ᠴᠤᠤᠳᠤ ᠬᠦᠮᠦᠰ ᠤᠨ ᠲᠤᠰᠬᠠᠢ ᠨᠠᠮᠳᠡᠷ  — ᠪᠤᠤ ᠶᠤᠸᠠᠢ ᠴᠢᠩ
ᠨᠡᠶᠢᠲᠡᠯᠡᠭᠰᠡᠨ ᠴᠠᠭ᠄
2019/3/22
          ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ       ᠲᠡᠦᠭᠡᠨ ᠳᠠᠬᠢ ᠴᠤᠤᠳᠤ ᠬᠦᠮᠦᠰ ᠤᠨ ᠲᠤᠰᠬᠠᠢ ᠨᠠᠮᠳᠡᠷ                  ᠪᠤᠤ ᠶᠤᠸᠠᠢ ᠴᠢᠩ ︵1894 — 1939 ᠤᠨ︶          ᠪᠤᠤ ᠶᠤᠸᠠᠢ ᠴᠢᠩ᠂ ᠮᠤᠩᠭᠤᠯ ᠦᠨᠳᠦᠰᠦᠳᠡᠨ᠂ ᠮᠤᠩᠭᠤᠯ ᠨᠡᠷ᠎ᠡ ᠨᠢ ᠰᠠᠶᠢᠨᠪᠠᠶᠠᠷ ᠭᠡᠳᠡᠭ᠃ 1894 ᠤᠨ  ᠳᠤ ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ ᠪᠠᠶᠠᠨᠮᠠᠩᠬ᠎ᠠ ᠰᠤᠮᠤ ᠶᠢᠨ ᠶᠡᠭᠡ ᠪᠠᠶᠠᠨᠮᠠᠩᠬ᠎ᠠ ᠠᠶᠢᠯ ᠳᠤ ᠲᠦᠷᠦᠪᠡ᠃      ᠲᠡᠷᠡ ᠨᠤᠳᠤᠭ ᠤᠨ ᠭᠡᠷ ᠤᠨ ᠰᠤᠷᠭᠠᠭᠤᠯᠢ ᠳᠤ ᠬᠤᠶᠠᠷ ᠵᠢᠯ ᠮᠤᠩᠭᠤᠯ ᠪᠢᠴᠢᠭ ᠦᠵᠡᠵᠦ᠂ 1906 ᠤᠨ  ᠳᠤ ᠺᠠᠩ ᠫᠢᠩ ᠰᠢᠶᠠᠨ ᠤ ᠮᠠ ᠯᠠᠨ ᠲᠦᠨ ᠪᠠᠭ᠎ᠠ ᠰᠤᠷᠭᠠᠭᠤᠯᠢ ᠳᠤ ᠤᠴᠢᠨ ᠰᠤᠷᠤᠯᠴᠠᠵᠦ᠂ ᠢᠷᠭᠡᠨ ᠤᠯᠤᠰ ᠤᠨ ᠠᠩᠬᠠᠨ ᠤ ᠤᠨ ᠳᠤ ᠮᠦᠭᠳᠡᠨ ᠤ ᠮᠤᠩᠭᠤᠯ ᠲᠤᠮᠳᠡᠳᠦ ᠰᠤᠷᠭᠠᠭᠤᠯᠢ ︵ᠬᠤᠵᠢᠮ ᠨᠢ ᠴᠧᠦ ᠪᠢᠶᠠᠨ ᠲᠤᠮᠳᠡᠳᠦ ᠰᠤᠷᠭᠠᠭᠤᠯᠢ ᠭᠡᠵᠤ ᠦᠬᠡᠷᠡᠴᠢᠯᠡᠪᠡ︶ ᠳᠤ ᠰᠤᠷᠤᠯᠴᠠᠪᠠ᠃ ᠪᠤᠤ ᠶᠤᠸᠠᠢ ᠴᠢᠩ ᠰᠤᠷᠤᠯᠭ᠎ᠠ ᠪᠠᠨ ᠲᠤᠷᠭᠤᠨ ᠵᠤᠭᠰᠤᠨ ᠬᠤᠰᠢᠭᠤ ᠵᠠᠰᠠᠭ ᠤᠨ ᠲᠠᠳᠤᠯᠭ᠎ᠠ ᠶᠢᠨ ᠪᠢᠴᠢᠬᠡᠴᠢ ᠪᠤᠯᠵᠦ᠂ ᠮᠤᠩᠭᠤᠯ ᠬᠢᠳᠡᠳ ᠬᠡᠯᠡ ᠶᠢᠨ ᠤᠷᠴᠢᠭᠤᠯᠬᠤ ᠠᠵᠢᠯ ᠬᠢᠪᠡ᠃      ᠪᠤᠤ ᠶᠤᠸᠠᠢ ᠴᠢᠩ ᠬᠤᠰᠢᠭᠤ ᠵᠠᠰᠠᠭ ᠤᠨ ᠪᠢᠴᠢᠬᠡᠴᠢ ᠪᠠᠶᠢᠭᠰᠠᠨ ᠬᠤᠭᠤᠴᠠᠭᠠᠨ ᠳᠤ᠂ ᠪᠦᠬᠦ ᠬᠤᠰᠢᠭᠤ ᠶᠢ ᠲᠤᠩᠰᠤᠯᠭᠠᠮ᠎ᠠ ᠬᠤᠶᠠᠷ ᠬᠡᠷᠡᠭ ᠡᠬᠦᠰᠴᠦ ᠦᠩᠭᠡᠷᠡᠪᠡ᠃ ᠨᠢᠬᠡ ᠳᠤ᠂ ᠬᠤᠰᠢᠭᠤᠨ ᠤ ᠰᠤᠷᠭᠠᠭᠤᠯᠢ ᠮᠠ ᠯᠠᠨ ᠲᠦᠨ ᠪᠠᠭ᠎ᠠ ᠰᠤᠷᠭᠠᠭᠤᠯᠢ ᠳᠤ ᠰᠤᠷᠤᠭᠴᠢ ᠶᠢᠨ ᠬᠦᠳᠡᠯᠡᠬᠡᠨ ᠭᠠᠷᠴᠦ᠂ ᠪᠤᠳᠤᠯᠭᠠᠳᠦ ᠴᠢᠨ ᠸᠠᠩ ᠤᠨ ᠤᠷᠳᠤᠨ ᠳᠤ ᠬᠦᠷᠴᠦ᠂ ᠠᠮᠤᠷᠯᠢᠩᠭᠤᠢ ᠸᠠᠩ ᠳᠤ ᠭᠤᠶᠤᠴᠢᠯᠠᠭ᠎ᠠ ᠲᠤᠷᠡᠳᠤᠪᠠ᠃ ᠲᠤᠰ ᠬᠡᠷᠡᠭ ᠨᠢ ᠰᠤᠷᠭᠠᠭᠤᠯᠢ ᠶᠢᠨ ᠭᠡᠷᠡᠭ ᠮᠡᠳᠡᠭᠴᠢ ᠦᠯᠵᠡᠶᠢᠸ᠋ᠴᠢᠷ ᠰᠤᠷᠤᠭᠴᠢᠳ ᠤᠨ ᠬᠤᠭᠤᠯᠠᠨ ᠰᠦᠢᠳᠭᠡᠯ ᠢ ᠱᠠᠮᠰᠢᠨ ᠬᠠᠷ᠎ᠡ ᠲᠠᠮᠠᠬᠢ ᠲᠠᠳᠠᠭᠰᠠᠨ ᠠᠴᠠ ᠡᠬᠦᠰᠴᠡᠢ᠃ ᠠᠷᠪᠠᠨ ᠬᠡᠳᠦᠨ ᠰᠤᠷᠤᠭᠴᠢ ᠰᠤᠷᠭᠠᠭᠤᠯᠢ ᠶᠢᠨ ᠬᠤᠷᠢᠭᠯᠡᠯ ᠢ ᠰᠢᠪᠳᠤᠯᠤᠨ ᠶᠠᠪᠠᠭᠠᠨ ᠢᠶᠠᠷ ᠵᠠᠭᠤ ᠢᠯᠡᠬᠦᠦ ᠭᠠᠵᠠᠷ ᠠᠶᠠᠯᠠᠨ ᠪᠤᠳᠤᠯᠭᠠᠳᠦ ᠴᠢᠨ ᠸᠠᠩ ᠤᠨ ᠬᠤᠷᠤᠭ᠎ᠠ ᠳᠤ ᠬᠦᠷᠴᠦ ᠢᠷᠡᠪᠡ᠂ ᠬᠡᠪᠡᠴᠦ ᠵᠠᠰᠠᠭ ᠤᠨ ᠨᠤᠶᠠᠳ ᠦᠯᠵᠡᠶᠢᠸ᠋ᠴᠢᠷ ᠢ ᠦᠮᠦᠭᠯᠡᠨ᠂ ᠰᠤᠷᠤᠭᠴᠢᠳ ᠢ ᠠᠮᠤᠷᠯᠢᠩᠭᠤᠢ ᠸᠠᠩ ᠲᠠᠢ ᠤᠴᠠᠷᠠᠭᠤᠯᠬᠤ ᠦᠭᠡᠢ ᠪᠦᠬᠡᠳ ᠰᠤᠷᠤᠭᠴᠢᠳ ᠢ ᠬᠡᠷᠡᠭ ᠡᠳᠦᠬᠡᠵᠦ ᠪᠤᠯᠬᠤ ᠦᠭᠡᠢ᠂ ᠲᠠᠷᠤᠶᠢᠬᠠᠨ ᠰᠤᠷᠭᠠᠭᠤᠯᠢ ᠳᠠᠭᠠᠨ ᠬᠠᠷᠢᠵᠦ ᠬᠢᠴᠢᠶᠠᠯ ᠢᠶᠠᠨ ᠰᠡᠷᠬᠦᠬᠡ ᠭᠡᠵᠤ ᠵᠠᠬᠢᠪᠠ᠃ ᠲᠡᠷᠡ ᠦᠶ᠎ᠡ ᠳᠤ ᠬᠤᠰᠢᠭᠤ ᠵᠠᠰᠠᠭ ᠤᠨ ᠪᠢᠴᠢᠬᠡᠴᠢ ᠪᠠᠶᠢᠭᠰᠠᠨ ᠪᠤᠤ ᠶᠤᠸᠠᠢ ᠴᠢᠩ ᠰᠤᠷᠤᠭᠴᠢᠳ ᠢ ᠦᠷᠦ ᠡᠪᠡᠳᠦᠨ ᠲᠠᠮᠵᠢᠵᠦ᠂ ᠰᠤᠷᠤᠭᠴᠢᠳ ᠢ ᠬᠠᠪᠰᠤᠷᠤᠨ ᠠᠮᠤᠷᠯᠢᠩᠭᠤᠢ ᠸᠠᠩ ᠳᠤ ᠲᠡᠪᠰᠢᠬᠦᠯᠬᠦ ᠭᠤᠶᠤᠴᠢᠯᠡᠯ ᠤᠨ ᠪᠢᠴᠢᠭ ᠢ ᠨᠢ ᠵᠠᠰᠠᠵᠦ ᠦᠭᠭᠦᠨ᠂ ᠸᠠᠩ ᠤᠨ ᠬᠤᠷᠤᠭ᠎ᠠ ᠶᠢᠨ ᠠᠷᠦ ᠬᠦᠮᠦᠷᠭᠡ ᠶᠢᠨ ᠪᠤᠶᠢᠳᠡ ᠶᠢ ᠬᠡᠯᠡᠵᠦ ᠰᠤᠷᠤᠭᠴᠢᠳ ᠤᠨ ᠭᠤᠶᠤᠴᠢᠯᠠᠭ᠎ᠠ ᠶᠢᠨ ᠪᠢᠴᠢᠭ ᠢ ᠠᠮᠤᠷᠯᠢᠩᠭᠤᠢ ᠸᠠᠩ ᠳᠤ ᠲᠡᠪᠰᠢᠬᠦᠯᠦᠨ ᠦᠭᠪᠡ᠃ ᠠᠮᠤᠷᠯᠢᠩᠭᠤᠢ ᠸᠠᠩ ᠰᠤᠷᠤᠭᠴᠢᠳ ᠢ ᠬᠦᠯᠢᠶᠠᠨ ᠠᠪᠴᠦ ᠠᠭᠤᠯᠵᠠᠨ᠂ ᠲᠡᠳᠡᠨᠡᠷ ᠤᠨ ᠰᠠᠨᠠᠯ ᠢ ᠰᠤᠨᠤᠰᠤᠭᠠᠳ᠂ ᠦᠯᠵᠡᠶᠢᠸ᠋ᠴᠢᠷ ᠤᠨ ᠰᠤᠷᠭᠠᠭᠤᠯᠢ ᠶᠢᠨ ᠬᠡᠷᠡᠭ ᠮᠡᠳᠡᠭᠴᠢ ᠶᠢᠨ ᠲᠤᠰᠢᠶᠠᠯ ᠢ ᠤᠭᠴᠠᠷᠠᠭᠤᠯᠵᠦ᠂ ᠪᠠᠰᠠ ᠬᠤᠰᠢᠭᠤᠨ ᠤ ᠰᠤᠭᠤ ᠶᠢᠨ ᠪᠤᠯᠭ᠎ᠠ ᠤᠨ ᠵᠤ ᠤᠷᠴᠢᠮ ᠤᠨ ᠸᠠᠩ ᠤᠨ ᠠᠳᠡᠷ ᠤᠨ 70 ᠠᠨᠵᠢᠰᠦ ᠲᠡᠷᠢᠶᠡᠨ ᠤ ᠲᠦᠷᠢᠶᠡᠰᠦᠨ ᠤᠷᠤᠯᠭ᠎ᠠ ᠶᠢ ᠲᠤᠰ ᠰᠤᠷᠭᠠᠭᠤᠯᠢ ᠳᠤ ᠪᠠᠭᠤᠯᠭᠠᠨ ᠦᠭᠴᠦ ᠭᠡᠷᠡᠭᠯᠡᠬᠦᠯᠪᠡ᠃ ᠡᠨᠡ ᠬᠡᠷᠡᠭ ᠠᠴᠠ ᠬᠤᠰᠢᠭᠤ ᠵᠠᠰᠠᠭ  ᠤᠨ ᠨᠤᠶᠠᠳ ᠰᠤᠷᠤᠭᠴᠢᠳ ᠢ ᠬᠡᠷᠡᠭ ᠡᠳᠦᠬᠡᠯ᠎ᠡ ᠭᠡᠵᠤ ᠬᠤᠷᠤᠰᠬᠤ ᠶᠢᠨ ᠬᠠᠮᠳᠤ ᠪᠢᠴᠢᠬᠡᠴᠢ ᠪᠤᠤ ᠶᠤᠸᠠᠢ ᠴᠢᠩ ᠢ ᠰᠤᠷᠤᠭᠴᠢᠳ ᠢ ᠬᠠᠪᠰᠤᠷᠤᠨ ᠠᠷᠦ ᠲᠦᠰᠢᠭ ᠨᠢ ᠪᠤᠯᠪᠠ ᠭᠡᠵᠤ ᠨᠡᠩ ᠢᠯᠡᠬᠦᠦ ᠬᠤᠷᠤᠰᠬᠤ ᠪᠤᠯᠪᠠ᠃ ᠬᠤᠶᠠᠷ ᠲᠤ᠂ ᠲᠤᠰ ᠵᠠᠭᠤᠨ ᠤ ᠬᠤᠷᠢᠭᠠᠳ ᠤᠨ ᠤ ᠡᠬᠢᠨ ᠤ ᠬᠤᠭᠤᠴᠠᠭᠠᠨ ᠳᠤ᠂ ᠵᠡᠬᠦᠨ ᠬᠤᠶᠢᠳᠦ ᠶᠢᠨ ᠴᠡᠷᠢᠭ ᠤᠨ ᠡᠷᠬᠡᠳᠡᠨ ᠦ᠋ ᠵᠢᠶᠦ᠋ᠨ ᠱᠧᠩ᠂ ᠶᠠᠩ ᠢᠦᠢ ᠲᠢᠩ ᠬᠤᠰᠢᠭᠤ ᠵᠠᠰᠠᠭ ᠤᠨ ᠨᠤᠶᠠᠳ ᠲᠠᠢ ᠰᠦᠯᠪᠡᠭᠡᠯᠡᠨ᠂ ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ ᠶᠡᠭᠡ ᠬᠡᠰᠡᠭ ᠭᠠᠵᠠᠷ ᠢ ᠠᠯᠪᠠᠳᠡᠨ ᠬᠤᠳᠡᠯᠳᠤᠨ ᠠᠪᠴᠦ ᠠᠯᠪᠠᠳᠡᠨ ᠲᠦᠷᠢᠶᠡᠰᠦᠯᠡᠬᠡᠳ ᠬᠤᠰᠢᠭᠤᠨ ᠤ ᠠᠷᠠᠳ ᠲᠦᠮᠡᠨ ᠤ ᠴᠢᠩᠭ᠎ᠠ ᠡᠰᠡᠷᠬᠦᠴᠡᠯ ᠢ ᠤᠯᠪᠠ᠃ ᠵᠠᠯᠭᠠᠭᠠᠳ ᠸᠠᠩ ᠤᠨ ᠤᠭᠰᠠᠭᠠᠳᠡᠳ ᠶᠡᠭᠡ ᠪᠠᠷ ᠠᠳᠡᠷ ᠬᠠᠭᠠᠯᠪᠤᠷᠢᠯᠠᠨ᠂ ᠬᠤᠰᠢᠭᠤᠨ ᠤ ᠠᠷᠠᠳ ᠤᠨ ᠬᠤᠷᠤᠰᠦᠯ ᠢ ᠲᠡᠭᠳᠡᠭᠡᠪᠡ᠃ ᠬᠤᠰᠢᠭᠤ ᠵᠠᠰᠠᠭ ᠤᠨ ᠲᠠᠮᠠᠭᠠᠨ ᠤᠨ ᠵᠠᠯᠠᠨ ᠦᠨᠡᠨᠵᠢᠷᠭᠠᠯ ᠡᠷᠬᠡ ᠰᠦᠷ ᠲᠡᠭᠡᠨ ᠡᠷᠳᠦᠶᠢᠨ ᠪᠤᠤ ᠶᠤᠸᠠᠢ ᠴᠢᠩ ᠤᠨ ᠲᠦᠷᠦᠭᠰᠡᠨ ᠨᠤᠳᠤᠭ ᠲᠠᠪᠤᠨ ᠰᠢᠨᠠ ᠶᠢᠨ ᠠᠳᠡᠷ ᠢ  ᠬᠠᠭᠠᠯᠪᠤᠷᠢᠯᠠᠭᠰᠠᠨ ᠳᠤ ᠲᠤᠬᠠᠢ ᠶᠢᠨ ᠭᠠᠵᠠᠷ ᠤᠨ ᠠᠷᠠᠳ ᠲᠦᠮᠡᠨ ᠬᠤᠷᠢᠭᠯᠡᠭᠠᠳ᠂ ᠬᠤᠰᠢᠭᠤ ᠵᠠᠰᠠᠭ ᠤᠨ ᠴᠡᠷᠢᠭ ᠲᠤ ᠬᠦᠬᠡᠬᠡᠭᠳᠡᠪᠡ᠃ ᠡᠬᠦᠨ ᠳᠤ ᠤᠯᠠᠨ ᠲᠦᠮᠡᠨ ᠪᠤᠤ ᠶᠤᠸᠠᠢ ᠴᠢᠩ ᠢ ᠡᠷᠢᠵᠦ ᠲᠡᠳᠡᠨ ᠤ ᠡᠮᠦᠨ᠎ᠡ ᠠᠴᠠ ᠦᠬᠡ ᠬᠡᠯᠡᠬᠦᠯᠦᠨ ᠬᠠᠪᠰᠤᠷᠠᠭᠤᠯᠬᠤ ᠭᠡᠪᠡ᠂ ᠬᠡᠪᠡᠴᠦ ᠪᠤᠤ ᠶᠤᠸᠠᠢ ᠴᠢᠩ ᠤᠨ ᠵᠡᠷᠭᠡ ᠨᠢ ᠪᠠᠭ᠎ᠠ ᠦᠬᠡ ᠬᠡᠯᠡᠬᠡᠳ ᠭᠠᠵᠠᠷ ᠡᠵᠡᠯᠡᠬᠦ ᠦᠭᠡᠢ ᠤᠴᠢᠷ ᠠᠴᠠ ᠬᠠᠪᠰᠤᠷᠬᠤ ᠠᠷᠭ᠎ᠠ ᠦᠭᠡᠢ ᠪᠠᠶᠢᠪᠠ᠃ ᠬᠤᠵᠢᠮ ᠨᠢ ᠲᠤᠬᠠᠢ ᠶᠢᠨ ᠭᠠᠵᠠᠷ ᠤᠨ ᠲᠠᠪᠤᠨ ᠠᠶᠢᠯ ᠤᠨ ᠤᠯᠠᠨ ᠲᠦᠮᠡᠨ ᠦᠪᠡᠷᠰᠡᠳ ᠢᠶᠠᠨ ᠵᠠᠮ ᠤᠨ ᠵᠤᠭᠤᠰ ᠴᠤᠭᠯᠠᠭᠤᠯᠤᠨ ᠪᠤᠤ ᠶᠤᠸᠠᠢ ᠴᠢᠩ ᠢ ᠨᠡᠶᠢᠳᠡᠨ ᠪᠡᠭᠡᠵᠢᠩ ᠳᠤ ᠤᠴᠢᠭᠤᠯᠵᠦ ᠠᠮᠤᠷᠯᠢᠩᠭᠤᠢ ᠸᠠᠩ  ᠳᠤ ᠵᠠᠭᠠᠯᠳᠤᠭᠤᠯᠬᠤ ᠭᠡᠪᠡ᠂ ᠪᠤᠤ ᠶᠤᠸᠠᠢ ᠴᠢᠩ ᠨᠤᠳᠤᠭ ᠤᠨ ᠤᠯᠠᠨ ᠤ ᠬᠦᠰᠡᠯ ᠨᠠᠶᠢᠳᠠᠯᠠᠭ᠎ᠠ ᠪᠠᠷ ᠪᠡᠬᠡᠵᠢᠩ ᠳᠤ ᠤᠴᠢᠵᠡᠢ᠃ ᠬᠡᠳᠡᠯ᠎ᠡ᠂ ᠠᠮᠤᠷᠯᠢᠩᠭᠤᠢ ᠸᠠᠩ ᠤᠨ ᠬᠤᠷᠤᠭ᠎ᠠ ᠠᠯᠢ ᠬᠡᠵᠢᠶᠡᠨᠡᠢ ᠬᠤᠰᠢᠭᠤ ᠵᠠᠰᠠᠭ ᠤᠨ ᠨᠢᠭᠤᠴᠠ ᠮᠡᠳᠡᠭᠡ ᠶᠢ ᠲᠤᠰᠴᠦ ᠤᠯᠤᠭᠠᠳ ᠪᠠᠶᠢᠭᠰᠠᠨ ᠲᠤᠯᠠ ᠪᠤᠤ ᠶᠤᠸᠠᠢ ᠴᠢᠩ ᠢ ᠠᠮᠤᠷᠯᠢᠩᠭᠤᠢ ᠸᠠᠩ ᠲᠠᠢ ᠤᠴᠠᠷᠠᠭᠤᠯᠬᠤ ᠦᠭᠡᠢ ᠪᠠᠶᠢᠪᠠ᠃ ᠪᠤᠤ ᠶᠤᠸᠠᠢ ᠴᠢᠩ ᠪᠡᠬᠡᠵᠢᠩ ᠳᠤ ᠬᠡᠳᠦ ᠬᠤᠨᠤᠭᠠᠳ ᠸᠠᠩ ᠨᠤᠶᠠᠨ ᠲᠠᠢ ᠤᠯᠵᠦ ᠤᠴᠠᠷᠠᠬᠤ ᠦᠭᠡᠢ ᠲᠤᠩ ᠪᠠᠴᠢᠮᠳᠡᠵᠦ᠂ ᠠᠷᠭ᠎ᠠ ᠪᠤᠰᠤ ᠨᠢᠬᠡ ᠪᠦᠯᠦᠭ ᠭᠤᠶᠢᠷᠡᠨᠴᠢ ᠳᠤ ᠵᠤᠭᠤᠰ ᠦᠭᠴᠦ᠂ ᠠᠮᠤᠷᠯᠢᠩᠭᠤᠢ ᠸᠠᠩ ᠤᠨ ᠮᠠᠰᠢᠨ ᠲᠡᠷᠭᠡᠨ ᠤ ᠡᠮᠦᠨ᠎ᠡ ᠬᠡᠪᠳᠡᠬᠦᠯᠵᠦ ᠵᠠᠮ ᠲᠤᠰᠤᠭᠤᠯᠤᠨ᠂ ᠪᠤᠤ ᠶᠤᠸᠠᠢ ᠴᠢᠩ ᠲᠡᠷᠭᠡᠨ ᠡᠮᠦᠨ᠎ᠡ ᠨᠢ ᠰᠦᠬᠦᠳᠦᠨ ᠲᠠᠪᠤᠨ ᠰᠢᠨᠠ ᠶᠢᠨ ᠤᠯᠠᠨ ᠲᠦᠮᠡᠨ ᠤ ᠭᠤᠶᠤᠴᠢᠯᠠᠭ᠎ᠠ ᠶᠢᠨ ᠪᠢᠴᠢᠭ ᠢ ᠡᠷᠬᠦᠵᠦ᠂ ᠵᠠᠰᠠᠭ ᠤᠨ ᠨᠤᠶᠠᠳ  ᠤᠨ ᠠᠯᠪᠠ ᠪᠠᠷ ᠠᠳᠡᠷ ᠬᠠᠭᠠᠯᠪᠤᠷᠢᠯᠡᠨ᠂ ᠮᠠᠯᠴᠢᠳ ᠢ ᠠᠮᠢᠳᠦᠷᠠᠬᠤ ᠠᠷᠭ᠎ᠠ ᠦᠭᠡᠢ ᠪᠤᠯᠭᠠᠭᠰᠠᠨ ᠬᠡᠷᠡᠭ ᠢ ᠨᠢᠬᠡᠳ ᠨᠢᠬᠡ ᠪᠠᠷ ᠮᠡᠳᠡᠬᠦᠯᠪᠡ᠃ ᠠᠮᠤᠷᠯᠢᠩᠭᠤᠢ ᠸᠠᠩ ᠰᠤᠨᠤᠰᠤᠭᠰᠠᠨ ᠤ ᠲᠠᠷᠠᠭ᠎ᠠ᠂ ᠲᠡᠬᠦᠨ ᠢ ᠤᠷᠢᠳᠡᠪᠡᠷ ᠬᠠᠷᠢᠵᠦ ᠪᠠᠢ᠂ ᠡᠨᠡ ᠬᠡᠷᠡᠭ ᠢ ᠪᠢ ᠨᠢᠬᠡᠨᠳᠡ ᠮᠡᠳᠡᠭᠰᠡᠨ᠂ ᠬᠤᠰᠢᠭᠤ ᠵᠠᠰᠠᠭ ᠢᠶᠠᠷ ᠵᠤᠬᠢᠰᠳᠡᠢ ᠰᠢᠢᠳᠪᠦᠷᠢᠯᠡᠬᠦᠯᠦᠨ᠎ᠡ ᠭᠡᠵᠤ ᠬᠡᠯᠡᠪᠡ᠃ ᠡᠬᠦᠨ ᠳᠤ ᠪᠤᠤ ᠶᠤᠸᠠᠢ ᠴᠢᠩ ᠮᠥᠨ ᠯᠡ ᠰᠦᠬᠦᠳᠦᠭᠰᠡᠭᠡᠷ᠄ ᠲᠠᠪᠤᠨ ᠰᠢᠨᠡ ᠶᠢᠨ ᠭᠠᠵᠠᠷ ᠪᠤᠯ ᠡᠷᠬᠢᠨ ᠲᠤᠭᠤᠷᠢᠨ ᠤ ᠲᠠᠪᠤᠨ ᠠᠶᠢᠯ ᠤᠨ ᠬᠡᠳᠦᠨ ᠵᠠᠭᠤᠨ ᠮᠤᠩᠭᠤᠯᠴᠤᠳ ᠤᠨ ᠨᠤᠳᠤᠭ ᠪᠡᠯᠴᠢᠬᠡᠷ ᠤᠨ ᠲᠠᠯᠠᠪᠠᠢ ᠮᠥᠨ᠂ ᠬᠡᠷᠪᠡ ᠲᠡᠳᠡᠨᠡᠷ  ᠤᠨ ᠠᠵᠦ ᠲᠦᠷᠦᠬᠦ ᠭᠠᠵᠠᠷ ᠨᠤᠳᠤᠭ ᠢ ᠨᠢ ᠪᠤᠯᠢᠶᠠᠨ᠂ ᠲᠡᠳᠡᠨᠡᠷ ᠢ ᠠᠮᠢᠳᠦᠷᠡᠯ ᠤᠨ ᠲᠦᠰᠢᠭ ᠢ ᠨᠢ ᠠᠯᠳᠠᠭᠤᠯᠪᠠᠯ᠂ ᠤᠯᠠᠨ ᠲᠦᠮᠡᠨ ᠲᠦᠷᠦᠭᠰᠡᠨ ᠨᠤᠳᠤᠭ ᠠᠴᠠ ᠪᠠᠨ ᠰᠠᠯᠵᠦ ᠲᠡᠨᠦᠬᠦᠴᠢᠯᠡᠨ᠂ ᠪᠤᠰᠤᠯᠴᠠᠵᠦ\ ᠡᠬᠡᠷᠡᠭ ᠡᠳᠦᠬᠡᠬᠦ ᠪᠤᠯᠤᠨ᠎ᠠ ᠭᠡᠵᠤ ᠠᠶᠢᠯᠠᠳᠬᠠᠪᠠ᠃ ᠠᠮᠤᠷᠯᠢᠩᠭᠤᠢ ᠸᠠᠩ ᠰᠤᠨᠤᠰᠤᠭᠠᠳ ᠬᠡᠷᠡᠭ ᠬᠦᠨᠳᠦ ᠨᠤᠴᠢᠳᠡᠢ ᠶᠢ ᠰᠡᠷᠡᠵᠦ ᠮᠡᠳᠡᠵᠦ᠂ ᠪᠤᠤ ᠶᠤᠸᠠᠢ ᠴᠢᠩ ᠤᠨ ᠡᠷᠬᠦᠳᠡᠯ ᠤᠨ ᠪᠢᠴᠢᠭ ᠤᠨ ᠲᠤᠤᠷ᠎ᠡ ᠲᠠᠯ᠎ᠠ ᠳᠤᠨᠢ ︽ᠲᠠᠪᠤᠨ ᠰᠢᠨᠡ ᠶᠢᠨ ᠠᠳᠡᠷ  ᠢ ᠬᠠᠭᠠᠯᠪᠤᠷᠢᠯᠠᠵᠦ ᠪᠤᠯᠬᠤ ᠦᠭᠡᠢ︾ ᠭᠡᠰᠡᠨ ᠵᠠᠷᠯᠢᠭ ᠪᠢᠴᠢᠵᠦ ᠦᠭᠪᠡ᠂ ᠪᠤᠤ ᠶᠤᠸᠠᠢ ᠴᠢᠩ ᠠᠮᠤᠷᠯᠢᠩᠭᠤᠢ ᠸᠠᠩ  ᠤᠨ ᠭᠠᠷ ᠤᠨ ᠪᠢᠴᠢᠭ ᠢ ᠠᠪᠴᠦ ᠨᠤᠳᠤᠭ ᠲᠠᠭᠠᠨ ᠬᠠᠷᠢᠭᠠᠳ ᠨᠤᠳᠤᠭ ᠤᠨ ᠢᠶᠠᠨ ᠨᠤᠳᠤᠭ ᠪᠡᠯᠴᠢᠬᠡᠷ ᠤᠨ ᠲᠠᠯᠠᠪᠠᠢ  ᠪᠠᠨ ᠬᠠᠮᠠᠭᠠᠯᠠᠵᠦ ᠠᠪᠴᠡᠢ᠂ ᠬᠡᠳᠡᠯ᠎ᠡ ᠬᠤᠰᠢᠭᠤ ᠵᠠᠰᠠᠭ ᠤᠨ ᠨᠤᠶᠠᠳ ᠲᠡᠬᠦᠨ ᠳᠤ ᠦᠬᠦᠨ ᠬᠤᠷᠤᠰᠴᠦ᠂ ᠲᠡᠬᠦᠨ ᠤ ᠪᠢᠴᠢᠭᠡᠴᠢ ᠶᠢᠨ ᠲᠤᠰᠢᠶᠠᠯ ᠢ ᠨᠢ ᠤᠭᠴᠠᠷᠠᠭᠤᠯᠪᠠ᠃ ᠡᠬᠦᠨ ᠤ ᠬᠠᠮᠳᠤ ᠬᠤᠰᠢᠭᠤ ᠵᠠᠰᠠᠭ ᠨᠢ ᠪᠠᠰᠠ ᠵᠢᠷᠢᠮ ᠤᠨ ᠴᠢᠭᠤᠯᠭᠠᠨ ᠳᠤ ᠨᠢᠭᠤᠴᠠ ᠮᠡᠳᠡᠭᠡ ᠢᠯᠡᠬᠡᠨ᠄ ︽ᠪᠤᠤ ᠶᠤᠸᠠᠢ ᠴᠢᠩ ᠢ ᠬᠡᠪ ᠢᠶᠠᠨ ᠰᠠᠬᠢᠬᠤ ᠦᠭᠡᠢ ᠤᠯᠠᠨ ᠶᠢᠨ ᠦᠢᠮᠡᠬᠦᠯᠦᠨ ᠬᠡᠷᠡᠭ ᠡᠳᠦᠬᠡᠵᠦ᠂ ᠸᠠᠩ ᠨᠤᠶᠠᠨ ᠢ ᠡᠰᠡᠷᠬᠦᠴᠡᠨ᠂ ᠤᠨᠳᠤᠤ ᠰᠠᠨᠠᠭ᠎ᠠ ᠭᠠᠷᠭᠠᠵᠦ ᠪᠠᠶᠢᠨ᠎ᠠ︾ ᠭᠡᠵᠤ ᠮᠡᠳᠡᠭᠳᠡᠨ᠂ ᠤᠳᠡᠯ ᠦᠭᠡᠢ ᠪᠤᠤ ᠶᠤᠸᠠᠢ ᠴᠢᠩ ᠢ ᠬᠤᠰᠢᠭᠤ ᠠᠴᠠ ᠬᠦᠬᠡᠬᠡᠨ ᠭᠠᠷᠭᠠᠵᠦ᠂ ᠲᠡᠬᠦᠨ ᠤ ᠲᠡᠨᠦᠬᠦᠯ ᠠᠮᠢᠳᠦᠷᠡᠯ ᠢ ᠡᠬᠢᠯᠡᠬᠦᠯᠦᠭᠰᠡᠨ ᠪᠠᠶᠢᠨ᠎ᠠ᠃     1924 ᠤᠨ ᠳᠤ᠂ ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ ᠮᠠᠷᠤᠳ ᠨᠤᠳᠤᠭ ᠤᠨ ᠶᠡᠭᠡ ᠳ᠋ᠡ ᠲᠠᠮᠷᠢᠨᠯᠠᠰᠠᠭ ᠬᠤᠰᠢᠭᠤ ᠵᠠᠰᠠᠭ ᠲᠤ ᠤᠴᠢᠷ ᠰᠢᠯᠳᠠᠭᠠᠨ ᠦᠭᠡᠢ ᠪᠠᠷ ᠲᠤᠰᠢᠶᠠᠯ ᠢᠶᠠᠨ ᠤᠭᠴᠠᠷᠠᠭᠤᠯᠤᠭᠳᠠᠭᠳ ᠲᠤᠷ᠎ᠡ ᠦᠬᠡᠶᠢᠴᠡᠨ᠂ ᠤᠤᠯ ᠤᠨ ᠹᠧᠩ ᠢᠦᠢ ᠰᠢᠶᠠᠩ ᠤᠨ ᠲᠤᠤᠷᠡᠬᠢ ᠵᠠᠩᠵᠤᠨ ᠯᠤ᠋ ᠵᠠᠨ ᠺᠦᠢ ᠶᠢ ᠡᠷᠢᠵᠦ ᠤᠴᠢᠪᠡ᠂ ᠲᠡᠷᠡ ᠦᠶᠡᠰ ᠯᠤ᠋ ᠵᠠᠨ ᠺᠦᠢ ᠶᠠᠭ ᠰᠠᠶ᠋ᠢᠬᠠᠨ ᠲᠦᠩᠯᠢᠶᠥᠥ ᠤᠷᠴᠢᠮ ᠴᠡᠷᠢᠭ ᠮᠤᠷᠢ ᠴᠤᠭᠯᠠᠭᠤᠯᠵᠦ ᠪᠠᠶᠢᠭᠰᠠᠨ ᠪᠤᠯᠬᠤᠷ ᠲᠠᠮᠷᠢᠨᠯᠠᠰᠠᠭ ᠢ ᠮᠤᠷᠢᠳᠦ ᠴᠡᠷᠢᠭ ᠤᠨ ᠲᠤᠰᠠᠭᠠᠷ ᠬᠤᠷᠢᠶ᠎ᠡ ᠶᠢᠨ ᠬᠤᠷᠢᠶᠡᠨ ᠲᠠᠷᠤᠭ᠎ᠠ ᠲᠡᠪᠰᠢᠬᠦᠯᠵᠦ᠂ ᠦᠪᠡᠷ ᠢᠶᠠᠨ ᠴᠡᠷᠢᠭ ᠡᠯᠰᠡ ᠭᠡᠵᠡᠢ᠃ ᠪᠤᠤ ᠶᠤᠸᠠᠢ ᠴᠢᠩ ᠪᠤᠯᠤᠨ ᠲᠠᠮᠷᠢᠨᠯᠠᠰᠠᠭ ᠤᠭᠰᠠᠭ᠎ᠠ ᠨᠢᠬᠡᠳᠡᠢ ᠮᠦᠷᠳᠡᠭᠡᠨ ᠤᠶᠢᠷ᠎ᠡ ᠲᠦᠷᠦᠯ ᠤᠨ ᠬᠠᠷᠢᠴᠠᠭ᠎ᠠ ᠲᠠᠢ ᠪᠠᠶᠢᠪᠠ᠂ ᠬᠤᠶᠠᠭᠤᠯᠡ ᠬᠤᠷᠰᠢᠨ ᠬᠤᠷᠴᠢᠨ ᠵᠡᠬᠦᠨ ᠭᠠᠷᠤᠨ ᠬᠤᠶᠢᠳᠦ ᠬᠤᠰᠢᠭᠤ ᠪᠤᠯᠤᠨ ᠬᠤᠷᠴᠢᠨ ᠵᠡᠬᠦᠨ ᠭᠠᠷᠤᠨ ᠡᠮᠦᠨᠡᠳᠦ ᠬᠤᠰᠢᠭᠤ ᠠᠴᠠ 200 ᠭᠠᠷᠤᠢ ᠬᠦᠮᠦᠨ ᠡᠯᠰᠡᠨ᠂ ᠲᠠᠮᠷᠢᠨᠯᠠᠰᠠᠭ ᠤᠨ ᠲᠠᠨᠢᠯᠴᠠᠭᠤᠯᠭ᠎ᠠ ᠪᠠᠷ ᠪᠤᠤ ᠶᠤᠸᠠᠢ ᠴᠢᠩ ᠲᠤᠰᠠᠭᠠᠷ ᠬᠤᠷᠢᠶ᠎ᠡ ᠶᠢᠨ ᠼᠠᠨᠮᠤᠵᠠᠩ ᠪᠠᠷ ᠲᠡᠪᠰᠢᠬᠦᠯᠦᠭᠳᠡᠪᠡ᠃ ᠲᠠᠮᠷᠢᠨᠯᠠᠰᠠᠭ ᠴᠡᠷᠢᠭ ᠠᠩᠭᠢ ᠪᠠᠶᠢᠭᠤᠯᠵᠦ ᠪᠤᠰᠤᠭᠰᠠᠨ ᠨᠢ ᠬᠤᠰᠢᠭᠤ ᠵᠠᠰᠠᠭ ᠲᠤ ᠲᠠᠷᠤᠭᠠᠰᠦ ᠦᠭᠴᠦ᠂ ᠦᠪᠡᠷ ᠤᠨ ᠨᠤᠶᠠᠨ ᠵᠡᠷᠭᠡ ᠪᠠᠨ ᠰᠡᠷᠬᠦᠬᠡᠬᠦ ᠶᠢ ᠰᠠᠨᠠᠵᠦ ᠪᠠᠶᠢᠪᠠ᠂ ᠪᠤᠤ ᠶᠤᠸᠠᠢ ᠴᠢᠩ ᠬᠠᠷᠢᠨ ᠬᠠᠮᠳᠤᠷᠡᠨ ᠠᠵᠢᠯᠯᠠᠬᠤ ᠨᠡᠷ᠎ᠡ ᠪᠠᠷ ᠵᠡᠪᠰᠡᠭᠳᠦ ᠬᠦᠴᠦᠨ ᠢ ᠠᠳᠬᠤᠵᠦ᠂ ᠡᠨᠡᠬᠦ ᠰᠠᠯᠪᠤᠷᠢ ᠴᠡᠷᠢᠭ ᠠᠩᠭᠢ ᠪᠠᠷ ᠰᠠᠭᠤᠷᠢ ᠪᠤᠯᠭᠠᠨ᠂ ᠦᠪᠦᠷ ᠮᠤᠩᠭᠤᠯ ᠪᠤᠯᠤᠨ ᠠᠷᠦ ᠮᠤᠩᠭᠤᠯ ᠤᠨ ᠬᠤᠪᠢᠰᠬᠠᠯ ᠤᠨ ᠬᠦᠴᠦ ᠲᠠᠢ ᠬᠤᠯᠪᠤᠭᠠᠯᠠᠵᠦ᠂ ᠮᠤᠩᠭᠤᠯ ᠤᠨ ᠦᠪᠡᠷᠳᠡᠭᠡᠨ ᠵᠠᠰᠠᠬᠤ ᠬᠦᠴᠦᠷᠬᠡᠭ ᠶᠡᠭᠡ ᠵᠡᠪᠰᠡᠭᠳᠦ ᠬᠦᠴᠦᠨ ᠢ ᠪᠦᠷᠢᠯᠳᠦᠬᠦᠯᠵᠦ᠂ ᠹᠸᠥᠳᠡᠯ ᠤᠨ ᠸᠠᠩ ᠭᠦᠩ ᠪᠤᠯᠤᠨ ᠴᠡᠷᠢᠭ ᠤᠨ ᠡᠷᠬᠡᠳᠡᠨ ᠲᠠᠢ ᠲᠡᠮᠡᠴᠡᠯ ᠬᠢᠪᠡ᠃ ᠤᠳᠡᠯ ᠦᠭᠡᠢ ᠡᠨᠡᠬᠦ ᠰᠠᠯᠪᠤᠷᠢ ᠴᠡᠷᠢᠭ ᠤᠨ ᠡᠩᠨᠡᠭᠡ ᠨᠢ ᠮᠢᠩᠭ᠎ᠠ ᠢᠯᠡᠬᠦᠦ ᠬᠦᠮᠦᠨ ᠪᠤᠯᠪᠠ᠃ ᠲᠡᠳᠡ ᠴᠡᠷᠢᠭ ᠤᠨ ᠡᠩᠨᠡᠭᠡ ᠪᠠᠨ ᠰᠤᠯᠤᠨ ᠤᠷᠴᠢᠮ ᠲᠡᠳᠡᠨ ᠠᠪᠠᠴᠢᠵᠦ᠂ ᠠᠷᠦ ᠮᠤᠩᠭᠤᠯ ᠤᠨ ᠲᠤᠰᠠᠯᠠᠬᠤ ᠶᠢ ᠬᠦᠯᠢᠶᠡᠪᠡ᠃ ᠶᠠᠭ ᠰᠠᠶ᠋ᠢᠬᠠᠨ ᠡᠨᠡ ᠦᠶᠡᠰ ᠵᠠᠩ ᠽᠦᠸᠧ ᠯᠢᠨ  ᠤ ᠭᠠᠷ ᠲᠤᠤᠷᠡᠬᠢ ᠭᠥᠸᠧ ᠰᠦᠩ ᠯᠢᠨ ᠤ ᠮᠦᠭᠳᠡᠨ ᠢ ᠡᠰᠡᠷᠬᠦᠴᠡᠭᠰᠡᠨ ᠬᠡᠷᠡᠭ ᠡᠬᠦᠰᠴᠦ᠂ ᠡᠨᠡᠬᠦ ᠬᠡᠷᠡᠭ ᠨᠢ ᠹᠧᠩ ᠢᠦᠢ ᠰᠢᠶᠠᠩ ᠪᠤᠯᠤᠨ ᠲᠡᠬᠦᠨ ᠤ ᠭᠠᠷ ᠲᠤᠤᠷᠡᠬᠢ ᠯᠤ᠋ ᠵᠠᠨ ᠺᠦᠢ ᠲᠠᠢ ᠬᠤᠯᠪᠤᠭᠳᠡᠵᠦ᠂ ᠲᠤᠤ ᠯᠢᠶᠥᠥ ᠪᠠᠯᠭᠠᠰᠤ ᠶᠢ ᠰᠠᠬᠢᠭᠴᠢ ᠬᠠᠨ ᠴᠤᠤ ᠰᠢ ᠵᠠᠩ ᠽᠦᠸᠧ ᠯᠢᠨ ᠤ ᠵᠠᠷᠯᠢᠭ ᠢᠶᠠᠷ ᠲᠦᠩᠯᠢᠶᠥᠥ ᠤᠷᠤᠨ ᠳᠤ ᠯᠤ᠋ ᠵᠠᠨ ᠺᠦᠢ ᠶᠢ ᠪᠦᠰᠡᠯᠡᠨ ᠤᠰᠠᠳᠬᠠᠵᠦ᠂ ᠮᠠᠰᠢ ᠤᠯᠠᠨ ᠬᠦᠮᠦᠨ ᠠᠯᠠᠵᠦ᠂ ᠡᠬᠦᠨ ᠤ ᠤᠯᠠᠮ ᠠᠴᠠ ᠮᠤᠷᠢᠳᠦ ᠴᠡᠷᠢᠭ ᠤᠨ ᠲᠤᠰᠠᠭᠠᠷ ᠬᠤᠷᠢᠶ᠎ᠡ ᠶᠢ ᠪᠦᠰᠡᠯᠡᠨ ᠤᠰᠠᠳᠬᠠᠪᠠ᠃ ᠡᠨᠡᠬᠦ ᠰᠠᠯᠪᠤᠷᠢ ᠰᠠᠶ᠋ᠢᠬᠠᠨ ᠪᠠᠶᠢᠭᠤᠯᠤᠭᠳᠠᠭᠠᠳ ᠰᠤᠷᠢᠯᠳᠡ ᠪᠤᠯᠪᠠᠰᠤᠷᠡᠯ ᠬᠢᠵᠦ ᠠᠮᠵᠢᠭ᠎ᠠ ᠦᠭᠡᠢ ᠴᠡᠷᠢᠭ ᠠᠩᠭᠢ᠂ ᠮᠦᠭᠳᠡᠨ ᠤ ᠴᠡᠷᠢᠭ ᠲᠤ ᠮᠠᠰᠢ ᠲᠦᠷᠭᠡᠨ ᠴᠤᠬᠢᠭᠳᠡᠨ ᠰᠠᠷᠨᠢᠪᠠ᠃ ᠵᠠᠩ ᠽᠦᠸᠧ ᠯᠢᠨ ᠵᠠᠷᠯᠢᠭ ᠪᠠᠭᠤᠯᠭᠠᠨ᠂ ᠯᠤ᠋ ᠵᠠᠨ ᠺᠦᠢ ᠶᠢᠨ ᠡᠯ᠎ᠡ ᠬᠡᠯᠳᠡᠰ ᠤᠨ ᠬᠤᠷᠢᠶ᠎ᠠ᠂ ᠪᠠᠲᠯᠢᠶᠤᠨ ᠤ ᠴᠡᠷᠢᠭ ᠤᠨ ᠨᠤᠶᠠᠳ ᠢ ᠪᠠᠷᠢᠪᠴᠢᠯᠠᠬᠤ ᠵᠠᠷ ᠲᠠᠷᠬᠠᠭᠠᠵᠦ᠂ ᠲᠠᠮᠷᠢᠨᠯᠠᠰᠠᠭ ᠪᠤᠯᠤᠨ ᠪᠤᠤ ᠶᠤᠸᠠᠢ ᠴᠢᠩ ᠪᠠᠰᠠ ᠪᠠᠷᠢᠪᠴᠢᠯᠠᠬᠤ ᠨᠡᠷ᠎ᠡ ᠲᠤᠳᠤᠷ᠎ᠡ ᠤᠷᠤᠵᠦ ᠪᠠᠶᠢᠵᠡᠢ᠃ ᠪᠤᠤ ᠶᠤᠸᠠᠢ ᠴᠢᠩ ᠪᠠᠳᠢᠷᠴᠢ ᠯᠠᠮᠠ ᠰᠢᠭ᠋ ᠵᠠᠰᠠᠵᠦ ᠵᠢᠰᠦ ᠪᠤᠷᠤᠭᠤᠯᠠᠨ ᠲᠤᠳᠠᠭᠠᠵᠦ᠂ ᠰᠢᠯᠢᠩᠭᠤᠤᠯ ᠤᠨ ᠲᠠᠯ᠎ᠠ ᠨᠤᠳᠤᠭ ᠶᠠᠪᠤᠵᠦ᠂ ᠵᠠᠩ ᠵᠢᠶᠠ ᠺᠸᠦ ᠶᠢ ᠦᠩᠭᠡᠷᠡᠨ ᠪᠡᠭᠡᠵᠢᠩ ᠳᠤ ᠤᠴᠢᠪᠡ᠃     ᠪᠤᠤ ᠶᠤᠸᠠᠢ ᠴᠢᠩ ᠪᠡᠭᠡᠵᠢᠩ ᠳᠤ ᠮᠦᠭᠳᠡᠨ ᠤ ᠮᠤᠩᠭᠤᠯ ᠲᠤᠮᠳᠡᠳᠦ ᠰᠤᠷᠭᠠᠭᠤᠯᠢ ᠳᠤ ᠪᠠᠶᠢᠬᠤ ᠦᠶᠡᠰ ᠤᠨ ᠬᠠᠮᠳᠤ ᠰᠤᠷᠤᠯᠭᠠᠳᠡᠨ ᠰᠠᠶᠢᠨ ᠨᠠᠶᠢᠵᠠ᠂ ᠤᠯᠤᠰ ᠤᠨ ᠬᠤᠷᠡᠯ ᠤᠨ ᠵᠦᠪᠯᠡᠭᠴᠢ ᠭᠡᠰᠢᠩᠭᠡ ᠶᠢᠨ ᠭᠡᠷ ᠲᠤ ᠰᠠᠭᠤᠪᠠ᠃ ᠲᠤᠬᠠᠢ ᠶᠢᠨ ᠦᠶᠡᠰ ᠦᠪᠦᠷ ᠮᠤᠩᠭᠤᠯ ᠤᠷᠤᠨ ᠳᠤ ᠨᠡᠯᠢᠶᠡᠳ ᠨᠡᠷ᠎ᠡ ᠬᠦᠨᠳᠦ ᠲᠠᠢ ᠪᠠᠢ ᠶᠦᠨ ᠲᠢ᠂ ᠭᠥᠸᠧ ᠳ᠋ᠤᠤ ᠹᠦ᠋᠂ ᠶᠢᠨ ᠰᠢᠶᠦ᠋ᠨ ᠴᠢᠩ᠂ ᠢᠳᠰᠢᠨ᠂ ᠸᠠᠩ ᠶᠢᠨ ᠾᠸᠦ᠂ ᠦ᠋ ᠭᠤᠸᠠᠨ ᠴᠢᠩ ᠨᠡᠷ ᠴᠦᠮ ᠪᠡᠭᠡᠵᠢᠩ ᠳᠤ ᠡᠯ᠎ᠡ ᠵᠦᠢᠯ ᠤᠨ ᠠᠵᠢᠯᠯᠠᠭ᠎ᠠ ᠬᠢᠵᠦ ᠪᠠᠶᠢᠪᠠ᠃ ᠤᠯᠤᠰ ᠤᠨ ᠬᠤᠷᠡᠯ ᠤᠨ ᠵᠦᠪᠯᠡᠭᠴᠢ ᠪᠤᠯᠤᠭᠰᠠᠨ ᠬᠡᠰᠢᠩᠭᠡ ᠡᠳᠡᠭᠡᠷ ᠬᠦᠮᠦᠰ ᠲᠠᠢ ᠴᠦᠮ ᠶᠠᠪᠤᠯᠴᠠᠭ᠎ᠠ ᠲᠠᠢ ᠪᠠᠶᠢᠪᠠ᠃ ᠬᠡᠰᠢᠩᠭᠡ ᠶᠢᠨ ᠲᠠᠨᠢᠯᠴᠠᠭᠤᠯᠭ᠎ᠠ ᠪᠠᠷ ᠪᠤᠤ ᠶᠤᠸᠠᠢ ᠴᠢᠩ ᠲᠡᠳᠡᠨᠡᠷ  ᠲᠠᠢ ᠲᠠᠨᠢᠯᠴᠠᠨ ᠶᠠᠪᠤᠯᠴᠠᠪᠠ᠃ ᠪᠠᠢ ᠶᠦᠨ ᠲᠢ ᠪᠤᠯᠤᠨ ᠭᠥᠸᠧ ᠳ᠋ᠤᠤ ᠹᠦ᠋ ᠦᠪᠦᠷ ᠮᠤᠩᠭᠤᠯ ᠤᠨ ᠠᠷᠠᠳ ᠤᠨ ᠬᠤᠪᠢᠰᠬᠠᠯᠳᠦ ᠨᠠᠮ ᠢ ᠡᠬᠦᠰᠬᠡᠨ ᠪᠠᠶᠢᠭᠤᠯᠬᠤ ᠪᠠᠷ ᠰᠠᠨᠠᠭᠠᠴᠢᠯᠠᠬᠤ ᠦᠶ᠎ᠡ ᠳᠤ᠂ ᠪᠤᠤ ᠶᠤᠸᠠᠢ ᠴᠢᠩ ᠢᠳᠡᠪᠬᠢᠳᠡᠢ ᠲᠡᠮᠵᠢᠵᠦ᠂ ᠡᠬᠦᠰᠬᠡᠨ ᠪᠠᠶᠢᠭᠤᠯᠤᠭᠴᠢ ᠶᠢᠨ ᠨᠢᠬᠡ ᠨᠢ ᠪᠤᠯᠵᠦ᠂ ᠪᠠᠢ ᠶᠦᠨ ᠲᠢ᠂ ᠭᠥᠸᠧ ᠳ᠋ᠤᠤ ᠹᠦ᠋ ᠲᠠᠢ ᠬᠠᠮᠳᠤ ᠤᠬᠠᠭᠤᠯᠤᠨ ᠲᠠᠶᠢᠴᠢᠯᠠᠬᠤ ᠠᠵᠢᠯ ᠬᠢᠪᠡ᠃ ᠦᠪᠦᠷ ᠮᠤᠩᠭᠤᠯ ᠤᠨ ᠠᠷᠠᠳ ᠤᠨ ᠬᠤᠪᠢᠰᠬᠠᠯᠳᠦ ᠨᠠᠮ ᠪᠠᠶᠢᠭᠤᠯᠤᠭᠳᠠᠬᠤ ᠠᠴᠠ ᠡᠮᠦᠨ᠎ᠡ᠂ ᠪᠤᠤ ᠶᠤᠸᠠᠢ ᠴᠢᠩ ᠦᠪᠡᠷ ᠤᠨ ᠪᠡᠶ᠎ᠡ ᠪᠠᠷ ᠢᠶᠠᠨ ᠲᠦᠷᠦᠭᠰᠡᠨ ᠨᠤᠳᠤᠭ ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠳᠠᠭᠠᠨ ᠬᠦᠷᠴᠦ᠂ ᠠᠷᠪᠠᠨ ᠬᠡᠳᠦᠨ ᠰᠡᠬᠡᠬᠡᠳᠡᠨ ᠵᠠᠯᠠᠭᠤᠴᠤᠳ ᠢ ᠲᠠᠶᠢᠴᠢᠯᠡᠨ ᠦᠪᠦᠷ ᠠᠷᠠᠳ ᠤᠨ ᠨᠠᠮ ᠳᠤ ᠤᠷᠤᠭᠤᠯᠪᠠ᠃ ᠲᠤᠮᠳᠡᠳᠦ ᠤᠯᠤᠰ ᠤᠨ ᠡᠪ ᠬᠠᠮᠳᠤ ᠨᠠᠮ ᠤᠨ ᠤᠮᠠᠷᠡᠳᠦ ᠤᠷᠤᠨ ᠤ ᠤᠳᠤᠷᠢᠳᠤᠭᠴᠢ ᠯᠢ ᠳ᠋ᠠ ᠵᠤᠤ ᠶᠢᠨ ᠬᠠᠯᠠᠮᠵᠢᠯᠠᠯ ᠬᠠᠪᠰᠤᠷᠤᠯᠭ᠎ᠠ ᠪᠤᠯᠤᠨ ᠡᠪ ᠬᠠᠮᠳᠪ ᠶᠢᠨ ᠢᠨᠲ᠋ᠧᠷᠨᠠᠼᠢᠤᠨᠡᠯ ᠤᠨ ᠲᠦᠯᠦᠬᠡᠯᠡᠭᠴᠢ᠂ ᠭᠤᠮᠢᠨᠳᠡᠩ ᠬᠢᠬᠡᠳ ᠹᠧᠩ ᠢᠦᠢ ᠰᠢᠶᠠᠩ ᠵᠠᠩᠵᠤᠨ ᠤ ᠲᠡᠮᠵᠢᠯᠬᠡ ᠲᠤᠤᠷ᠎ᠡ ᠂ 1925 ᠤᠨ ᠤ 10 ᠰᠡᠷ᠎ᠡ ᠳᠤ ᠴᠢᠭᠤᠯᠤᠯᠳᠦ ᠬᠠᠭᠠᠯᠭ᠎ᠠ ᠳᠤ ᠦᠪᠦᠷ ᠮᠤᠩᠭᠤᠯ ᠤᠨ ᠤᠯᠤᠰ ᠠᠷᠠᠳ ᠤᠨ ᠬᠤᠪᠢᠰᠬᠠᠯᠳᠦ ᠨᠠᠮ ︵ᠬᠤᠵᠢᠮ ᠨᠢ ᠦᠪᠦᠷ ᠮᠤᠩᠭᠤᠯ ᠤᠨ ᠠᠷᠠᠳ ᠤᠨ ᠬᠤᠪᠢᠰᠬᠠᠯᠳᠦ ᠨᠠᠮ ᠳᠤ ᠲᠠᠭᠤᠳᠡᠪᠡ︶  ᠤᠨ ᠠᠩᠬᠠᠳᠤᠭᠠᠷ ᠤᠳᠠᠭᠠᠨ ᠤ ᠲᠦᠯᠦᠬᠡᠯᠡᠭᠴᠢ ᠶᠢᠨ ᠶᠡᠭᠡ ᠬᠤᠷᠡᠯ ᠬᠤᠷᠡᠯᠳᠤᠭᠤᠯᠵᠦ᠂ ᠲᠤᠰ ᠨᠠᠮ ᠤᠨ ᠬᠦᠳᠦᠯᠪᠦᠷᠢ ᠶᠢ ᠲᠤᠭᠳᠠᠭᠠᠨ᠂ ᠲᠦᠪ ᠬᠤᠷᠢᠶ᠎ᠡ ᠶᠢ ᠰᠤᠩᠭᠤᠨ ᠭᠠᠷᠭᠠᠪᠠ᠃ ᠪᠤᠤ ᠶᠤᠸᠠᠢ ᠴᠢᠩ ᠪᠤᠯᠤᠨ ᠪᠠᠢ ᠶᠦᠨ ᠲᠢ᠂ ᠭᠥᠸᠧ ᠳ᠋ᠤᠤ ᠹᠦ᠋ ᠨᠡᠷ ᠲᠦᠪ ᠬᠤᠷᠢᠶᠡᠨ ᠤ ᠬᠡᠰᠢᠬᠦᠨ ᠪᠤᠯᠤᠨ ᠪᠠᠶᠢᠩᠭᠤ ᠶᠢᠨ ᠬᠡᠰᠢᠬᠦᠨ ᠢᠶᠠᠷ ᠰᠤᠩᠭᠤᠭᠳᠡᠪᠡ ᠃ ᠡᠨᠡᠬᠦ ᠬᠤᠭᠤᠴᠠᠭᠠᠨ ᠤ ᠪᠤᠤ ᠶᠤᠸᠠᠢ ᠴᠢᠩ ᠤᠨ ᠠᠵᠢᠯ ᠮᠠᠰᠢ ᠬᠦᠭᠵᠢᠶᠡᠨ ᠲᠠᠢ ᠪᠠᠶᠢᠵᠦ᠂ ᠮᠠᠰᠢ ᠲᠦᠷᠬᠡᠨ ᠢᠶᠠᠷ ᠲᠤᠰ ᠨᠠᠮ ᠤᠨ ᠨᠢᠬᠡᠨ ᠨᠦᠯᠦᠬᠡ ᠪᠦᠬᠦᠢ ᠬᠦᠮᠦᠨ ᠨᠢ ᠪᠤᠯᠵᠡᠢ᠃ ᠲᠡᠷᠡ ᠦᠪᠦᠷ ᠠᠷᠠᠳ ᠤᠨ ᠨᠠᠮ ᠤᠨ ᠶᠡᠷᠦᠩᠭᠡᠢ ᠬᠡᠯᠳᠡᠰ ᠢᠶᠠᠷ ᠲᠠᠮᠵᠢᠨ ᠨᠢᠬᠡ ᠪᠦᠯᠦᠭ ᠮᠤᠩᠭᠤᠯ ᠵᠠᠯᠠᠭᠤᠴᠤᠳ ᠢ ᠵᠦᠪᠯᠡᠯᠳᠦ ᠬᠤᠯᠪᠤᠭᠠᠳᠦ ᠤᠯᠤᠰ᠂ ᠬᠠᠯᠬ᠎ᠠ ᠮᠤᠩᠭᠤᠯ᠂ ᠶᠠᠫᠤᠨ ᠳᠤ ᠬᠦᠷᠭᠡᠨ ᠰᠤᠷᠤᠯᠴᠠᠭᠤᠯᠵᠦ᠂ ᠴᠢᠳᠡᠪᠦᠷᠢᠳᠡᠨ ᠬᠦᠮᠦᠵᠢᠬᠦᠯᠪᠡ᠃ ᠦᠪᠦᠷ ᠠᠷᠠᠳ ᠤᠨ ᠨᠠᠮ ᠪᠠᠶᠢᠭᠤᠯᠤᠭᠳᠠᠭᠰᠠᠨ ᠤ ᠰᠡᠬᠦᠯᠡᠷ᠂ ᠹᠧᠩ ᠢᠦᠢ ᠰᠢᠶᠠᠩ ᠵᠠᠩᠵᠤᠨ ᠨᠢᠬᠡ ᠪᠦᠯᠦᠭ ᠵᠡᠪᠰᠡᠭ ᠦᠭᠴᠦ᠂ ᠦᠪᠦᠷ ᠠᠷᠠᠳ ᠤᠨ ᠨᠠᠮ ᠢ ᠬᠠᠪᠰᠤᠷᠤᠨ ᠦᠪᠦᠷ ᠮᠤᠩᠭᠤᠯ ᠤᠨ ᠮᠤᠷᠢᠳᠦ ᠴᠡᠷᠢᠭ ᠤᠨ ᠤᠲ᠋ᠠᠷᠢᠶᠠᠳ᠋ ᠪᠠᠶᠢᠭᠤᠯᠪᠠ᠃ ᠠᠩᠬ᠎ᠠ ᠡᠬᠢᠯᠡᠬᠦ ᠳᠤ᠂ ᠯᠧ ᠵᠢᠩ ᠲᠤᠤ ᠤᠲ᠋ᠠᠷᠢᠶᠡᠳ᠋ ᠤᠨ ᠲᠠᠷᠤᠭ᠎ᠠ ᠪᠤᠯᠵᠦ᠂ ᠬᠤᠵᠢᠮ ᠨᠢ ᠪᠤᠤ ᠶᠤᠸᠠᠢ ᠴᠢᠩ ᠤᠲ᠋ᠡᠷᠢᠶᠠᠳ᠋  ᠤᠨ ᠲᠠᠷᠤᠭ᠎ᠠ ᠪᠤᠯᠵᠡᠢ᠃ ᠲᠡᠷᠡ ᠡᠨᠡᠬᠦ ᠰᠠᠯᠪᠤᠷᠢ ᠮᠢᠩᠭ᠎ᠠ ᠭᠠᠷᠤᠢ ᠬᠦᠮᠦᠨ ᠲᠠᠢ ᠵᠡᠪᠰᠡᠭᠳᠦ ᠬᠦᠴᠦᠨ ᠢᠶᠠᠨ ᠲᠠᠭᠠᠭᠤᠯᠤᠨ᠂ ᠴᠢᠭᠤᠯᠤᠯᠳᠦ ᠬᠠᠭᠠᠯᠭ᠎ᠠ ᠠᠴᠠ  ᠤᠮᠠᠷᠡᠰᠢ᠂ ᠴᠠᠬᠠᠷ ᠤᠨ ᠲᠡᠯ᠎ᠡ ᠨᠤᠳᠤᠭ ᠢᠶᠠᠷ ᠲᠡᠬᠡᠷᠡᠮ ᠢ ᠤᠰᠠᠳᠬᠠᠵᠦ᠂ ᠦᠪᠦᠷ ᠠᠷᠠᠳ ᠤᠨ ᠨᠠᠮ ᠤᠨ ᠰᠠᠭᠤᠷᠢᠨ ᠭᠠᠵᠠᠷ ᠪᠠᠶᠢᠭᠤᠯᠤᠨ᠂ ᠲᠤᠬᠠᠢ ᠶᠢᠨ ᠭᠠᠵᠠᠷ ᠤᠨ ᠤᠯᠠᠨ ᠲᠦᠮᠡᠨ ᠤ ᠠᠮᠢ ᠨᠠᠰᠤ ᠡᠳ᠋ ᠬᠤᠭᠰᠢᠯ ᠢ ᠬᠠᠮᠠᠭᠠᠯᠠᠪᠠ᠃ ᠬᠤᠵᠢᠮ ᠨᠢ ᠪᠤᠤ ᠶᠤᠸᠠᠢ ᠴᠢᠩ ᠤᠨ ᠤᠳᠤᠷᠢᠳᠤᠭᠰᠠᠨ ᠡᠨᠡᠬᠦ ᠰᠠᠯᠪᠤᠷᠢ ᠵᠡᠪᠰᠡᠭᠳᠦ ᠬᠦᠴᠦᠨ ᠨᠢ ᠤᠷᠳᠤᠰ ᠤᠨ ᠸᠠᠩᠳᠠᠨᠨᠢᠮ᠎ᠠ᠂ ᠰᠢᠨ᠎ᠡ ᠯᠠᠮᠠ ᠶᠢᠨ ᠤᠳᠤᠷᠢᠳᠤᠭᠰᠠᠨ ᠦᠨᠳᠦᠰᠦᠳᠡᠨ ᠤ ᠵᠡᠪᠰᠡᠭᠳᠦ ᠬᠦᠴᠦᠨ ᠲᠠᠢ ᠨᠡᠶᠢᠯᠡᠵᠦ᠂ ᠸᠠᠩᠳᠠᠨᠨᠢᠮ᠎ᠠ ᠰᠧᠯᠢᠩ᠂ ᠪᠤᠤ ᠶᠤᠸᠠᠢ ᠴᠢᠩ ᠲᠡᠳ᠋ ᠰᠧᠯᠢᠩ ᠪᠤᠯᠵᠦ᠂ ᠯᠢ ᠷᠥᠸᠧ ᠢᠦᠢ ︵ᠯᠢ ᠢᠦᠢ ᡁᠢ︶ ᠡᠮᠦᠨ᠎ᠡ ᠹᠷᠤᠨᠲ ᠶᠢᠨ ᠶᠡᠷᠦᠩᠭᠡᠢ ᠵᠢᠯᠤᠭᠤᠳᠤᠭᠴᠢ ᠪᠤᠯᠪᠠ᠃ ᠲᠡᠳᠡᠨᠡᠷ ᠡᠨᠡᠬᠦ ᠰᠠᠯᠪᠤᠷᠢ ᠦᠨᠳᠦᠰᠦᠳᠡᠨ ᠤ ᠵᠡᠪᠰᠡᠭᠳᠦ ᠬᠦᠴᠦᠨ ᠢᠶᠠᠨ ᠲᠠᠭᠠᠭᠤᠯᠤᠨ ᠹᠸᠥᠳᠡᠯ ᠤᠨ ᠸᠠᠩ ᠭᠦᠩ ᠲᠠᠢ ᠢᠳᠡᠪᠬᠢᠳᠡᠢ ᠵᠡᠪᠰᠡᠭᠳᠦ ᠲᠡᠮᠡᠴᠡᠯ ᠦᠷᠨᠢᠬᠦᠯᠦᠭᠰᠡᠨ ᠪᠠᠶᠢᠨ᠎ᠠ᠃     1926 ᠤᠨ ᠤ 11 ᠰᠡᠷ᠎ᠡ ᠳᠤ᠂ ᠱᠠᠨ ᠰᠢ ᠶᠢᠨ ᠴᠡᠷᠢᠭ ᠤᠨ ᠲᠠᠷᠤᠯᠳᠡ ᠠᠴᠠ ᠪᠤᠯᠵᠦ᠂ ᠦᠪᠦᠷ ᠠᠷᠠᠳ  ᠤᠨ ᠨᠠᠮ ᠤᠨ ᠲᠦᠪ ᠬᠤᠷᠢᠶ᠎ᠡ ᠨᠢ ᠤᠯᠠᠭᠠᠨᠴᠠᠪ ᠪᠤᠯᠤᠨ ᠤᠷᠳᠤᠰ ᠠᠴᠠ ᠠᠷᠭ᠎ᠠ ᠪᠤᠰᠤ ᠤᠬᠤᠷᠢᠨ ᠭᠠᠷᠴᠦ᠂ ᠠᠯᠠᠱᠠᠨ᠂ ᠨᠢᠩᠰᠢᠶᠠ ᠤᠷᠴᠢᠮ ᠬᠦᠷᠪᠡ᠃ ᠤᠳᠡᠯ ᠦᠭᠡᠢ ᠭᠤᠮᠢᠨᠳᠡᠩ ᠳᠤ ᠵᠡᠪᠰᠡᠭ ᠢᠶᠠᠨ ᠬᠤᠷᠢᠶᠠᠭᠳᠠᠵᠦ᠂ ᠪᠤᠤ ᠶᠤᠸᠠᠢ ᠴᠢᠩ ᠪᠡᠭᠡᠵᠢᠩ ᠳᠤ ᠪᠤᠴᠠᠪᠠ᠃      1927 ᠤᠨ ᠤ 1 ᠰᠡᠷ᠎ᠡ ᠳᠤ᠂ ᠮᠤᠩᠭᠤᠯ ᠠᠷᠠᠳ ᠤᠨ ᠪᠦᠬᠦᠳᠡ ᠨᠡᠶᠢᠷᠠᠮᠳᠠᠬᠤ ᠤᠯᠤᠰ ᠤᠨ ᠤᠯᠠᠭᠠᠨᠪᠠᠭᠠᠳᠤᠷ ᠲᠤ ᠦᠪᠦᠷ ᠠᠷᠠᠳ ᠤᠨ ᠨᠠᠮ ᠤᠨ ᠪᠠᠵᠢᠮ ᠬᠤᠷᠡᠯ ᠬᠤᠷᠡᠯᠳᠤᠭᠤᠯᠤᠨ᠂ ᠬᠤᠷᠡᠯ ᠳᠤ ᠤᠷᠤᠯᠴᠠᠭᠰᠡᠳ ᠨᠢ ᠦᠪᠦᠷ ᠠᠷᠠᠳ ᠤᠨ ᠨᠠᠮ ᠤᠨ ᠲᠦᠪ ᠬᠤᠷᠢᠶ᠎ᠡ ᠶᠢᠨ ᠬᠡᠰᠢᠬᠦᠨ᠂ ᠬᠡᠷᠡᠭᠵᠢᠬᠦᠯᠬᠦ ᠬᠡᠰᠢᠬᠦᠨ ᠠᠴᠠ ᠭᠠᠳᠡᠨ᠎ᠡ ᠦᠪᠦᠷ ᠮᠤᠩᠭᠤᠯ ᠤᠷᠤᠨ ᠤ ᠵᠦᠪᠯᠡᠯᠳᠦ ᠬᠤᠯᠪᠤᠭᠠᠳᠦ ᠤᠯᠤᠰ᠂ ᠮᠤᠩᠭᠤᠯ ᠤᠯᠤᠰ ᠳᠤ ᠰᠤᠷᠤᠯᠴᠠᠵᠦ ᠪᠠᠶᠢᠭᠰᠠᠨ ᠵᠠᠯᠠᠭᠤ ᠰᠤᠷᠤᠭᠴᠢᠳ ᠮᠠᠰᠢ ᠤᠯᠠᠨ ᠤᠷᠤᠯᠴᠠᠪᠠ᠃ ᠬᠤᠷᠡᠯᠳᠤᠭᠠᠨ ᠲᠡᠭᠡᠷ᠎ᠡ ᠦᠪᠦᠷ ᠠᠷᠠᠳ ᠤᠨ ᠨᠠᠮ  ᠤᠨ ᠲᠦᠪ ᠬᠤᠨᠶᠢᠶᠡᠨ ᠤ ᠤᠳᠤᠷᠢᠳᠬᠤ ᠺᠠᠳ᠋ᠷ ᠤᠨ ᠠᠵᠢᠯ ᠲᠤᠮᠳᠡᠬᠢ ᠬᠦᠨᠳᠦ ᠠᠯᠳᠠᠭ᠎ᠠ ᠶᠢ ᠪᠤᠷᠤᠭᠤᠰᠢᠶᠠᠨ ᠰᠢᠬᠦᠮᠵᠢᠯᠡᠪᠡ᠃ ᠬᠤᠷᠡᠯᠳᠤᠭᠠᠨ ᠠᠴᠠ ᠦᠪᠦᠷ ᠠᠷᠠᠳ ᠤᠨ ᠨᠠᠮ ᠤᠨ ᠲᠦᠪ ᠬᠤᠷᠢᠶᠡᠨ ᠤ ᠪᠠᠶᠢᠭᠤᠯᠤᠮᠵᠢ ᠶᠢ ᠦᠬᠡᠷᠡᠴᠢᠯᠡᠨ ᠰᠤᠩᠭᠤᠵᠦ᠂ ᠪᠠᠢ ᠶᠦᠨ ᠲᠢ᠂ ᠭᠥᠸᠧ ᠳ᠋ᠤᠤ ᠹᠦ᠋᠂ ᠪᠤᠤ ᠶᠤᠸᠠᠢ ᠴᠢᠩ ᠨᠡᠷ ᠤᠨ ᠲᠦᠪ ᠬᠤᠷᠢᠶᠡᠨ  ᠤ ᠤᠳᠤᠷᠢᠳᠤᠯᠭ᠎ᠠ ᠶᠢᠨ ᠲᠤᠰᠢᠶᠠᠯ ᠢ ᠬᠠᠰᠤᠪᠡ᠃     ᠠᠯᠢ ᠡᠷᠳᠡ 1924 ᠤᠨ ᠳᠤ᠂ ᠪᠤᠤ ᠶᠤᠸᠠᠢ ᠴᠢᠩ ᠪᠡᠬᠡᠵᠢᠩ ᠳᠤ ᠪᠠᠶᠢᠬᠤ ᠳᠠᠭᠠᠨ ᠲᠡᠬᠦᠨ ᠤ ᠲᠤᠳᠤᠨᠤ ᠨᠠᠶᠢᠵᠠ ᠯᠢᠶᠠᠩ  ᠼᠦᠢ ᠰᠢᠤᠸᠠᠨ ︵ᠪᠦᠬᠡᠬᠡᠰᠢᠭ᠂ ᠨᠠᠢᠮᠠᠨ ᠤ ᠬᠦᠮᠦᠨ︶ ᠪᠠᠷ ᠲᠠᠮᠵᠢᠨ᠂ ᠬᠠᠷᠡᠴᠢᠨ ᠬᠤᠰᠢᠭᠤᠨ ᠤ ᠮᠤᠩᠭᠤᠯ ᠬᠦᠮᠦᠨ ᠸᠠᠩ ᠽᠢ ᠳ᠋ᠤᠸᠠᠨ ᠲᠠᠢ ᠲᠠᠨᠢᠯᠴᠠᠵᠦ᠂ ᠪᠠᠰᠠ ᠸᠠᠩ ᠽᠢ ᠳ᠋ᠤᠸᠠᠨ ᠢᠶᠠᠷ ᠲᠠᠮᠵᠢᠨ ᠯᠢ ᠳ᠋ᠠ ᠵᠤᠤ  ᠲᠠᠢ ᠲᠠᠨᠢᠯᠴᠠᠵᠦ᠂ ᠯᠢ ᠳ᠋ᠠ ᠵᠤᠤ ᠶᠢᠨ ᠮᠠᠷᠺᠰ ᠤᠨ ᠦᠵᠡᠯ ᠤᠨ ᠦᠨᠳᠦᠰᠦᠳᠡᠨ ᠤ ᠠᠰᠠᠭᠤᠳᠡᠯ ᠤᠨ ᠲᠤᠬᠠᠢ ᠮᠡᠷᠬᠡᠨ ᠨᠤᠳᠡᠯᠡᠯᠳᠡ ᠶᠢ ᠰᠤᠨᠤᠰᠴᠦ᠂ ᠡᠬᠦᠨ ᠤ ᠤᠯᠠᠮ ᠠᠴᠠ ᠯᠢ ᠳ᠋ᠠ ᠵᠤᠤ ᠲᠠᠢ ᠨᠡᠯᠢᠶᠡᠳ ᠨᠢᠭᠳᠠ ᠬᠠᠷᠢᠴᠠᠭ᠎ᠠ ᠪᠠᠶᠢᠭᠤᠯᠪᠠ᠃ ᠦᠪᠦᠷ ᠠᠷᠠᠳ ᠤᠨ ᠨᠠᠮ ᠢ ᠡᠬᠦᠰᠬᠡᠨ ᠪᠠᠶᠢᠭᠤᠯᠬᠤ ᠶᠠᠪᠤᠴᠠ ᠳᠤ᠂ ᠪᠤᠤ ᠶᠤᠸᠠᠢ ᠴᠢᠩ ᠪᠠᠰᠠ ᠨᠢᠬᠡ ᠪᠦᠯᠦᠭ ᠭᠤᠮᠢᠨᠳᠡᠩ ᠤᠨ ᠴᠢᠬᠤᠯᠡ ᠬᠦᠮᠦᠰ ᠲᠠᠢ ᠲᠠᠨᠢᠯᠴᠠᠵᠦ᠂ ᠢᠯᠠᠩᠭᠤᠶ᠎ᠠ ᠵᠦᠪᠯᠡᠯᠳᠦ ᠬᠤᠯᠪᠤᠭᠠᠳᠦ ᠤᠯᠤᠰ ᠢ ᠲᠤᠳᠤᠨᠤᠴᠢᠯᠠᠬᠤ ᠹᠧᠩ ᠢᠦᠢ ᠰᠢᠶᠠᠩ ᠵᠠᠩᠵᠤᠨ ᠲᠠᠢ ᠨᠡᠯᠢᠶᠠᠳ ᠨᠢᠭᠳᠠ ᠶᠠᠪᠤᠯᠴᠠᠪᠠ᠂ ᠡᠬᠦᠨ ᠤ ᠬᠠᠮᠳᠤ ᠪᠠᠰᠠ ᠵᠦᠪᠯᠡᠯᠳᠦ ᠬᠤᠯᠪᠤᠭᠠᠳᠦ ᠤᠯᠤᠰ ᠪᠤᠯᠤᠨ ᠬᠠᠯᠬ᠎ᠠ ᠮᠤᠩᠭᠤᠯ ᠤᠨ ᠲᠤᠮᠢᠯᠠᠨ ᠢᠷᠡᠬᠦᠯᠦᠭᠰᠡᠨ ᠡᠪ ᠬᠠᠮᠳᠤ ᠶᠢᠨ ᠢᠨᠲ᠋ᠧᠷᠨᠠᠼᠢᠥᠨᠡᠯ ᠤᠨ ᠬᠤᠯᠪᠤᠭᠠᠴᠢᠨ ᠲᠠᠢ ᠲᠠᠨᠢᠯᠴᠠᠭᠰᠠᠨ ᠪᠠᠶᠢᠨ᠎ᠠ᠃ ᠦᠪᠦᠷ ᠠᠷᠠᠳ ᠤᠨ ᠨᠠᠮ ᠪᠠᠶᠢᠭᠤᠯᠤᠭᠳᠠᠭᠰᠠᠨ ᠤ ᠰᠡᠬᠦᠯᠡᠷ ᠲᠡᠷᠡ ᠯᠢ ᠳ᠋ᠠ ᠵᠤᠤ ᠪᠤᠯᠤᠨ ᠡᠪ ᠬᠠᠮᠳᠤ ᠶᠢᠨ ᠢᠨᠲ᠋ᠧᠷᠨᠠᠼᠢᠥᠨᠡᠯ ᠤᠨ ᠬᠤᠯᠪᠤᠭᠠᠴᠢᠨ ᠯᠤᠭ᠎ᠠ ᠶᠢᠨ ᠬᠠᠷᠯᠴᠠᠭ᠎ᠠ ᠪᠠᠨ ᠢᠮᠠᠭᠳᠠ ᠪᠠᠳᠤᠯᠠᠵᠦ᠂ ᠲᠡᠳᠡᠨᠷ ᠤᠨ ᠵᠢᠭᠠᠪᠤᠷᠢ ᠶᠢ ᠬᠦᠯᠢᠶᠠᠨ ᠠᠪᠴᠦ ᠂ ᠲᠡᠳᠡᠨᠡᠷ ᠤᠨ ᠲᠠᠭᠠᠭᠠᠯᠭᠠᠭᠰᠠᠨ ᠡᠬᠦᠷᠭᠡ ᠶᠢ ᠪᠡᠶᠡᠯᠡᠬᠦᠯᠵᠦ ᠶᠠᠪᠤᠪᠠ᠃ 1927 ᠤᠨ ᠤ 4 ᠰᠡᠷ᠎ᠡ ᠳᠤ᠂ ᠴᠡᠷᠢᠭ  ᠤᠨ ᠡᠷᠭᠡᠳᠡᠨ ᠵᠠᠩ ᠽᠦᠸᠧ ᠯᠢᠨ ᠪᠡᠭᠡᠵᠢᠩ ᠳᠤ ᠤᠷᠤᠵᠦ ᠢᠷᠡᠨ᠂ ᠤᠷᠤᠰ ᠤᠨ ᠡᠯᠴᠢᠨ ᠰᠠᠶᠢᠳ ᠤᠨ ᠤᠷᠳᠤᠨ  ᠠᠴᠠ ᠲᠤᠮᠳᠡᠳᠦ ᠤᠯᠤᠰ ᠤᠨ ᠡᠪ ᠬᠠᠮᠳᠤ ᠨᠠᠮ ᠤᠨ ᠤᠮᠠᠷᠡᠳᠦ ᠤᠷᠤᠨ ᠤ ᠤᠳᠤᠷᠢᠳᠤᠭᠴᠢ ᠯᠢ ᠳ᠋ᠠ ᠵᠤᠤ ᠶᠢ ᠪᠠᠷᠢᠪᠴᠢᠯᠡᠨ᠂ 4 ᠰᠡᠷ᠎ᠡ ᠶᠢᠨ 28 ᠤ ᠡᠳᠦᠷ ᠯᠢ ᠳ᠋ᠠ ᠵᠤᠤ ᠬᠤᠤᠷᠯᠠᠭᠳᠠᠪᠠ᠃ ᠯᠢ ᠳ᠋ᠠ ᠵᠤᠤ ᠬᠤᠤᠷᠯᠠᠭᠳᠠᠭᠰᠠᠨ ᠲᠡᠷᠡ ᠡᠳᠦᠷ᠂ ᠪᠤᠤ ᠶᠤᠸᠠᠢ ᠴᠢᠩ᠂ ᠲᠠᠶᠢᠰᠦᠨ ᠡᠳᠡᠭᠡᠳ ᠤᠷᠤᠰ ᠤᠨ ᠡᠯᠴᠢᠨ ᠰᠠᠶᠢᠳ ᠤᠨ ᠤᠷᠳᠤᠨ ᠳᠤ ᠯᠢ ᠳ᠋ᠠ ᠵᠤᠤ ᠶᠢ ᠪᠠᠷᠢᠪᠴᠢᠯᠠᠬᠤ ᠳᠠᠭᠠᠨ ᠡᠪ ᠬᠠᠮᠳᠤ ᠨᠠᠮ ᠤᠨ ᠮᠠᠰᠢ ᠤᠯᠠᠨ ᠮᠠᠲ᠋ᠧᠷᠢᠶᠡᠯ ᠢ ᠨᠡᠩᠵᠢᠨ ᠭᠠᠷᠭᠠᠵᠦ ᠲᠤᠳᠤᠷ᠎ᠡ ᠨᠢ ᠨᠢᠭᠤᠴᠠ ᠪᠠᠷ ᠬᠦᠮᠦᠵᠢᠬᠦᠯᠵᠦ ᠪᠠᠶᠢᠭ᠎ᠠ ᠨᠠᠮ ᠤᠨ ᠬᠡᠰᠢᠬᠦᠳ ᠤᠨ ᠨᠡᠷ᠎ᠡ ᠪᠤᠢ᠂  ᠡᠳᠡᠭᠡᠷ ᠨᠡᠷ᠎ᠡ ᠲᠤᠳᠤᠷ᠎ᠡ ᠰᠠᠶᠢᠨᠪᠠᠶᠠᠷ ᠭᠡᠰᠡᠨ ᠮᠤᠩᠭᠤᠯ ᠬᠦᠮᠦᠨ ᠪᠠᠶᠢᠨ᠎ᠠ᠂ ᠲᠠᠶᠢᠰᠦᠨ ᠡᠳᠡᠭᠡᠳ ᠦᠨᠦ ᠶᠠᠭ ᠰᠠᠶ᠋ᠢᠬᠠᠨ ᠨᠡᠷ᠎ᠡ ᠳᠤ ᠤᠷᠤᠭᠰᠠᠨ ᠬᠦᠮᠦᠰ ᠢ ᠨᠡᠩᠵᠢᠨ ᠪᠠᠷᠢᠪᠴᠢᠯᠡᠵᠦ ᠪᠤᠢ᠂ ᠬᠤᠷᠳᠦᠨ ᠲᠤᠳᠠᠭᠠᠬᠤ ᠬᠡᠷᠡᠭᠳᠡᠢ ᠭᠡᠰᠡᠨ‌ᠨᠢᠭᠤᠴᠠ ᠠᠵᠢᠯᠳᠡᠨ  ᠤ ᠮᠡᠳᠡᠭᠳᠡᠯ ᠢ ᠲᠤᠰᠪᠠ᠃ ᠪᠤᠤ ᠶᠤᠸᠠᠢ ᠴᠢᠩ ᠮᠡᠳᠡᠭᠳᠡᠯ ᠢ ᠲᠤᠰᠤᠭᠰᠠᠨ ᠤ ᠰᠡᠬᠦᠯᠡᠷ ᠯᠢᠶᠠᠩ ᠽᠦᠢ ᠰᠢᠤᠸᠠᠨ᠂ ᠸᠠᠩ ᠵᠢᠶᠠ ᠯᠤ᠋ ︵ᠲᠤᠬᠠᠢ ᠶᠢᠨ ᠦᠶ᠎ᠡ ᠳᠤ ᠤᠶᠤᠳᠡᠨ ᠪᠠᠶᠢᠪᠠ᠂ ᠨᠠᠢᠮᠠᠨ ᠨᠤᠳᠤᠭ ᠲᠠᠢ︶ ᠶᠢᠨ ᠬᠠᠪᠰᠤᠷᠤᠯᠭ᠎ᠠ ᠲᠤᠤᠷ᠎ᠡ ᠦᠪᠴᠢ ᠪᠡᠶ᠎ᠡ ᠯᠠᠮᠠ ᠶᠢᠨ ᠬᠤᠪᠴᠠᠰᠦ ᠡᠮᠦᠰᠴᠦ᠂ ᠭᠠᠯᠳᠦ ᠲᠡᠷᠭᠡ ᠪᠠᠷ ᠬᠦᠢ ᠰᠦᠢ ︵ᠬᠦᠬᠡᠬᠤᠳᠡ︶ ᠳᠤ ᠤᠴᠢᠪᠡ᠃     1927 ᠤᠨ ᠳᠤ᠂ ᠵᠢᠶᠠᠩ ᠵᠢᠶᠧ ᠱᠢ ᠬᠤᠪᠢᠰᠬᠠᠯ ᠠᠴᠠ ᠤᠷᠪᠠᠨ᠂ ᠭᠠᠵᠠᠷ ᠪᠤᠯᠭᠠᠨ ᠳᠤ ᠡᠪ ᠬᠠᠮᠳᠤ ᠨᠠᠮ  ᠤᠨ ᠬᠡᠰᠢᠬᠦᠨ ᠪᠤᠯᠤᠨ ᠬᠤᠪᠢᠰᠬᠠᠯᠳᠦ ᠬᠦᠮᠦᠰ ᠢ ᠬᠢᠳᠦᠨ ᠠᠯᠠᠪᠠ᠃ ᠡᠨᠡ ᠦᠶᠡᠰ᠂ ᠦᠪᠦᠷ ᠠᠷᠠᠳ ᠤᠨ ᠨᠠᠮ ᠤᠨ ᠵᠤᠬᠢᠶᠠᠨ ᠪᠠᠶᠢᠭᠤᠯᠤᠯᠳᠡ ᠳᠤ ᠪᠠᠰᠠ ᠵᠠᠳᠡᠷᠡᠯ ᠭᠠᠷᠪᠠ᠃ ᠦᠪᠦᠷ ᠠᠷᠠᠳ ᠤᠨ ᠨᠠᠮ ᠤᠨ ᠲᠡᠭᠡᠳᠦ ᠲᠠᠪᠬᠤᠷᠭ᠎ᠠ ᠶᠢᠨ ᠬᠦᠮᠦᠨ ᠪᠤᠯᠬᠤ ᠪᠠᠢ ᠶᠦᠨ ᠲᠢ ᠭᠤᠮᠢᠨᠳᠡᠩ ᠳᠤ ᠲᠠᠳᠠᠭᠳᠠᠨ ᠪᠠᠭᠤᠵᠦ ᠦᠭᠴᠦ᠂ ᠭᠤᠮᠢᠨᠳᠡᠩ ᠤᠨ ᠲᠦᠪ ᠬᠤᠷᠢᠶ᠎ᠡ  ᠶᠢᠨ ᠬᠡᠰᠢᠬᠦᠨ ᠪᠤᠯᠪᠠ᠂ ᠲᠡᠷᠡ ᠪᠠᠰᠠ ᠬᠡᠰᠡᠭ ᠦᠪᠦᠷ ᠠᠷᠠᠳ ᠤᠨ ᠨᠠᠮ ᠤᠨ ᠲᠦᠪ ᠬᠤᠷᠢᠶ᠎ᠡ ᠶᠢᠨ ᠬᠡᠰᠢᠬᠦᠨ ᠪᠤᠯᠤᠨ ᠨᠢᠬᠡ ᠪᠦᠯᠦᠭ ᠨᠠᠮ ᠤᠨ ᠬᠡᠰᠢᠬᠦᠳ ᠢ ᠲᠠᠭᠠᠭᠤᠯᠤᠨ ᠬᠠᠮᠳᠤ ᠪᠠᠷ ᠢᠶᠠᠨ ᠭᠤᠮᠢᠨᠳᠡᠩ ᠳᠤ ᠤᠷᠤᠵᠡᠢ᠃ ᠪᠤᠤ ᠶᠤᠸᠠᠢ ᠴᠢᠩ ᠪᠡᠭᠡᠵᠢᠩ ᠳᠤ ᠰᠠᠭᠤᠭ᠎ᠠ ᠡᠪ ᠬᠠᠮᠳᠤ ᠶᠢᠨ ᠢᠨᠲ᠋ᠧᠷᠨᠠᠼᠢᠨᠡᠯ ᠤᠨ ᠵᠢᠭᠠᠪᠤᠷᠢ ᠪᠠᠷ ᠪᠠᠰᠠ ᠲᠡᠳᠡᠨᠡᠷ ᠢ  ᠲᠠᠭᠠᠨ ᠭᠤᠮᠢᠨᠳᠡᠩ ᠳᠤ ᠤᠷᠤᠭᠰᠠᠨ ᠪᠠᠶᠢᠨ᠎ᠠ᠃ ᠪᠤᠤ ᠶᠤᠸᠠᠢ ᠴᠢᠩ ᠭᠤᠮᠢᠨᠳᠡᠩ ᠤᠨ ᠨᠠᠨᠵᠢᠩ ᠤᠨ ᠵᠠᠰᠠᠭ ᠤᠨ ᠭᠠᠵᠠᠷ ᠲᠤ ᠮᠤᠩᠭᠤᠯ ᠲᠦᠪᠡᠳ ᠤᠨ ᠬᠤᠷᠢᠶ᠎ᠡ ᠶᠢᠨ ᠲᠤᠰᠬᠠᠢ ᠬᠡᠰᠢᠬᠦᠨ ᠢᠶᠠᠷ ᠲᠤᠮᠢᠯᠠᠭᠳᠡᠨ᠂ ᠵᠠᠯᠭᠠᠭᠠᠳ ᠵᠠᠰᠠᠭ  ᠤᠨ ᠤᠷᠳᠤᠨ ᠤ ᠴᠡᠷᠢᠭ ᠤᠨ ᠶᠠᠪᠤᠳᠡᠯ ᠤᠨ ᠲᠡᠭᠡᠳᠦ ᠵᠦᠪᠯᠡᠯ ᠤᠨ ᠲᠡᠰᠯᠡᠭᠴᠢ ᠭᠧᠨᠧᠷᠡᠯ ᠵᠦᠪᠯᠡᠭᠴᠢ ᠪᠤᠯᠪᠠ᠃ 1929 ᠤᠨ ᠳᠤ᠂ ᠨᠢᠳᠦᠨ ᠡᠪᠡᠳᠴᠢᠨ ᠤᠯᠤᠭᠠᠳ ᠴᠢᠯᠦᠬᠡ ᠭᠤᠶᠤᠨ ᠪᠡᠭᠡᠵᠢᠩ ᠳᠤ ᠬᠠᠷᠢᠵᠦ ᠡᠮᠨᠡᠭᠦᠯᠪᠡ᠃      ᠪᠤᠤ ᠶᠤᠸᠠᠢ ᠴᠢᠩ ᠪᠡᠭᠡᠵᠢᠩ ᠳᠤ ᠬᠠᠷᠢᠭᠰᠡᠨ ᠤ ᠰᠡᠬᠦᠯᠡᠷ᠂ ᠪᠠᠰᠠ ᠰᠢᠯᠢᠩᠭᠤᠤᠯ᠂ ᠤᠯᠠᠭᠠᠨᠴᠠᠪ᠂ ᠴᠠᠬᠠᠷ᠂ ᠶᠡᠭᠡ ᠵᠤᠤ ᠵᠡᠷᠬᠡ ᠭᠠᠵᠠᠷ ᠬᠦᠷᠴᠦ᠂ ᠮᠤᠩᠭᠤᠯ ᠤᠨ ᠸᠠᠩ ᠭᠦᠩ ᠵᠡᠷᠭᠡ ᠲᠡᠭᠡᠳᠦ ᠲᠠᠪᠬᠤᠷᠭ᠎ᠠ ᠶᠢᠨ ᠬᠦᠮᠦᠰ ᠲᠠᠢ ᠦᠷᠬᠡᠨ ᠢᠶᠠᠷ ᠶᠠᠪᠤᠯᠴᠠᠨ ᠪᠠᠶᠢᠳᠡᠯ ᠢ ᠤᠶᠢᠯᠠᠭᠠᠵᠦ᠂ ᠲᠡᠳᠡᠭᠡᠷ ᠮᠤᠩᠭᠤᠯ ᠤᠨ ᠦᠪᠡᠷᠳᠡᠭᠡᠨ ᠵᠠᠰᠠᠬᠤ ᠶᠢ ᠬᠦᠷᠢᠶᠡᠯᠡᠬᠦ ᠬᠦᠮᠦᠰ ᠲᠠᠢ ᠪᠦᠯᠬᠦᠮᠳᠡᠪᠡ᠃ ᠲᠡᠷᠡ ᠭᠤᠮᠢᠨᠳᠡᠩ ᠤᠨ ᠲᠡᠭᠡᠳᠦ ᠲᠠᠪᠬᠤᠷᠭ᠎ᠠ ᠶᠢᠨ ᠬᠦᠮᠦᠰ ᠯᠦᠭᠡ ᠶᠢᠨ ᠬᠠᠷᠢᠯᠴᠠᠭ᠎ᠠ  ᠪᠠᠨ ᠪᠠᠳᠤᠯᠠᠨ ᠦᠷᠭᠡᠨ ᠢᠶᠠᠷ ᠨᠠᠶᠢᠵᠠᠯᠠᠵᠦ ᠶᠠᠪᠤᠬᠤ ᠶᠢᠨ ᠬᠠᠮᠳᠤ ᠪᠠᠰᠠ ᠪᠡᠭᠡᠵᠢᠩ ᠳᠤ ᠰᠠᠭᠤᠭ᠎ᠠ ᠡᠯ᠎ᠡ ᠤᠯᠤᠰ ᠤᠨ ᠡᠯᠴᠢᠨ ᠰᠠᠶᠢᠳ ᠤᠨ ᠶᠠᠮᠤᠨ ᠲᠠᠢ ᠦᠷᠭᠡᠨ ᠢᠶᠠᠷ ᠶᠠᠪᠤᠯᠴᠠᠵᠦ᠂ ᠡᠯ᠎ᠡ ᠵᠦᠢᠯ ᠤᠨ ᠠᠷᠭ᠎ᠠ ᠵᠠᠮ ᠢᠶᠠᠷ ᠴᠢᠮᠡᠭᠡ ᠮᠡᠳᠡᠭᠡ ᠴᠤᠭᠯᠠᠭᠤᠯᠤᠨ᠂ ᠡᠪ ᠬᠠᠮᠳᠤ ᠶᠢᠨ ᠢᠨᠲ᠋ᠧᠷᠨᠠᠽᠢᠨᠡᠯ ᠳᠤ ᠦᠭᠴᠦ᠂ ᠪᠠᠰᠠ ᠡᠯ᠎ᠡ ᠲᠠᠯ᠎ᠠ ᠶᠢᠨ ᠬᠦᠴᠦᠨ ᠢ ᠵᠢᠬᠡᠯᠡᠨ ᠦᠪᠦᠷ ᠮᠤᠩᠭᠤᠯ ᠤᠨ ᠦᠪᠡᠷᠳᠡᠭᠡᠨ ᠵᠠᠰᠠᠬᠤ ᠬᠦᠳᠡᠯᠬᠡᠬᠡᠨ ᠢᠶᠠᠨ ᠰᠠᠶᠢᠳᠦᠷ ᠦᠷᠨᠢᠬᠦᠯᠬᠦ ᠶᠢ ᠰᠠᠨᠠᠵᠦ ᠪᠠᠶᠢᠪᠠ᠃      1931 ᠤᠨ ᠳᠤ ︽9.18︾ ᠤ ᠬᠡᠷᠡᠭ ᠬᠤᠪᠢᠰᠤᠯ ᠡᠬᠦᠰᠴᠦ᠂ ᠵᠡᠬᠦᠨ ᠬᠤᠶᠢᠳᠦ ᠤᠷᠤᠨ ᠪᠤᠯᠤᠨ ᠦᠪᠦᠷ ᠮᠤᠩᠭᠤᠯ ᠤᠨ ᠵᠡᠬᠦᠨ ᠬᠡᠰᠡᠭ ᠤᠨ ᠭᠠᠵᠠᠷ ᠤᠷᠤᠨ ᠵᠠᠯᠭᠠᠪᠠᠷ ᠶᠠᠫᠤᠨ ᠳᠤ ᠡᠵᠡᠯᠡᠭᠳᠡᠨ᠂ ᠵᠡᠬᠦᠨ ᠮᠤᠩᠭᠤᠯ ᠤᠷᠤᠨ ᠤ ᠬᠡᠰᠡᠭ ᠸᠠᠩ ᠭᠦᠩ ᠪᠤᠯᠤᠨ ᠤᠯᠤᠰ ᠢᠶᠠᠨ ᠬᠠᠶᠢᠷᠠᠯᠠᠭᠴᠢᠳ ᠪᠡᠭᠡᠵᠢᠩ ᠳᠤ ᠴᠤᠭᠯᠠᠷᠠᠵᠠᠭᠠᠨ᠂ ᠪᠤᠤ ᠶᠤᠸᠠᠢ ᠴᠢᠩ ᠢ ︽ᠯᠢᠦᠢ ᠫᠢᠩ ᠤᠨ ᠮᠤᠩᠭᠤᠯ ᠤᠨ ᠨᠤᠳᠤᠭ ᠨᠢᠬᠡᠳᠡᠨ ᠤ ᠡᠪᠯᠡᠯ︾ ᠤᠨ ᠲᠠᠷᠤᠭ᠎ᠠ ᠪᠠᠷ ᠰᠤᠩᠭᠤᠪᠡ᠃      1933 ᠤᠨ ᠳᠤ᠂ ᠰᠦᠨᠢᠳ ᠪᠠᠷᠠᠭᠤᠨ ᠬᠤᠰᠢᠭᠤᠨ ᠤ ᠬᠤᠰᠢᠭᠤ ᠵᠠᠰᠠᠭ ᠲᠡᠮᠴᠦᠭᠳᠤᠩᠷᠤᠪ ᠪᠠᠳᠤᠬᠠᠭᠠᠯᠭ᠎ᠠ ᠰᠦᠮ᠎ᠡ ᠳᠤ ᠮᠤᠩᠭᠤᠯ ᠵᠠᠰᠠᠭ ᠤᠨ ᠬᠤᠷᠡᠯ ᠪᠠᠶᠢᠭᠤᠯᠵᠦ᠂ ᠪᠤᠤ ᠶᠤᠸᠠᠢ ᠴᠢᠩ ᠡᠪ ᠬᠠᠮᠳᠤ ᠶᠢᠨ ᠢᠨᠲ᠋ᠧᠷᠨᠠᠽᠢᠥᠨᠡᠯ ᠤᠨ ᠬᠤᠯᠪᠤᠭᠠᠴᠢᠨ ᠤ ᠵᠦᠪᠰᠢᠶᠡᠷᠡᠯ ᠢᠶᠠᠷ ᠲᠤᠰ ᠵᠤᠬᠢᠶᠠᠨ ᠪᠠᠶᠢᠭᠤᠯᠤᠯᠳᠡ ᠳᠤ ᠤᠷᠤᠯᠴᠠᠨ᠂ ᠡᠳ᠋  ᠤᠨ ᠶᠠᠪᠤᠳᠡᠯ ᠤᠨ ᠵᠦᠪᠯᠡᠯ ᠤᠨ ᠡᠷᠬᠢᠯᠡᠭᠴᠢ ᠪᠤᠯᠪᠠ᠃     1936 ᠤᠨ ᠳᠤ᠂ ᠲᠡᠮᠴᠦᠭᠳᠤᠩᠷᠤᠪ ᠸᠠᠩ ᠶᠠᠫᠤᠨ ᠤ ᠲᠦᠷᠢᠮᠡᠬᠡᠶᠢᠯᠡᠭᠴᠢᠳ ᠤᠨ ᠤᠳᠤᠷᠢᠳᠤᠭᠠᠴᠢ ᠲᠤᠤᠷ᠎ᠡ ᠬᠠᠭᠤᠷᠮᠠᠭ ᠮᠤᠩᠭᠤᠯ ᠤᠨ ᠴᠡᠷᠢᠭ ᠵᠠᠰᠠᠭ ᠪᠠᠶᠢᠭᠤᠯᠵᠦ᠂ ᠶᠡᠭᠡ ᠬᠡᠮᠵᠢᠶ᠎ᠡ ᠪᠠᠷ ᠴᠡᠷᠢᠭ ᠮᠤᠷᠢ ᠡᠯᠰᠡᠪᠡ᠃ ᠬᠠᠮᠤᠭ ᠲᠦᠷᠦᠬᠦᠨ ᠳᠤ ᠰᠢᠯᠢᠩᠭᠤᠤᠯ᠂ ᠴᠠᠬᠠᠷ᠂ ᠶᠡᠭᠡ ᠵᠤᠤ᠂ ᠤᠯᠠᠭᠠᠨᠴᠠᠪ ᠵᠡᠷᠭᠡ ᠠᠶᠢᠮᠠᠭ ᠠᠴᠠ ᠨᠢᠬᠡ ᠪᠦᠯᠦᠭ ᠴᠡᠷᠢᠭ ᠡᠯᠰᠡᠵᠦ᠂ ᠪᠠᠰᠠ ᠵᠤᠰᠤᠳᠦ ᠶᠢᠨ ᠴᠢᠭᠤᠯᠭᠠᠨ ᠠᠴᠠ ᠨᠢᠬᠡ ᠬᠤᠷᠢᠶ᠎ᠡ ᠴᠡᠷᠢᠭ ᠡᠯᠰᠡᠪᠡ᠂ ᠡᠬᠦᠨ ᠤ ᠲᠤᠳᠤᠷ᠎ᠡ ᠤᠯᠠᠩᠭᠢ ᠨᠢ ᠲᠡᠭᠡᠷᠡᠮ ᠪᠠᠶᠢᠪᠠ᠂ ᠡᠳᠡᠭᠡᠷ ᠴᠡᠷᠢᠭ ᠢᠶᠠᠨ ᠲᠡᠷᠡ ᠦᠪᠡᠷ ᠤᠨ ᠰᠢᠳᠡᠷ ᠴᠡᠷᠢᠭ ᠠᠩᠭᠢ ᠪᠤᠯᠭᠠᠪᠠ᠃ ᠡᠪ ᠬᠠᠮᠳᠤ ᠶᠢᠨ ᠢᠨᠲ᠋ᠧᠷᠨᠠᠼᠢᠥᠨᠠᠯ ᠤᠨ ᠲᠤᠮᠢᠯᠠᠨ ᠢᠷᠡᠬᠦᠯᠦᠭᠰᠡᠨ ᠬᠤᠯᠪᠤᠭᠠᠴᠢᠨ ᠪᠤᠯᠤᠨ ᠲᠤᠮᠳᠡᠳᠦ ᠤᠯᠤᠰ ᠤᠨ ᠡᠪ ᠬᠠᠮᠳᠤ ᠨᠠᠮ ᠤᠨ ᠨᠢᠭᠤᠴᠠ ᠠᠵᠢᠯᠳᠡᠨ ᠠᠳᠡ ᠠᠵᠢᠯ ᠦᠷᠨᠢᠬᠦᠯᠬᠦ ᠳᠤ ᠮᠠᠰᠢ ᠲᠦᠪᠡᠭᠳᠡᠢ ᠪᠠᠶᠢᠪᠠ᠃ ᠪᠤᠤ ᠶᠤᠸᠠᠢ ᠴᠢᠩ ᠡᠪ ᠬᠠᠮᠳᠤ ᠶᠢᠨ ᠢᠨᠲ᠋ᠧᠷᠨᠠᠼᠢᠥᠨᠠᠯ ᠤᠨ ᠬᠤᠯᠪᠤᠭᠠᠴᠢᠨ ᠸᠠᠯᠢᠦ᠋ᠺᠧᠹ ︵ᠵᠦᠪᠯᠡᠯᠳᠦ ᠶᠢᠨ ᠬᠦᠮᠦᠨ᠂ ᠬᠢᠳᠡᠳ ᠨᠡᠷ᠎ᠡ ᠨᠢ ᠸᠠᠩ ᠺᠧ ᠹᠦ᠋︶ ᠪᠤᠯᠤᠨ ᠡᠪ ᠬᠠᠮᠳᠤ ᠨᠠᠮ ᠤᠨ ᠨᠢᠭᠤᠴᠠ ᠠᠵᠢᠯᠳᠡᠨ ᠲᠡᠯᠭᠡᠷ ︵ᠬᠡᠰᠢᠭᠳᠡᠨ ᠬᠤᠰᠢᠭᠤᠨ  ᠤ ᠬᠦᠮᠦᠨ᠂ ᠬᠢᠳᠡᠳ ᠨᠡᠷ᠎ᠡ ᠨᠢ ᠨᠢᠩ ᠴᠦᠨ ᠬᠤᠸᠠ︶᠂ ᠪᠢᠯᠢᠭᠪᠡᠭᠠᠳᠤᠷ ︵ᠤᠯᠤᠰ ᠪᠠᠶᠢᠭᠤᠯᠤᠭᠳᠠᠭᠰᠠᠨ ᠤ ᠲᠠᠷᠠᠭ᠎ᠠ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠨᠠᠮ ᠤᠨ ᠬᠤᠷᠢᠶ᠎ᠡ ᠶᠢᠨ ᠲᠡᠳ᠋ ᠱᠦᠵᠢ᠂ ᠲᠤᠳᠤᠭᠠᠳᠦ ᠶᠢ ᠬᠠᠮᠠᠭᠠᠯᠠᠬᠤ ᠲᠢᠩᠭᠢᠮ ᠤᠨ ᠲᠠᠷᠤᠭ᠎ᠠ ᠶᠢᠨ ᠲᠤᠰᠢᠶᠠᠯ ᠢ ᠬᠠᠷᠢᠭᠤᠴᠠᠵᠦ ᠪᠠᠶᠢᠪᠠ︶ ᠨᠡᠷ ᠲᠤ ᠰᠠᠨᠠᠭᠤᠯᠭ᠎ᠠ ᠭᠠᠷᠭᠠᠵᠦ᠂ ᠲᠡᠮᠴᠦᠭᠳᠤᠩᠷᠤᠪ ᠸᠠᠩ ᠦᠪᠡᠷ ᠤᠨ ᠬᠦᠴᠦᠨ ᠢᠶᠠᠨ ᠦᠷᠭᠡᠳᠭᠡᠵᠦ ᠪᠠᠶᠢᠭ᠎ᠠ ᠡᠨᠡᠬᠦ ᠵᠠᠪᠰᠢᠶᠠᠨ ᠢ ᠠᠰᠢᠭᠯᠠᠨ᠂ ᠲᠡᠬᠦᠨ ᠤ ᠨᠡᠷ᠎ᠡ ᠪᠠᠷ ᠪᠢᠳᠡ ᠪᠠᠰᠠ ᠨᠢᠬᠡ ᠪᠦᠯᠦᠭ ᠴᠡᠷᠢᠭ ᠡᠯᠰᠡᠵᠦ᠂ ᠪᠢᠳᠡ ᠦᠪᠡᠷᠰᠡᠳ  ᠢᠶᠠᠨ ᠵᠠᠬᠢᠷᠤᠨ᠎ᠠ᠂ ᠢᠩᠭᠢᠪᠡᠯ ᠢᠷᠡᠬᠡᠳᠦᠢ ᠳᠤ ᠴᠠᠭ ᠤᠨ ᠪᠠᠶᠢᠳᠡᠯ ᠬᠤᠪᠢᠷᠠᠬᠤ ᠳᠤ ᠬᠦᠷᠪᠡᠯ ᠡᠳᠡᠭᠡᠷ ᠴᠡᠷᠢᠭ ᠮᠠᠨ ᠤ ᠦᠬᠡ ᠶᠢ ᠰᠤᠨᠤᠰᠬᠤ ᠪᠤᠯᠤᠨ᠎ᠠ ᠭᠡᠵᠡᠢ᠃ ᠸᠠᠩ ᠺᠧ ᠹᠦ᠋᠂ ᠲᠡᠯᠭᠡᠷ ᠨᠡᠷ ᠪᠤᠤ ᠶᠤᠸᠠᠢ ᠴᠢᠩ ᠤᠨ ᠰᠠᠨᠠᠯ ᠢ ᠵᠦᠪᠰᠢᠶᠡᠷᠡᠵᠦ᠂ ᠲᠡᠮᠴᠦᠭᠳᠤᠩᠷᠤᠪ ᠤᠨ ᠵᠦᠪᠰᠢᠶᠡᠷᠡᠯ ᠢᠶᠠᠷ ᠲᠠᠮᠵᠢᠨ᠂ ᠪᠤᠤ ᠶᠤᠸᠠᠢ ᠴᠢᠩ ᠨᠤᠳᠤᠭ ᠲᠠᠭᠠᠨ ᠬᠠᠷᠢᠵᠦ ᠵᠢᠷᠢᠮ ᠠᠶᠢᠮᠠᠭ ᠤᠨ ᠲᠦᠩᠯᠢᠶᠥᠥ ᠤᠷᠴᠢᠮ ᠢᠶᠠᠷ ᠴᠡᠷᠢᠭ ᠡᠯᠰᠡᠪᠡ᠃ ᠲᠡᠷᠡ ᠦᠶᠡᠰ᠂ ᠡᠪ ᠬᠠᠮᠳᠤ ᠨᠠᠮ  ᠤᠨ ᠬᠡᠰᠢᠬᠦᠨ᠂ ᠦᠪᠦᠷ ᠠᠷᠠᠳ ᠤᠨ ᠨᠠᠮ ᠤᠨ ᠬᠡᠰᠢᠬᠦᠨ ᠦᠯᠵᠡᠶᠢᠸ᠋ᠴᠢᠷ ᠬᠠᠭᠤᠷᠮᠠᠭ ᠬᠢᠩᠭᠠᠨ ᠪᠠᠷᠠᠭᠤᠨ ᠮᠤᠵᠢ  ᠶᠢᠨ ᠺᠠᠶᠢᠯᠤ ᠠᠴᠠ ᠲᠦᠩᠯᠢᠶᠥᠥ ᠳᠤ ᠬᠦᠷᠴᠦ᠂ ᠪᠤᠤ ᠶᠤᠸᠠᠢ ᠴᠢᠩ ᠲᠠᠢ ᠬᠤᠶᠠᠭᠤᠯᠠ ᠵᠦᠪᠳᠡᠭᠡᠳ᠂ ᠵᠢᠷᠢᠮ ᠠᠶᠢᠮᠠᠭ ᠠᠴᠠ ᠦᠪᠦᠷ ᠠᠷᠠᠳ ᠤᠨ ᠨᠠᠮ ᠤᠨ ᠬᠡᠰᠢᠬᠦᠨ᠂ ᠰᠡᠭᠡᠭᠡᠳᠡᠨ ᠵᠠᠯᠠᠭᠤᠴᠤᠳ ᠪᠤᠯᠤᠨ ᠬᠠᠭᠤᠷᠮᠠᠭ ᠮᠠᠨᠵᠦ ᠶᠢᠨ ᠨᠤᠶᠠᠷᠬᠠᠯ ᠳᠤ ᠲᠤᠷ᠎ᠡ ᠦᠬᠡᠶᠢᠴᠡᠵᠦ ᠪᠠᠶᠢᠭ᠎ᠠ ᠵᠠᠯᠠᠭᠤ ᠲᠡᠷᠢᠶᠡᠴᠢᠨ ᠮᠠᠯᠴᠢᠳ ᠢ ᠲᠤᠰᠬᠠᠶᠢᠯᠠᠨ ᠡᠯᠰᠡᠵᠦ᠂ ᠨᠡᠶᠢᠳᠡ ᠭᠤᠷᠪᠡᠨ ᠮᠢᠩᠭ᠎ᠠ ᠭᠠᠷᠤᠢ ᠬᠦᠮᠦᠨ ᠡᠯᠰᠡᠪᠡ᠃ ᠲᠡᠮᠴᠦᠭᠳᠤᠩᠷᠤᠪ ᠤᠨ ᠵᠠᠰᠠᠭ ᠠᠴᠠ ᠡᠳᠡᠭᠡᠷ ᠰᠢᠨ᠎ᠡ ᠴᠡᠷᠢᠭ ᠢ ᠨᠠᠢᠮᠠᠳᠤᠭᠠᠷ ᠶᠢᠰᠦᠳᠦᠭᠡᠷ ᠬᠤᠶᠠᠷ ᠬᠤᠷᠢᠶ᠎ᠡ ᠪᠤᠯᠭᠠᠨ ᠬᠤᠪᠢᠶᠠᠵᠦ᠂ ᠪᠤᠤ ᠶᠤᠸᠠᠢ ᠴᠢᠩ ᠢ ᠨᠠᠢᠮᠠᠳᠤᠭᠠᠷ ᠬᠤᠷᠢᠶ᠎ᠡ  ᠶᠢᠨ ᠲᠡᠳ᠋ ᠭᠧᠨᠧᠷᠡᠯ ᠬᠤᠷᠢᠶᠡᠨ ᠲᠠᠷᠤᠭ᠎ᠠ᠂ ᠦᠯᠵᠡᠶᠢᠸ᠋ᠴᠢᠷ ᠢ ᠼᠠᠨᠮᠤᠵᠠᠩ ᠪᠤᠯᠭᠠᠪᠠ᠃ ᠡᠨᠡᠬᠦ ᠬᠤᠶᠠᠷ ᠬᠤᠷᠢᠶ᠎ᠡ ᠶᠢᠨ ᠲᠠᠷᠤᠭ᠎ᠠ ᠪᠠᠶᠢᠯᠳᠤᠭᠴᠢ ᠲᠤᠳᠤᠷ᠎ᠡ ᠠᠴᠠ ᠡᠪ ᠬᠠᠮᠳᠤ ᠨᠠᠮ ᠤᠨ ᠨᠢᠭᠤᠴᠠ ᠠᠵᠢᠯᠳᠡᠨ ᠨᠡᠷ ᠮᠠᠰᠢ ᠤᠯᠠᠨ ᠡᠪ ᠬᠠᠮᠳᠤ ᠨᠠᠮ ᠤᠨ ᠬᠡᠰᠢᠬᠦᠨ ᠬᠦᠮᠦᠵᠢᠬᠦᠯᠵᠦ᠂ ᠪᠠᠰᠠ ᠲᠠᠷᠤᠭ᠎ᠠ ᠪᠠᠶᠢᠯᠳᠤᠭᠴᠢᠳ ᠢ ᠶᠠᠫᠤᠨ ᠢ ᠡᠰᠡᠷᠬᠦᠴᠡᠬᠦ ᠬᠦᠮᠦᠵᠢᠯ ᠬᠢᠭᠰᠡᠨ ᠪᠠᠶᠢᠨ᠎ᠠ᠃ 1945 ᠤᠨ ᠤ ᠵᠤᠨ᠂ ᠨᠠᠢᠮᠠᠳᠤᠭᠠᠷ ᠬᠤᠷᠢᠶ᠎ᠡ ᠶᠢᠨ ᠲᠠᠷᠤᠭ᠎ᠠ ᠪᠠᠶᠢᠯᠳᠤᠭᠴᠢᠳ ᠡᠪ ᠬᠠᠮᠳᠤ ᠨᠠᠮ ᠤᠨ ᠬᠡᠰᠢᠬᠦᠨ ᠦᠯᠵᠡᠶᠢᠸ᠋ᠴᠢᠷ᠂ ᠪᠢᠯᠢᠭᠪᠡᠭᠠᠳᠤᠷ ᠤᠨ ᠲᠠᠭᠠᠭᠤᠯᠭ᠎ᠠ ᠪᠠᠷ ᠪᠦᠬᠦ ᠬᠤᠷᠢᠶ᠎ᠡ ᠨᠢ ᠪᠤᠰᠤᠯᠭ᠎ᠠ ᠭᠠᠷᠭᠠᠨ᠂ ᠫᠤᠤ ᠶᠢᠨ ᠠᠮᠠ ᠪᠠᠨ ᠶᠠᠫᠤᠨ ᠡᠵᠡᠷᠭᠡᠭ ᠲᠦᠷᠢᠮᠡᠬᠡᠶᠢᠳᠡᠨ ᠳᠤ ᠴᠢᠭᠯᠡᠬᠦᠯᠵᠦ᠂ ᠶᠠᠫᠤᠨ ᠳᠤ ᠴᠤᠬᠢᠯᠳᠡ ᠦᠭᠪᠡ᠃ ᠶᠢᠰᠦᠳᠦᠭᠡᠷ ᠬᠤᠷᠢᠶ᠎ᠡ ᠶᠢᠨ ᠬᠤᠷᠢᠶᠡᠨ ᠲᠠᠷᠤᠭ᠎ᠠ ᠪᠤᠤ ᠬᠠᠢ ᠮᠢᠩ ᠬᠤᠵᠢᠮ ᠨᠢ ᠬᠠᠭᠤᠷᠮᠠᠭ ᠮᠠᠨᠵᠦ ᠶᠢᠨ ᠴᠡᠷᠢᠭ ᠤᠨ ᠨᠤᠶᠠᠳ ᠤᠨ ᠰᠤᠷᠭᠠᠭᠤᠯᠢ ᠶᠢᠨ ᠲᠡᠳ᠋ ᠭᠧᠨᠧᠷᠡᠯ ᠵᠠᠬᠢᠷᠤᠯ ᠰᠠᠭᠤᠵᠦ᠂ 1945 ᠤᠨ ᠳᠤ ᠴᠡᠷᠢᠭ ᠤᠨ ᠰᠤᠷᠭᠠᠭᠤᠯᠢ ᠶᠢᠨ ᠲᠠᠷᠤᠭ᠎ᠠ ᠪᠠᠶᠢᠯᠳᠤᠭᠴᠢᠳ ᠢᠶᠠᠨ ᠲᠠᠭᠠᠭᠤᠯᠤᠨ ᠪᠤᠰᠤᠯᠭ᠎ᠠ ᠭᠠᠷᠭᠠᠵᠦ᠂ ᠡᠪ ᠬᠠᠮᠳᠤ ᠨᠠᠮ ᠤᠨ ᠤᠳᠤᠷᠢᠳᠤᠯᠭ᠎ᠠ ᠶᠢ ᠬᠦᠯᠢᠶᠡᠨ ᠠᠪᠤᠪᠠ᠃ ᠡᠨᠡᠬᠦ ᠬᠤᠶᠠᠷ ᠰᠠᠯᠪᠤᠷᠢ ᠴᠡᠷᠢᠭ ᠠᠩᠭᠢ ᠶᠢᠨ ᠭᠤᠤᠯ ᠬᠦᠴᠦᠳᠡᠨ ᠨᠢ ᠨᠠᠮ ᠤᠨ ᠬᠦᠮᠦᠵᠢᠯ ᠢᠶᠠᠷ ᠲᠠᠮᠵᠢᠨ᠂ ᠴᠢᠯᠦᠬᠡᠨᠬᠦ ᠲᠠᠶᠢᠨ ᠪᠤᠯᠤᠨ ᠤᠯᠤᠰ ᠪᠠᠶᠢᠭᠤᠯᠤᠭᠳᠠᠭᠰᠠᠨ ᠤ ᠲᠡᠷᠠᠭᠠᠬᠢ ᠬᠤᠪᠢᠰᠬᠠᠯ ᠪᠤᠯᠤᠨ ᠪᠦᠳᠦᠭᠡᠨ ᠪᠠᠶᠢᠭᠤᠯᠤᠯᠳᠡ ᠶᠢᠨ ᠶᠠᠪᠤᠴᠠ ᠳᠤ ᠡᠯ᠎ᠡ ᠱᠠᠳᠤᠨ ᠤ ᠨᠠᠮ ᠵᠠᠰᠠᠭ ᠴᠡᠷᠢᠭ ᠤᠨ ᠰᠠᠯᠠᠭ᠎ᠠ ᠮᠦᠴᠢᠷ ᠤᠨ ᠤᠳᠤᠷᠢᠳᠬᠤ ᠭᠤᠤᠯ ᠬᠦᠴᠦᠳᠡᠨ ᠪᠤᠯᠤᠭᠰᠠᠨ ᠪᠠᠶᠢᠨ᠎ᠠ᠃     1938 ᠤᠨ ᠳᠤ᠂ ᠪᠤᠤ ᠶᠤᠸᠠᠢ ᠴᠢᠩ ᠤᠨ ᠲᠤᠤᠷᠡᠬᠢ ᠲᠠᠷᠤᠭ᠎ᠠ ᠪᠠᠶᠢᠯᠳᠤᠭᠴᠢᠳ ᠤᠨ ᠵᠤᠩᠭᠢᠯᠠᠬᠤ ᠲᠤᠭ᠎ᠠ  ᠨᠢ ᠵᠦᠪᠯᠡᠯᠳᠦ ᠬᠤᠯᠪᠤᠭᠠᠳᠦ ᠤᠯᠤᠰ ᠪᠤᠯᠤᠨ ᠮᠤᠩᠭᠤᠯ ᠲᠡᠰᠢ ᠬᠡᠯᠪᠡᠶᠢᠵᠦ᠂ ᠡᠪ ᠬᠠᠮᠳᠤ ᠨᠠᠮ ᠪᠤᠯᠤᠨ ᠨᠠᠢᠮᠠᠨ ᠵᠠᠮ  ᠤᠨ ᠴᠡᠷᠢᠭ ᠢ ᠲᠤᠳᠤᠨᠤᠴᠢᠯᠠᠬᠤ ᠪᠤᠯᠤᠭᠰᠠᠨ ᠠᠴᠠ ᠶᠠᠫᠤᠨᠴᠤᠳ ᠤᠨ ᠠᠩᠬᠠᠷᠤᠯ ᠢ ᠲᠠᠳᠡᠵᠦ᠂ ᠲᠡᠬᠦᠨ ᠢ ᠨᠢᠳᠦᠨ ᠡᠪᠡᠳᠴᠢᠨ ᠨᠢ ᠴᠡᠷᠢᠭ ᠲᠠᠭᠠᠭᠤᠯᠬᠤ ᠶᠢ ᠬᠠᠷᠰᠢᠯᠠᠬᠤ ᠪᠠᠷ ᠰᠢᠯᠳᠠᠭ ᠪᠤᠯᠭᠠᠨ ᠴᠡᠷᠢᠭ ᠠᠩᠭᠢ ᠠᠴᠠ ᠰᠠᠯᠭᠠᠵᠦ᠂ ᠬᠠᠭᠤᠷᠮᠠᠭ ᠮᠤᠩᠭᠤᠯ ᠤᠨ ᠬᠢᠯᠢ ᠶᠢᠨ ᠪᠠᠩᠭᠢ ᠶᠢᠨ ᠶᠡᠷᠦᠩᠭᠡᠶᠢᠯᠡᠭᠴᠢ ᠪᠤᠯᠭᠠᠪᠠ᠃      1927 ᠤᠨ ᠤ 4 ᠰᠡᠷ᠎ᠡ ᠳᠤ᠂ ᠯᠢ ᠳ᠋ᠠ ᠵᠤᠤ ᠬᠤᠤᠷᠯᠠᠭᠳᠠᠭᠰᠠᠨ ᠤ ᠲᠠᠷᠠᠭ᠎ᠠ᠂ ᠡᠪ ᠬᠠᠮᠳᠤ ᠶᠢᠨ ᠢᠨᠲ᠋ᠧᠷᠨᠠᠼᠢᠥᠨᠡᠯ ᠵᠦᠪᠯᠡᠯᠳᠦ ᠬᠤᠯᠪᠤᠭᠠᠳᠦ ᠤᠯᠤᠰ ᠤᠨ ᠡᠯᠴᠢᠨ ᠰᠠᠶᠢᠳ ᠤᠨ ᠶᠠᠮᠤᠨ ᠢᠶᠠᠷ ᠲᠠᠮᠵᠢᠨ ᠯᠢ ᠳ᠋ᠠ ᠵᠤᠤ  ᠶᠢᠨ ᠭᠡᠷ ᠪᠦᠯᠢ ᠶᠢᠨ ᠬᠢᠨ ᠳᠤ ᠲᠦᠷᠪᠡᠨ ᠲᠦᠮᠡᠨ ᠮᠦᠩᠭᠦᠨ ᠵᠤᠭᠤᠰ ᠤᠨ ᠠᠰᠠᠷᠠᠮᠵᠢ ᠶᠢᠨ ᠮᠦᠩᠭᠦ ᠦᠭᠪᠡ᠃ ᠲᠤᠬᠠᠢ ᠶᠢᠨ ᠦᠶ᠎ᠡ ᠳᠤ ᠨᠠᠮ ᠤᠨ ᠵᠤᠬᠢᠶᠠᠨ ᠪᠠᠶᠢᠭᠤᠯᠤᠯᠳᠡ ᠬᠦᠨᠳᠦ ᠨᠤᠴᠢᠳᠡᠢ ᠡᠪᠳᠡᠭᠳᠡᠭᠰᠡᠨ ᠠᠴᠠ ᠪᠤᠤ ᠶᠤᠸᠠᠢ ᠴᠢᠩ ᠡᠪ ᠬᠠᠮᠳᠤ ᠶᠢᠨ ᠢᠨᠲ᠋ᠧᠷᠨᠠᠽᠢᠨᠡᠯ ᠤᠨ ᠨᠡᠶᠢᠳᠠᠯᠭ᠎ᠠ ᠪᠠᠷ ᠡᠨᠡᠬᠦ ᠵᠤᠭᠤᠰ ᠢ ᠨᠠᠮ ᠤᠨ ᠵᠤᠬᠢᠶᠠᠨ ᠪᠠᠶᠢᠭᠤᠯᠤᠯᠳᠡ  ᠳᠤ ᠰᠢᠯᠵᠢᠬᠦᠯᠦᠨ ᠲᠤᠰᠢᠶᠠᠪᠠ᠃ ᠵᠦᠪᠯᠡᠯᠳᠦ ᠬᠤᠯᠪᠤᠭᠠᠳᠦ ᠤᠯᠤᠰ᠂ ᠮᠤᠩᠭᠤᠯ ᠤᠯᠤᠰ ᠳᠤ ᠰᠤᠷᠤᠯᠴᠠᠭᠠᠳ ᠪᠤᠴᠠᠨ ᠢᠷᠡᠭᠰᠡᠨ ᠮᠤᠩᠭᠤᠯ ᠵᠠᠯᠠᠭᠤᠴᠤᠳ ᠪᠤᠶᠤ ᠦᠪᠦᠷ ᠮᠤᠩᠭᠤᠯ ᠠᠴᠠ ᠵᠦᠪᠯᠡᠯᠳᠦ ᠬᠤᠯᠪᠤᠭᠠᠳᠦ ᠤᠯᠤᠰ ᠪᠤᠯᠤᠨ ᠮᠤᠩᠭᠤᠯ ᠤᠯᠤᠰ ᠲᠤ ᠬᠦᠷᠴᠦ ᠠᠵᠢᠯᠯᠠᠵᠦ ᠰᠤᠷᠤᠯᠴᠠᠭᠰᠠᠨ ᠬᠦᠮᠦᠰ ᠤᠨ ᠤᠯᠠᠩᠭᠢ ᠨᠢ ᠠᠵᠢᠯ ᠲᠤᠬᠢᠷᠠᠭᠤᠯᠬᠤ ᠪᠠᠷ ᠪᠤᠤ ᠶᠤᠸᠠᠢ ᠴᠢᠩ ᠢ ᠡᠷᠢᠵᠦ᠂ ᠲᠡᠷᠡ ᠡᠯ᠎ᠡ ᠵᠦᠢᠯ ᠤᠨ ᠬᠠᠷᠢᠴᠠᠭ᠎ᠠ ᠪᠠᠷ ᠲᠠᠮᠵᠢᠨ ᠡᠳᠡᠭᠡᠷ ᠬᠦᠮᠦᠰ ᠲᠤ ︽ᠬᠠᠤᠯᠢ  ᠳᠤ ᠨᠡᠶᠢᠴᠡᠬᠦ︾ ᠭᠠᠷ ᠬᠦᠢᠴᠡᠳᠬᠡᠯ ᠬᠢᠵᠦ ᠦᠭᠭᠦᠭᠰᠡᠨ ᠪᠤᠶᠤ ᠲᠡᠳᠡᠨᠡᠷ ᠲᠤ ᠬᠠᠷᠢᠯᠴᠠᠬᠤ ᠴᠡᠭ ᠬᠠᠷᠢᠯᠴᠠᠬᠤ ᠬᠦᠮᠦᠨ ᠵᠤᠯᠭᠠᠭᠤᠯᠤᠨ ᠦᠭᠴᠦ᠂ ᠪᠠᠰᠠ ᠡᠳᠡᠭᠡᠷ ᠬᠦᠮᠦᠰ ᠤᠨ ᠬᠤᠨᠤᠵᠦ ᠢᠳᠡᠬᠦ ᠠᠰᠠᠭᠤᠳᠡᠯ ᠢ ᠲᠠᠭᠠᠭᠠᠴᠢᠯᠠᠨ ᠬᠠᠮᠢᠶᠠᠷᠪᠡ᠃ ᠪᠤᠤ ᠶᠤᠸᠠᠢ ᠴᠢᠩ ᠲᠤᠬᠠᠢ ᠶᠢᠨ ᠦᠶ᠎ᠡ ᠳᠤ ᠤᠯᠤᠰ ᠠᠷᠠᠳ ᠤᠨ ᠵᠠᠰᠠᠭ ᠤᠨ ᠤᠷᠳᠤᠨ ᠪᠤᠯᠤᠨ ᠲᠡᠮᠴᠦᠭᠳᠤᠩᠷᠤᠪ ᠤᠨ ᠵᠠᠰᠠᠭ ᠤᠨ ᠤᠷᠳᠤᠨ ᠠᠴᠠ ᠰᠡᠷ᠎ᠡ ᠪᠦᠷᠢ ᠠᠪᠴᠦ ᠪᠠᠶᠢᠭᠰᠠᠨ ᠴᠠᠯᠢᠩ ᠮᠦᠩᠭᠦ ᠪᠤᠯᠤᠨ ᠠᠵᠢᠯᠯᠠᠭᠠᠨ ᠤ ᠵᠠᠷᠤᠳᠡᠯ ᠨᠢ ᠴᠦᠬᠡᠨ ᠪᠡᠶᠢᠪᠠ᠂ ᠬᠡᠪᠡᠴᠦ ᠲᠡᠷᠡ ᠨᠢᠭᠤᠴᠠ ᠠᠵᠢᠯᠳᠡᠨ ᠢ ᠲᠡᠳᠬᠦᠬᠦ ᠪᠤᠶᠤ ᠲᠡᠬᠦᠨ ᠢ ᠡᠷᠢᠵᠦ ᠢᠷᠡᠨ ᠰᠤᠷᠭᠠᠭᠤᠯᠢ ᠳᠤ ᠰᠠᠭᠤᠬᠤ᠂ ᠠᠵᠢᠯ ᠡᠷᠢᠬᠦ\ ᠵᠠᠯᠠᠭᠤᠴᠤᠳ ᠢ ᠲᠤᠰᠠᠯᠠᠬᠤ ᠳᠠᠭᠠᠨ ᠲᠤᠩ ᠬᠠᠯᠠᠭᠤᠮᠰᠤᠭ ᠪᠠᠶᠢᠳᠠᠭ᠃ ᠨᠢᠭᠤᠴᠠ ᠠᠵᠢᠯᠳᠡᠨ ᠵᠠᠶᠠᠭᠠᠳᠡᠢ ︵ᠤᠯᠤᠰ ᠪᠠᠶᠢᠭᠤᠯᠤᠭᠳᠠᠭᠰᠠᠨ ᠤ ᠲᠠᠷᠠᠭ᠎ᠠ ᠲᠤᠮᠳᠡᠳᠦ ᠤᠯᠤᠰ ᠤᠨ ᠮᠤᠩᠭᠤᠯ ᠳᠤ ᠰᠠᠭᠤᠭ᠎ᠠ ᠡᠯᠴᠢᠨ ᠰᠠᠶᠢᠳ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠲᠡᠳ᠋ ᠲᠡᠷᠢᠬᠦᠯᠡᠭᠴᠢ ᠪᠠᠶᠢᠪᠠ︶ ᠪᠡᠬᠡᠵᠢᠩ ᠳᠤ ᠠᠵᠢᠯᠯᠠᠭ᠎ᠠ ᠦᠷᠨᠢᠬᠦᠯᠵᠦ ᠪᠠᠶᠢᠬᠤ ᠳᠠᠭᠠᠨ ᠪᠤᠤ ᠶᠤᠸᠠᠢ ᠴᠢᠩ ᠲᠡᠬᠦᠨ  ᠢ ᠲᠡᠮᠴᠦᠭᠳᠤᠩᠷᠤᠪ ᠤᠨ ᠪᠡᠭᠡᠵᠢᠩ ᠳᠤ ᠰᠠᠭᠤᠭ᠎ᠠ ᠬᠡᠷᠡᠭ ᠡᠷᠬᠢᠯᠡᠬᠦ ᠭᠠᠵᠡᠷ ᠲᠤ ᠲᠤᠬᠢᠷᠠᠭᠤᠯᠵᠦ᠂ ᠪᠠᠭ ᠤᠨ ᠲᠠᠷᠤᠭ᠎ᠠ ︵ᠬᠡᠷᠡᠭ ᠡᠷᠬᠢᠯᠡᠬᠦ ᠭᠠᠵᠠᠷ ᠤᠨ ᠡᠷᠬᠢᠯᠡᠭᠴᠢ ᠨᠢ ᠪᠤᠤ ᠶᠤᠸᠠᠢ ᠴᠢᠩ ᠪᠠᠶᠢᠪᠠ︶ ᠶᠢᠨ ᠲᠤᠰᠢᠶᠠᠯ ᠳᠤ ᠲᠤᠮᠢᠯᠠᠨ᠂ ᠲᠡᠬᠦᠨ ᠤ ᠨᠢᠭᠤᠴᠠ ᠠᠵᠢᠯ ᠢ ᠨᠢ ᠬᠠᠯᠬᠠᠯᠠᠵᠦ ᠪᠠᠶᠢᠪᠠ᠂ ᠬᠤᠵᠢᠮ ᠨᠢ ᠶᠠᠫᠤᠨ ᠤ ᠲᠠᠩᠨᠠᠭᠤᠯ ᠤᠨ ᠪᠠᠶᠢᠭᠤᠯᠭ᠎ᠠ ᠳᠤ ᠰᠡᠷᠡᠭᠳᠡᠵᠦ ᠭᠡᠳᠡᠭᠳᠡᠭᠰᠡᠨ ᠳᠤ ᠪᠤᠤ ᠶᠤᠸᠠᠢ ᠴᠢᠩ ᠲᠡᠬᠦᠨ ᠢ ᠤᠯᠠᠭᠠᠨᠪᠠᠭᠠᠳᠤᠷ ᠲᠤ ᠭᠦᠷᠭᠡᠪᠡ᠃ ᠡᠪ ᠬᠠᠮᠳᠤ ᠨᠠᠮ ᠤᠨ ᠬᠡᠰᠢᠬᠦᠨ ᠦᠯᠵᠡᠶᠢᠸ᠋ᠴᠢᠷ ᠲᠡᠮᠴᠦᠭᠳᠤᠩᠷᠤᠪ ᠤᠨ ᠴᠡᠷᠢᠭ ᠠᠩᠭᠢ ᠶᠢᠨ ᠴᠡᠷᠢᠭ ᠤᠨ ᠲᠡᠭᠡᠭᠡᠪᠦᠷᠢᠯᠡᠯᠳᠡ ᠶᠢᠨ ᠠᠵᠢᠯ ᠢ ᠬᠢᠵᠦ ᠪᠠᠶᠢᠬᠤ ᠳᠤ ᠪᠤᠤ ᠶᠤᠸᠠᠢ ᠴᠢᠩ ᠲᠡᠬᠦᠨ ᠢ ᠦᠪᠡᠷ ᠤᠨ ᠵᠠᠬᠢᠷᠴᠦ ᠪᠠᠶᠢᠭᠰᠠᠨ ᠨᠠᠢᠮᠠᠳᠤᠭᠠᠷ ᠬᠤᠷᠢᠶ᠎ᠡ ᠶᠢᠨ ᠢᠶᠠᠨ ᠵᠦᠪᠯᠡᠭᠴᠢ ᠶᠢᠨ ᠲᠠᠷᠤᠭ᠎ᠠ᠂ ᠬᠤᠷᠢᠶᠡᠨ ᠲᠠᠷᠤᠭ᠎ᠠ ᠪᠠᠷ ᠲᠤᠮᠢᠯᠠᠵᠦ ᠬᠠᠮᠠᠭᠠᠯᠠᠪᠠ᠃ ᠡᠪ ᠬᠠᠮᠳᠤ ᠨᠠᠮ ᠤᠨ ᠬᠡᠰᠢᠬᠦᠨ᠂ ᠡᠪ ᠬᠠᠮᠳᠤ ᠶᠢᠨ ᠢᠨᠲ᠋ᠧᠷᠨᠠᠼᠢᠥᠨᠡᠯ ᠤᠨ ᠦᠪᠦᠷ ᠮᠤᠩᠭᠤᠯ ᠳᠤ ᠲᠤᠮᠢᠯᠠᠭᠰᠠᠨ ᠶᠡᠷᠦᠩᠭᠡᠢ ᠬᠤᠯᠪᠤᠭᠠᠴᠢᠨ ᠲᠡᠯᠬᠡᠷ ᠪᠤᠯᠤᠨ ᠲᠡᠬᠦᠨ ᠤ ᠬᠠᠳᠤᠨ ᠭᠥᠸᠧ ᠫᠸᠢ ᠶᠢᠨ ᠪᠤᠤ ᠶᠤᠸᠠᠢ ᠴᠢᠩ ᠢ ᠬᠠᠭᠤᠷᠡᠢ ᠰᠠᠳᠤᠨ ᠲᠠᠨᠢᠭᠰᠠᠨ ᠨᠡᠷ᠎ᠡ ᠪᠠᠷ ᠤᠷᠳᠤ ᠬᠤᠭᠤᠴᠠᠭ᠎ᠠ ᠲᠡᠬᠦᠨ ᠤ ᠭᠡᠷ ᠲᠤ ᠰᠠᠭᠤᠵᠦ ᠪᠠᠶᠢᠪᠠ᠃ ᠡᠪ ᠬᠠᠮᠳᠤ ᠨᠠᠮ  ᠤᠨ ᠬᠡᠰᠢᠬᠦᠨ ᠪᠢᠯᠢᠭᠪᠡᠭᠠᠳᠤᠷ ᠮᠤᠩᠭᠤᠯ ᠬᠤᠳᠡᠯᠳᠤᠭᠠᠴᠢᠨ ᠤ ᠨᠡᠷ᠎ᠡ ᠪᠠᠷ ᠦᠷᠬᠦᠯᠵᠢ ᠪᠤᠤ ᠶᠤᠸᠠᠢ ᠴᠢᠩ ᠤᠨ ᠭᠡᠷ  ᠢᠶᠠᠷ ᠤᠷᠦᠵᠦ ᠭᠠᠷᠴᠦ ᠪᠠᠶᠢᠪᠠ᠃ ᠡᠪ ᠬᠠᠮᠳᠤ ᠨᠠᠮ ᠤᠨ ᠬᠡᠰᠢᠬᠦᠨ ᠪᠤᠶᠠᠨ ︵ᠪᠤᠤ ᠮᠢᠩ ᠱᠦᠨ᠂ ᠤᠯᠤᠰ ᠪᠠᠶᠢᠭᠤᠯᠤᠭᠳᠠᠭᠰᠠᠨ ᠤ ᠲᠠᠷᠠᠭ᠎ᠠ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠲᠡᠮᠢᠷ ᠤᠨ ᠵᠦᠪᠯᠡᠯ ᠤᠨ ᠨᠠᠮ ᠤᠨ ᠲᠤᠭᠤᠶᠢᠯᠠᠩ ᠤᠨ ᠱᠦᠵᠢ ᠪᠠᠶᠢᠪᠠ︶᠂ ᠵᠢᠢ ᠢᠦᠢ ᡂᠢ ︵ᠤᠯᠤᠰ ᠪᠠᠶᠢᠭᠤᠯᠤᠭᠳᠠᠭᠰᠠᠨ ᠤ ᠲᠠᠷᠠᠭ᠎ᠠ ᠯᠢᠶᠥᠥᠨᠢᠩ ᠮᠤᠵᠢ ᠶᠢᠨ ᠮᠠᠰᠢᠨ ᠮᠢᠬᠠᠨᠢᠭ ᠤᠨ ᠲᠤᠨᠤᠭ ᠲᠦᠬᠦᠭᠡᠷᠦᠮᠵᠢ ᠶᠢ ᠲᠦᠬᠦᠷᠵᠢᠬᠦᠯᠬᠦ ᠲᠤᠪᠴᠢᠶ᠎ᠡ ᠶᠢᠨ ᠲᠤᠪᠴᠢᠶᠠᠨ ᠲᠠᠷᠤᠭ᠎ᠠ ᠪᠠᠶᠢᠪᠠ︶ ᠪᠤᠯ ᠲᠡᠯᠭᠡᠷ ᠤᠨ ᠬᠦᠮᠦᠵᠢᠬᠦᠯᠦᠭᠰᠡᠨ ᠴᠢᠮᠡᠭᠡ ᠮᠡᠳᠡᠬᠡᠨ ᠤ ᠠᠵᠢᠯᠳᠡᠨ ᠪᠤᠯᠤᠨ᠎ᠠ᠂ ᠪᠤᠤ ᠶᠤᠸᠠᠢ ᠴᠢᠩ ᠪᠤᠶᠠᠨ ᠢ ᠲᠡᠮᠴᠦᠭᠳᠤᠩᠷᠤᠪ ᠤᠨ ᠷᠠᠳᠢᠣ᠋ ᠬᠤᠷᠢᠶ᠎ᠡ ᠳᠤ ᠬᠤᠷᠢᠶᠠᠨ ᠲᠠᠷᠤᠭ᠎ᠠ ᠪᠤᠯᠭᠠᠵᠦ᠂ ᠵᠢᠢ ᠢᠦᠢ ᡂᠢ ᠶᠢ ᠮᠡᠳᠡᠭᠡ ᠲᠠᠮᠵᠢᠭᠤᠯᠤᠭᠴᠢ ᠪᠤᠯᠭᠠᠪᠠ᠃ ᠵᠦᠪᠯᠡᠯᠳᠦ ᠬᠤᠯᠪᠤᠭᠠᠳᠦ ᠤᠯᠤᠰ ᠤᠨ ᠲᠤᠷᠤᠨᠠᠳᠡᠬᠢᠨ ᠤ ᠶᠡᠭᠡ ᠰᠤᠷᠭᠠᠭᠤᠯᠢ ᠠᠴᠠ ᠪᠤᠴᠠᠨ ᠢᠷᠡᠭᠰᠡᠨ ᠫᠤᠩᠰᠤᠭ ︵ᠤᠯᠤᠰ ᠪᠠᠶᠢᠭᠤᠯᠤᠭᠳᠠᠭᠰᠠᠨ ᠤ ᠲᠠᠷᠠᠭ᠎ᠠ ᠦᠪᠦᠷ ᠮᠤᠩᠭᠤᠯ  ᠤᠨ ᠦᠪᠡᠷᠳᠡᠭᠡᠨ ᠵᠠᠰᠠᠬᠤ ᠤᠷᠤᠨ ᠤ ᠲᠡᠳ᠋ ᠲᠡᠷᠢᠬᠦᠯᠡᠭᠴᠢ ᠪᠡᠶᠢᠪᠡ︶᠂ ᠲᠡᠮᠦᠷᠪᠠᠭᠠᠨ᠎ᠠ ︵ᠤᠯᠤᠰ ᠪᠠᠶᠢᠭᠤᠯᠤᠭᠳᠠᠭᠰᠠᠨ ᠤ ᠲᠠᠷᠠᠭ᠎ᠠ ᠦᠪᠦᠷ ᠮᠤᠩᠭᠤᠯ ᠤᠨ ᠲᠡᠭᠡᠳᠦ ᠰᠢᠬᠦᠬᠦ ᠬᠤᠷᠢᠶᠡᠨ ᠤ ᠬᠤᠷᠢᠶᠡᠨ ᠲᠠᠷᠤᠭ᠎ᠠ ᠪᠠᠶᠢᠪᠠ ︶ ᠪᠤᠯᠤᠨ ᠮᠤᠩᠭᠤᠯ ᠤᠯᠤᠰ ᠠᠴᠠ ᠢᠷᠡᠭᠰᠡᠨ ᠪᠤᠨᠢᠶᠠᠪᠠᠽᠠᠷ ︵ᠦᠪᠦᠷ ᠠᠷᠠᠳ ᠤᠨ ᠨᠠᠮ ᠤᠨ ᠲᠦᠪ ᠬᠤᠷᠢᠶᠡᠨ ᠤ ᠬᠡᠰᠢᠬᠦᠨ᠂ ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ ᠬᠦᠮᠦᠨ︶ ᠪᠤᠤ ᠶᠤᠸᠠᠢ ᠴᠢᠩ ᠤᠨ ᠲᠤᠬᠢᠷᠠᠭᠤᠯᠭ᠎ᠠ  ᠪᠠᠷ ᠶᠠᠫᠤᠨ ᠤ ᠬᠠᠭᠤᠷᠮᠠᠭ ᠨᠤᠶᠠᠷᠬᠠᠯ ᠲᠤᠩ ᠴᠢᠩᠭ᠎ᠠ ᠪᠠᠶᠢᠭᠰᠠᠨ ᠵᠢᠷᠢᠮ ᠤᠨ ᠴᠢᠭᠤᠯᠭᠠᠨ ᠢᠶᠠᠷ ᠠᠵᠢᠯᠯᠠᠭ᠎ᠠ ᠦᠷᠨᠢᠬᠦᠯᠵᠦ ᠪᠠᠶᠢᠵᠡᠢ᠃     1939 ᠤᠨ ᠤ ᠵᠤᠨ᠂ ᠪᠤᠤ ᠶᠤᠸᠠᠢ ᠴᠢᠩ ᠪᠡᠭᠡᠵᠢᠩ ᠠᠴᠠ ᠰᠢᠯᠢᠩᠭᠤᠤᠯ ᠠᠶᠢᠮᠠᠭ ᠤᠨ ᠪᠡᠶᠢᠰᠡ ᠶᠢᠨ ᠰᠦᠮ᠎ᠡ ︵ᠰᠢᠯᠢᠩᠬᠤᠳᠡ︶ ᠳᠤ ᠬᠦᠷᠴᠦ ᠨᠠᠭᠠᠳᠤᠮ ᠤᠨ ᠶᠡᠭᠡ ᠬᠤᠷᠡᠯ ᠳᠤ ᠤᠷᠤᠯᠴᠠᠪᠠ᠂ ᠲᠡᠷᠡ ᠦᠨᠡᠨ ᠳᠡᠭᠡᠨ ᠮᠤᠩᠭᠤᠯ ᠤᠯᠤᠰ ᠠᠴᠠ ᠢᠷᠡᠭᠰᠡᠨ ᠴᠢᠮᠡᠭᠡ ᠮᠡᠳᠡᠭᠡ ᠶᠢᠨ ᠠᠵᠢᠯᠳᠡᠨ ᠲᠠᠢ ᠤᠴᠠᠷᠠᠬᠤ ᠪᠠᠷ ᠤᠴᠢᠪᠡ᠃ ᠡᠨᠡ ᠦᠶᠡᠰ ᠪᠤᠤ ᠶᠤᠸᠠᠢ ᠴᠢᠩ ᠤᠨ ᠬᠤᠶᠠᠷ ᠨᠢᠳᠦ ᠨᠢ ᠨᠢᠬᠡᠨᠳᠡ ᠰᠤᠬᠤᠷᠠᠭᠠᠳ ᠪᠠᠶᠢᠪᠠ᠂ ᠰᠤᠬᠤᠷ ᠬᠦᠮᠦᠨ ᠠᠯᠤᠰ ᠬᠤᠯᠡ  ᠠᠴᠠ ᠨᠠᠭᠠᠳᠤᠮ ᠤᠨ ᠬᠤᠷᠡᠯ ᠦᠵᠡᠬᠦ ᠪᠠᠷ ᠤᠴᠢᠭᠰᠠᠨ ᠨᠢ ᠶᠠᠫᠤᠨ ᠤ ᠲᠠᠩᠨᠠᠭᠤᠯ ᠤᠨ ᠪᠠᠶᠢᠭᠤᠯᠭ᠎ᠠ ᠶᠢᠨ ᠠᠩᠬᠠᠷᠤᠯ  ᠢ ᠲᠡᠳᠡᠵᠦ᠂ ᠬᠦᠮᠦᠨ ᠲᠤᠮᠢᠯᠠᠨ ᠲᠡᠬᠦᠨ ᠤ ᠬᠦᠳᠡᠯᠬᠡᠬᠡᠨ ᠢ ᠴᠢᠩᠭ᠎ᠠ ᠬᠢᠨᠡᠭᠤᠯᠪᠡ᠂ ᠪᠠᠶᠢᠰᠡ ᠶᠢᠨ ᠰᠦᠮ᠎ᠡ ᠳᠤ ᠶᠠᠫᠤᠨᠴᠤᠳ ᠤᠨ ᠡᠷᠬᠢᠯᠡᠭᠰᠡᠨ ᠲᠠᠶᠢᠯᠠᠯᠭ᠎ᠠ ᠳᠤ ᠤᠷᠤᠯᠴᠠᠭᠰᠠᠨ ᠤ ᠲᠠᠷᠠᠭ᠎ᠠ ᠪᠤᠤ ᠶᠤᠸᠠᠢ ᠴᠢᠩ ᠬᠡᠨᠡᠳᠳᠡ ᠡᠪᠡᠳᠴᠢᠯᠡᠵᠦ᠂ ᠪᠡᠬᠡᠵᠢᠩ ᠳᠤ ᠬᠦᠷᠭᠡᠭᠳᠡᠨ ᠭᠧᠷᠮᠠᠨ ᠤ ᠡᠮᠨᠡᠯᠬᠡ ᠶᠢᠨ ᠬᠤᠷᠢᠶ᠎ᠡ ᠳᠤ ᠡᠮᠨᠡᠬᠦᠯᠦᠬᠡᠳ ᠤᠳᠡᠯ ᠦᠭᠡᠢ ᠡᠪᠡᠳᠴᠢᠨ ᠢᠶᠠᠷ ᠨᠠᠰᠤ ᠪᠠᠷᠡᠪᠡ᠃ ᠲᠡᠬᠦᠨ ᠤ ᠨᠠᠰᠤ ᠪᠠᠷᠠᠭᠰᠠᠨ ᠰᠢᠯᠳᠠᠭᠠᠨ ᠤ ᠲᠤᠬᠠᠢ ᠬᠤᠶᠠᠷ ᠵᠦᠢᠯ ᠤᠨ ᠬᠡᠯᠡᠯᠬᠡ  ᠲᠠᠢ᠂ ᠨᠢᠬᠡ ᠨᠢ ᠲᠡᠬᠦᠨ ᠢ ᠪᠦᠬᠡᠷᠡᠨ ᠡᠪᠡᠳᠴᠢᠨ ᠢᠶᠠᠷ ᠨᠠᠰᠤ ᠪᠠᠷᠠᠪᠠ ᠭᠡᠵᠤ᠂ ᠨᠦᠬᠦᠬᠡ ᠨᠢᠬᠡ ᠨᠢ ᠶᠠᠫᠤᠨ ᠤ ᠲᠠᠩᠨᠠᠭᠤᠯ ᠤᠨ ᠪᠠᠶᠢᠭᠤᠯᠭ᠎ᠠ ᠭᠧᠷᠮᠠᠨ ᠡᠮᠴᠢ ᠶᠢ ᠵᠤᠭᠤᠰ ᠢᠶᠠᠷ ᠲᠠᠳᠡᠵᠦ ᠵᠡᠬᠦᠦ ᠲᠠᠷᠢᠭᠤᠯᠤᠭᠰᠠᠨ ᠠᠴᠠ ᠡᠪᠡᠳᠴᠢᠨ  ᠨᠢ ᠬᠦᠨᠳᠦᠷᠡᠵᠦ ᠨᠠᠰᠤ ᠪᠠᠷᠡᠪᠡ ᠭᠡᠵᠡᠢ᠃       ᠢᠷᠡᠯᠳᠡ — ︽ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ ᠤᠶᠢᠯᠠᠯᠭ᠎ᠠ︾
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号