᠡ ᠲᠠᠮᠠᠬᠢ ᠳᠤ ᠰᠢᠨᠤᠵᠦ᠂ ᠠᠮᠢᠳᠦᠷᠡᠯ ᠨᠢ ᠢᠯᠵᠡᠷᠡᠨ ᠲᠤᠷᠤᠶᠢᠳᠡᠵᠦ᠂ ᠡᠷᠴᠢ ᠵᠤᠷᠢᠭ ᠨᠢ ᠰᠤᠯᠠᠷᠠᠨ᠂ ᠴᠢᠶᠠᠨ ᠮᠧᠨ ᠤ ᠶᠠᠩᠬᠠᠨ ᠤ ᠬᠦᠷᠢᠶᠡᠯᠡᠩ ᠠᠴᠠ ᠨᠡᠷᠡᠳᠦ ᠶᠠᠩᠬᠠᠨ ᠵᠤ᠋ ᠭᠦ᠋ ᠯᠢᠶᠠᠩ ᠢ ᠲᠠᠳᠡᠪᠤᠷᠢ ᠪᠤᠯᠭᠠᠨ ᠠᠪᠤᠭᠠᠳ ᠦᠩᠭᠡᠨ ᠳᠤ ᠤᠨᠠᠵᠦ᠂ ᠬᠤᠰᠢᠭᠤ ᠵᠠᠰᠠᠭ ᠢ ᠬᠠᠮᠢᠶᠠᠷᠬᠤ ᠵᠠᠪ ᠦᠭᠡᠢ ᠪᠤᠯᠪᠠ᠃ ᠲᠡᠬᠦᠨ ᠤ ᠭᠠᠷ ᠲᠤᠤᠷᠡᠬᠢ ᠬᠦᠮᠦᠰ ᠨᠢ ᠪᠠᠰᠠ ᠮᠠᠭᠤ ᠬᠡᠷᠡᠭ ᠦᠢᠯᠡᠳᠦᠨ᠂ ᠬᠤᠷᠴᠸᠢᠨ ᠵᠡᠬᠦᠨ ᠭᠠᠷᠤᠨ ᠬᠤᠶᠢᠳᠦ ᠬᠤᠰᠢᠭᠤᠨ ᠤ ᠬᠤᠰᠢᠭᠤ ᠵᠠᠰᠠᠭ ᠰᠠᠮᠠᠭᠤᠷᠠᠭᠰᠠᠨ ᠪᠠᠶᠢᠳᠡᠯ ᠳᠤ ᠤᠷᠤᠵᠦ᠂ ᠬᠤᠰᠢᠭᠤᠨ ᠤ ᠠᠷᠠᠳ ᠲᠦᠮᠡᠨ ᠭᠠᠯ ᠤᠰᠤᠨ ᠤ ᠭᠠᠰᠢᠭᠤᠨ ᠵᠤᠪᠠᠯᠠᠩ ᠳᠤ ᠤᠨᠠᠪᠠ᠃ 1930 ᠤᠨ ᠳᠤ ᠠᠮᠤᠷᠯᠢᠩᠭᠤᠢ ᠸᠠᠩ ᠪᠡᠭᠡᠵᠢᠩ ᠳᠤ ᠡᠪᠡᠳᠴᠢᠨ ᠢᠶᠠᠷ ᠨᠠᠰᠤ ᠪᠠᠷᠡᠵᠦ᠂ ᠲᠤᠬᠠᠢ ᠶᠢᠨ ᠵᠢᠯ ᠳᠤ 45 ᠲᠠᠢ ᠪᠠᠶᠢᠵᠡᠢ᠃ ᠬᠤᠵᠢᠮ ᠨᠢ ᠴᠢᠨᠳᠡᠷ  ᠢ ᠨᠢ ᠰᠢᠶᠣᠣ ᠵᠢᠶᠧ ᠯᠢᠩ ︵ᠤᠳᠤ ᠶᠢᠨ ᠯᠢᠶᠥᠥᠨᠢᠩ ᠮᠤᠵᠢ ᠶᠢᠨ ᠺᠠᠩ ᠫᠢᠩ ᠰᠢᠶᠠᠨ ᠤ ᠬᠠᠷᠢᠶ᠎ᠠ︶ ᠳᠤ ᠰᠢᠯᠵᠢᠬᠦᠯᠦᠨ ᠤᠷᠤᠰᠢᠭᠤᠯᠪᠠ᠃       ᠢᠷᠡᠯᠳᠡ — ︽ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号