ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ | ᠲᠡᠦᠭᠡᠨ ᠳᠠᠬᠢ ᠴᠤᠤᠳᠤ ᠬᠦᠮᠦᠰ ᠤᠨ ᠲᠤᠰᠬᠠᠢ ᠨᠠᠮᠳᠡᠷ | | | ᠰᠡᠩᠭᠡᠷᠢᠨᠴᠢᠨ ︵1811 — 1865︶ | | ᠰᠡᠩᠭᠡᠷᠢᠨᠴᠢᠨ᠂ ᠮᠤᠩᠭᠤᠯ ᠦᠨᠳᠦᠰᠦᠳᠡᠨ᠂ ᠪᠤᠷᠵᠢᠬᠢᠨ ᠤᠪᠤᠭᠳᠡᠨ᠂ ᠰᠠᠶᠢᠰᠢᠶᠠᠯ ᠢᠷᠦᠬᠡᠯᠳᠦ ᠶᠢᠨ | ᠴᠠᠭᠠᠭᠴᠢᠨ ᠬᠤᠨᠢᠨ ᠵᠢᠯ ︵1811 ᠤᠨ︶ ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ ᠬᠠᠷᠡᠡᠬᠢ ᠰᠤᠮᠤ | ᠶᠢᠨ ᠪᠠᠶᠢᠰᠢᠩᠳᠦ ᠭᠠᠴᠠᠭᠠᠨ ᠤ ᠡᠩ ᠤᠨ ᠨᠢᠬᠡᠨ ᠲᠠᠶᠢᠵᠢ ᠶᠢᠨ ᠭᠡᠷ ᠲᠤ ᠲᠦᠷᠦᠪᠡ᠃ ᠲᠡᠬᠦᠨ ᠤ ᠡᠴᠢᠬᠡ | ᠪᠦᠬᠡᠳᠡᠯᠭᠡᠷ ᠭᠡᠳᠡᠭ᠂ ᠲᠡᠦᠬᠡᠨ ᠪᠢᠴᠢᠭ ᠲᠤ ᠪᠢᠴᠢ ︵ᠲᠠᠶᠢᠵᠢ︶ ᠭᠡᠵᠤ ᠲᠠᠭᠤᠳᠠᠳᠠᠭ᠂ ᠵᠢᠷᠭᠠᠯᠠᠩ ᠪᠠᠯᠭᠠᠰᠤ ᠶᠢᠨ | ᠪᠠᠶᠠᠨᠬᠠᠭ ᠠᠶᠢᠯ ᠤᠨ ᠬᠦᠮᠦᠨ᠂ ᠭᠡᠷ ᠤᠨ ᠠᠮᠢᠳᠦᠷᠡᠯ ᠨᠢ ᠶᠠᠳᠠᠭᠤ ᠬᠦᠴᠢᠷᠳᠡᠢ ᠪᠠᠶᠢᠪᠠ᠃ ᠰᠡᠩᠭᠡᠷᠢᠨᠴᠢᠨ ᠪᠠᠭ᠎ᠠ | ᠨᠠᠰᠤᠨ ᠳᠠᠭᠠᠨ ᠡᠴᠢᠬᠡ ᠪᠠᠨ ᠲᠠᠭᠠᠵᠦ ᠪᠠᠶᠠᠨ ᠬᠦᠮᠦᠨ ᠤ ᠮᠠᠯ ᠢ ᠬᠠᠷᠢᠭᠤᠯᠵᠦ᠂ 12 ᠨᠠᠰᠤᠳᠡᠢ ᠳᠠᠭᠠᠨ ᠴᠠᠩᠳᠦ | ᠶᠢᠨ ᠬᠠᠭᠤᠴᠢᠨ ᠬᠤᠳᠡ ᠶᠢᠨ ᠸᠡᠨ ᠴᠠᠩ ᠭᠦᠩ ᠳᠤ ᠪᠢᠴᠢᠭ ᠦᠵᠡᠪᠡ᠃ | ᠲᠦᠷᠦ ᠬᠡᠷᠡᠯᠳᠦ ᠶᠢᠨ ᠲᠠᠪᠤᠳᠤᠭᠠᠷ ᠤᠨ ︵1825 ᠤᠨ︶ ᠳᠤ ᠰᠤᠳᠨᠠᠮᠳᠤᠪᠵᠡᠢ ᠵᠢᠶᠦ᠋ᠨ ᠸᠠᠩ ᠤᠨ | ᠵᠠᠯᠭᠠᠮᠵᠢ ᠬᠦᠦ ᠨᠢ ᠪᠤᠯᠵᠦ᠂ ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ ᠵᠠᠰᠠᠭᠳᠦ ᠵᠢᠶᠦ᠋ᠨ ᠸᠠᠩ ᠤᠨ | ᠰᠠᠭᠤᠷᠢᠨ ᠢ ᠵᠠᠯᠭᠠᠮᠵᠢᠯᠠᠪᠠ᠃ | ᠲᠦᠷᠦ ᠬᠡᠷᠡᠯᠳᠦ ᠶᠢᠨ ᠲᠠᠪᠤᠳᠤᠭᠠᠷ ᠤᠨ ᠤ ᠠᠷᠪᠠᠨ ᠬᠤᠶᠠᠳᠤᠭᠠᠷ ᠰᠡᠷ᠎ᠡ ᠳᠤ᠂ ᠵᠠᠷᠯᠢᠭ ᠢᠶᠠᠷ ᠬᠠᠭᠠᠨ ᠤ | ᠡᠮᠦᠨ᠎ᠡ ᠶᠠᠪᠤᠬᠤ ᠰᠢᠳᠡᠷ ᠨᠤᠶᠠᠨ ᠢᠶᠠᠷ ᠲᠤᠮᠢᠯᠠᠭᠳᠡᠨ᠂ ᠭᠤᠷᠪᠡᠨ ᠨᠢᠳᠦᠳᠦ ᠲᠤᠭᠤᠰ ᠤᠳᠤᠭ᠎ᠠ ᠱᠠᠩᠨᠠᠵᠦ ᠵᠡᠬᠦᠯᠬᠡᠪᠡ | ᠃ ᠲᠦᠷᠦ ᠬᠡᠷᠡᠯᠳᠦ ᠶᠢᠨ ᠵᠢᠷᠭᠤᠳᠤᠭᠠᠷ ᠤᠨ ᠳᠤ ᠤᠯᠠᠭᠠᠨ ᠵᠢᠯᠤᠭᠤ ᠪᠠᠷ ᠱᠠᠩᠨᠠᠭᠳᠡᠪᠡ᠃ ᠲᠦᠷᠦ ᠬᠡᠷᠡᠯᠳᠦ ᠶᠢᠨ | ᠶᠢᠰᠦᠳᠦᠭᠡᠷ ᠤᠨ ᠳᠤ᠂ ᠰᠢᠷ᠎ᠡ ᠮᠠᠩᠨᠤᠭ ᠲᠠᠪᠠᠯ ᠱᠠᠩᠨᠠᠵᠦ ᠡᠮᠦᠰᠭᠡᠪᠡ᠃ ᠲᠤᠰ ᠵᠢᠯ ᠤᠨ ᠬᠤᠶᠠᠳᠤᠭᠠᠷ ᠰᠡᠷ᠎ᠡ ᠳᠤ᠂ | ᠴᠡᠷᠢᠭ ᠤᠨ ᠲᠤᠰᠢᠶᠠᠯ ᠤᠯᠭᠤᠪᠡ᠃ ᠶᠢᠰᠦᠳᠦᠭᠡᠷ ᠰᠡᠷ᠎ᠡ ᠳᠤᠨᠢ ᠵᠡᠷ ᠵᠡᠪᠰᠡᠭ ᠬᠠᠮᠢᠶᠠᠷᠤᠭᠤᠯᠪᠡ᠃ ᠠᠷᠪᠠᠨ | ᠲᠦᠷᠪᠡᠳᠦᠭᠡᠷ ᠤᠨ ᠳᠤ᠂ ᠬᠠᠭᠠᠨ ᠤ ᠡᠮᠦᠨ᠎ᠡ ᠶᠠᠪᠤᠬᠤ ᠶᠡᠭᠡ ᠲᠦᠰᠢᠮᠡᠯ ᠪᠤᠯᠵᠦ᠂ ᠰᠢᠯᠤᠭᠤᠨ ᠴᠠᠭᠠᠨ ᠬᠤᠰᠢᠭᠤᠨ | ᠤ ᠲᠤᠳᠤᠭᠠᠳᠦ ᠬᠢᠶ᠎ᠡ ᠨᠡᠷ ᠢ ᠵᠠᠬᠢᠷᠬᠤ ᠶᠡᠭᠡ ᠲᠦᠰᠢᠮᠡᠯ ᠪᠤᠯᠵᠦ᠂ ᠶᠢᠰᠦᠳᠦᠭᠡᠷ ᠰᠡᠷ᠎ᠡ ᠳᠤᠨᠢ ᠰᠢᠳᠡᠷ ᠲᠦᠰᠢᠮᠡᠯ | ᠪᠤᠯᠪᠠ᠃ ᠠᠷᠪᠠᠨ ᠲᠠᠪᠤᠳᠤᠭᠠᠷ ᠤᠨ ᠤ ᠴᠠᠭᠠᠨ ᠰᠡᠷ᠎ᠡ ᠨᠢ ᠬᠦᠪᠡᠭᠡᠳᠦ ᠤᠯᠠᠭᠠᠨ ᠬᠤᠰᠢᠭᠤᠨ ᠤ ᠮᠤᠩᠭᠤᠯ ᠴᠡᠷᠢᠭ | ᠤᠨ ᠠᠮᠪᠠᠨ ᠲᠡᠪᠰᠢᠵᠦ᠂ ᠬᠤᠶᠠᠳᠤᠭᠠᠷ ᠰᠡᠷ᠎ᠡ ᠳᠤᠨᠢ ᠪᠦᠬᠦᠳᠡ ᠶᠢ ᠲᠠᠭᠠᠭᠤᠯᠬᠤ ᠪᠠ ᠫᠤᠤ ᠵᠡᠪᠰᠡᠭ ᠢ ᠬᠠᠮᠢᠠᠶ᠋ᠷᠬᠤ | ᠰᠠᠶᠢᠳ ᠪᠤᠯᠵᠦ᠂ ᠲᠤᠯᠤᠳᠤᠭᠠᠷ ᠰᠡᠷ᠎ᠡ ᠳᠤᠨᠢ ᠴᠡᠷᠢᠭ ᠤᠨ ᠴᠡᠴᠡᠷ ᠢ ᠶᠡᠷᠦᠩᠭᠡᠶᠢᠯᠡᠨ ᠬᠠᠮᠢᠶᠠᠷᠴᠦ᠂ ᠠᠷᠪᠠᠨ | ᠬᠤᠶᠠᠳᠤᠭᠠᠷ ᠰᠡᠷ᠎ᠡ ᠳᠤᠨᠢ ᠴᠡᠷᠢᠭ ᠤᠨ ᠵᠢᠭᠰᠠᠭᠠᠯ ᠢ ᠪᠠᠶᠢᠴᠠᠭᠠᠬᠤ ᠶᠡᠭᠡ ᠲᠦᠰᠢᠮᠡᠯ ᠪᠤᠯᠪᠠ᠃ ᠠᠷᠪᠡᠨ | ᠵᠢᠷᠭᠤᠳᠤᠭᠠᠷ ᠤᠨ ᠳᠤ᠂ ᠬᠦᠪᠡᠭᠡᠳᠦ ᠴᠠᠭᠠᠨ ᠬᠤᠰᠢᠭᠤᠨ ᠤ ᠮᠠᠨᠵᠦ ᠶᠢᠨ ᠴᠡᠷᠢᠭ ᠤᠨ ᠠᠮᠪᠠᠨ ᠢᠶᠠᠷ ᠲᠤᠮᠢᠯᠠᠭᠳᠡᠪᠠ | ᠃ ᠠᠷᠪᠠᠨ ᠲᠤᠯᠤᠳᠤᠭᠠᠷ ᠤᠨ ᠳᠤ᠂ ᠰᠢᠷ᠎ᠡ ᠵᠢᠯᠤᠭᠤ ᠪᠠᠷ ᠱᠠᠩᠨᠠᠭᠳᠡᠪᠡ᠃ ᠬᠤᠷᠢᠨ ᠨᠢᠬᠡᠳᠦᠭᠡᠷ ᠤᠨ ᠤ | ᠶᠢᠰᠦᠳᠦᠭᠡᠷ ᠰᠡᠷ᠎ᠡ ᠳᠤ᠂ ᠰᠢᠯᠤᠭᠤᠨ ᠰᠢᠷ᠎ᠡ ᠬᠤᠰᠢᠭᠤᠨ ᠤ ᠮᠠᠨᠵᠦ ᠶᠢᠨ ᠴᠡᠷᠢᠭ ᠤᠨ ᠠᠮᠪᠠᠨ ᠪᠤᠯᠪᠠ᠃ ᠬᠤᠷᠢᠨ | ᠲᠦᠷᠪᠡᠳᠦᠭᠡᠷ ᠤᠨ ᠳᠤ᠂ ᠪᠠᠷᠠᠭᠤᠨ ᠭᠠᠷ ᠤᠨ ᠬᠢᠨᠠᠭᠴᠢ᠂ ᠰᠢᠯᠤᠭᠤᠨ ᠬᠦᠬᠡ ᠬᠤᠰᠢᠭᠤᠨ ᠤ ᠮᠠᠨᠵᠦ ᠶᠢᠨ ᠴᠡᠷᠢᠭ | ᠤᠨ ᠠᠮᠪᠠᠨ ᠢᠶᠠᠷ ᠲᠤᠮᠢᠯᠠᠭᠳᠠᠪᠠ᠃ ᠬᠤᠷᠢᠨ ᠲᠡᠪᠤᠳᠤᠭᠠᠷ ᠤᠨ ᠤ ᠬᠤᠶᠠᠳᠤᠭᠠᠷ ᠰᠡᠷ᠎ᠡ ᠳᠤ᠂ ᠬᠦᠪᠡᠭᠡᠳᠦ ᠰᠢᠷ᠎ᠡ | ᠬᠤᠰᠢᠭᠤᠨ ᠤ ᠲᠤᠳᠤᠭᠠᠳᠦ ᠬᠢᠶ᠎ᠡ ᠵᠢᠬᠦᠷ ᠤᠨ ᠶᠡᠭᠡ ᠲᠦᠰᠢᠮᠡᠯ ᠪᠤᠯᠪᠠ᠃ ᠬᠤᠷᠢᠨ ᠵᠢᠷᠭᠤᠳᠤᠭᠠᠷ ᠤᠨ ᠤ ᠲᠡᠪᠤᠨ | ᠰᠡᠷ᠎ᠡ ᠳᠤ᠂ ᠰᠢᠯᠤᠭᠤᠨ ᠴᠠᠭᠠᠨ ᠬᠤᠰᠢᠭᠤᠨ ᠤ ᠲᠤᠳᠤᠭᠠᠳᠦ ᠬᠢᠶ᠎ᠡ ᠵᠢᠬᠦᠷ ᠤᠨ ᠶᠡᠭᠡ ᠲᠦᠰᠢᠮᠡᠯ ᠪᠤᠯᠪᠠ᠃ ᠲᠦᠷᠦ | ᠬᠡᠷᠡᠯᠳᠦ ᠶᠢᠨ ᠭᠤᠴᠢᠳᠤᠭᠠᠷ ᠤᠨ ᠳᠤ᠂ ᠬᠦᠪᠡᠭᠡᠳᠦ ᠰᠢᠷ᠎ᠡ ᠬᠤᠰᠢᠭᠤᠨ ᠤ ᠮᠤᠩᠭᠤᠯ ᠴᠡᠷᠢᠭ ᠤᠨ ᠠᠮᠪᠠᠨ ᠪᠤᠯᠵᠦ᠂ | ᠶᠢᠰᠦᠳᠦᠭᠡᠷ ᠰᠡᠷ᠎ᠡ ᠳᠤ᠂ ᠮᠢ ᠶᠦᠨ ᠰᠢᠶᠠᠨ ᠤ ᠮᠤ᠋ ᠵᠢᠶᠠ ᠢᠦᠢ ᠳᠤ ᠲᠡᠭᠡᠷᠡᠮ ᠰᠠᠮᠠᠭᠤᠷᠠᠭᠰᠠᠨ ᠳᠤ᠂ ᠰᠡᠩᠭᠡᠷᠢᠨᠴᠢᠨ | ᠵᠠᠷᠯᠢᠭ ᠢᠶᠠᠷ ᠴᠡᠷᠢᠭ ᠲᠠᠭᠠᠭᠠᠯᠤᠨ ᠲᠡᠭᠡᠷᠡᠮ ᠢ ᠤᠰᠠᠳᠬᠠᠭᠠᠳ ᠵᠡᠬᠦᠨ ᠭᠠᠷᠤᠨ ᠰᠢᠳᠡᠷ ᠲᠦᠰᠢᠮᠡᠯ ᠪᠤᠯᠪᠠ᠃ ᠲᠤᠰ | ᠵᠢᠯ ᠤᠨ ᠠᠷᠪᠠᠨ ᠬᠤᠶᠠᠳᠤᠭᠠᠷ ᠰᠡᠷ᠎ᠡ ᠳᠤ᠂ ᠲᠦᠷᠦ ᠬᠡᠷᠡᠯᠳᠦ ᠬᠠᠭᠠᠨ ᠲᠡᠭᠡᠷᠡᠮ ᠢ ᠤᠰᠠᠳᠬᠠᠪᠠ ᠬᠡᠮᠡᠨ | ᠰᠡᠩᠭᠡᠷᠢᠨᠴᠢᠨ ᠢ ᠲᠦᠷᠪᠡᠨ ᠪᠠᠭᠴᠠᠳᠦ ᠯᠤᠤᠳᠤ ᠮᠠᠩᠨᠤᠭ ᠲᠡᠪᠡᠯ ᠢᠶᠠᠷ ᠱᠠᠩᠨᠠᠵᠦ᠂ ᠪᠠᠰᠠ ᠦᠷᠬᠦᠯᠵᠢᠳᠡ ᠡᠮᠦᠰᠬᠦ ᠶᠢ | ᠨᠢ ᠵᠦᠪᠰᠢᠶᠡᠷᠡᠪᠡ᠃ | ᠲᠦᠷᠦ ᠭᠡᠷᠡᠯᠳᠦ ᠬᠠᠭᠠᠨ ᠲᠠᠭᠠᠯᠠᠯ ᠪᠤᠯᠬᠤ ᠦᠶᠡᠰ ᠰᠡᠩᠭᠡᠷᠢᠨᠴᠢᠨ ᠠᠷᠪᠠᠨ ᠶᠡᠭᠡ ᠰᠠᠶᠢᠳ ᠤᠨ ᠨᠢᠬᠡ ᠨᠢ | ᠪᠠᠶᠢᠪᠠ᠃ | ᠲᠦᠭᠡᠮᠡᠯ ᠡᠯᠪᠡᠭᠳᠦ ᠶᠢᠨ ᠲᠡᠷᠢᠬᠦᠨ ᠤᠨ ︵1851 ᠤᠨ︶ ᠳᠤ᠂ ᠰᠡᠩᠭᠡᠷᠢᠨᠴᠢᠨ ᠢ ᠮᠥᠨ ᠬᠠᠭᠠᠨ ᠤ | ᠡᠮᠦᠨ᠎ᠡ ᠶᠠᠪᠤᠬᠤ ᠶᠡᠭᠡ ᠲᠦᠰᠢᠮᠡᠯ ᠪᠤᠯᠭᠠᠵᠦ᠂ ᠬᠠᠭᠠᠨ ᠤ ᠰᠢᠳᠡᠷ ᠬᠠᠮᠠᠭᠠᠯᠠᠭᠴᠢ ᠶᠢ ᠵᠠᠬᠢᠷᠠᠭᠤᠯᠪᠠ᠃ ᠲᠦᠭᠡᠮᠡᠯ | ᠡᠯᠪᠡᠭᠳᠦ ᠶᠢᠨ ᠬᠤᠶᠠᠳᠤᠭᠠᠷ ᠤᠨ ᠳᠤ᠂ ᠲᠦᠷᠦ ᠬᠡᠷᠡᠯᠳᠦ ᠬᠠᠭᠠᠨ ᠢ ᠤᠩᠭᠤᠨ ᠳᠤᠨᠢ ᠤᠷᠤᠰᠢᠭᠤᠯᠬᠤ ᠶᠡᠭᠡ | ᠦᠢᠯᠡ ᠶᠢ ᠬᠢᠴᠢᠶᠡᠩᠭᠦᠶᠢᠯᠡᠨ ᠬᠦᠢᠴᠡᠳᠭᠡᠪᠡ᠂ ᠡᠬᠦᠨ ᠳᠤ ᠲᠦᠭᠡᠮᠡᠯ ᠡᠯᠪᠡᠭᠳᠦ ᠬᠠᠭᠠᠨ ᠪᠤᠯᠭᠤᠮᠵᠢᠳᠡᠢ ᠰᠠᠶᠢᠨ | ᠬᠦᠢᠴᠡᠳᠭᠡᠪᠡ ᠭᠡᠵᠤ ᠭᠤᠷᠪᠡᠨ ᠲᠡᠰ ᠤᠨ ᠱᠠᠩ ᠬᠠᠶᠢᠷᠠᠯᠠᠪᠠ᠃ ᠲᠦᠬᠡᠮᠡᠯ ᠡᠯᠪᠡᠭᠳᠦ ᠶᠢᠨ ᠭᠤᠷᠪᠡᠳᠤᠭᠠᠷ ᠤᠨ ᠤ | ᠲᠡᠪᠤᠨ ᠰᠡᠷ᠎ᠡ ᠳᠤ᠂ ᠰᠡᠩᠭᠡᠷᠢᠨᠴᠢᠨ ᠵᠠᠷᠯᠢᠭ ᠢᠶᠠᠷ ᠪᠡᠬᠡᠵᠢᠩ ᠬᠤᠳᠡ ᠶᠢ ᠪᠠᠶᠢᠴᠠᠭᠠᠨ ᠬᠠᠮᠠᠭᠠᠯᠠᠬᠤ ᠦᠢᠯᠡ ᠶᠢ | ᠲᠤᠰᠬᠠᠶᠢᠯᠠᠨ ᠬᠠᠷᠢᠭᠤᠴᠠᠪᠠ᠃ | ᠲᠦᠬᠡᠮᠡᠯ ᠡᠯᠪᠡᠭᠳᠦ ᠶᠢᠨ ᠭᠤᠷᠪᠡᠳᠤᠭᠠᠷ ᠤᠨ ᠤ ᠲᠠᠪᠤᠨ ᠰᠡᠷ᠎ᠡ ᠳᠤ᠂ ᠲᠠᠢ ᠫᠢᠩ ᠲᠢᠶᠠᠨ ᠭᠥᠸᠧ | ᠲᠢᠶᠠᠨᠵᠢᠩ ︵ᠤᠳᠤ ᠶᠢᠨ ᠨᠠᠨᠵᠢᠩ︶ ᠳᠤ ᠨᠡᠶᠢᠰᠯᠡᠵᠦ᠂ ᠤᠮᠠᠷᠡᠰᠢ ᠲᠠᠶᠢᠯᠠᠬᠤ ᠴᠡᠷᠢᠭ ᠲᠤᠮᠢᠯᠠᠨ ᠾᠧᠨᠡᠨ ᠮᠤᠵᠢ ᠶᠢ | ᠲᠤᠪᠳᠤᠯᠪᠡ᠃ ᠲᠦᠬᠡᠮᠡᠯ ᠡᠯᠪᠡᠭᠳᠦ ᠬᠠᠭᠠᠨ᠄ ︽ᠨᠡᠶᠢᠰᠯᠡᠯ ᠪᠤᠯᠪᠠᠰᠤ ᠴᠢᠬᠤᠯᠡ ᠰᠠᠭᠤᠷᠢᠨ ᠭᠠᠵᠠᠷ᠂ ᠰᠡᠷᠬᠡᠶᠢᠯᠡᠨ | ᠬᠠᠮᠠᠭᠠᠯᠠᠵᠦ ᠪᠠᠶᠢᠴᠠᠭᠠᠬᠤ ᠪᠤᠯ ᠬᠠᠮᠤᠭ ᠴᠢᠬᠤᠯᠡ︾ ᠭᠡᠵᠤ᠂ ᠰᠡᠩᠭᠡᠷᠢᠨᠴᠢᠨ ᠢ ᠵᠠᠷᠯᠢᠭᠳᠠᠨ ᠵᠡᠬᠦᠨ ᠮᠦᠷᠦ ᠶᠢᠨ ᠳ᠋ᠦ᠋ | ᠢᠦᠢ ᠲᠦᠰᠢᠮᠡᠯ ᠬᠤᠸᠠᠱᠠᠨᠠ ᠶᠢ ᠬᠠᠮᠵᠢᠨ᠂ ᠲᠤᠰᠬᠠᠶᠢᠯᠠᠨ ᠡᠯ᠎ᠡ ᠬᠤᠰᠢᠭᠤᠨ ᠤ ᠴᠡᠷᠢᠭ ᠢ ᠵᠠᠬᠢᠷᠠᠭᠤᠯᠵᠦ | ᠰᠡᠷᠬᠡᠶᠢᠯᠡᠨ ᠬᠠᠮᠠᠭᠯᠠᠭᠤᠯᠪᠠ᠃ ᠰᠡᠩᠭᠡᠷᠢᠨᠴᠢᠨ ᠲᠡᠷᠡ ᠲᠡᠷᠤᠢ ᠳᠤᠨᠢ ᠰᠡᠷᠬᠡᠶᠢᠯᠡᠨ ᠬᠠᠮᠠᠭᠠᠯᠠᠬᠤ ᠲᠦᠷᠢᠮ ᠠᠷᠪᠠᠨ | ᠬᠤᠶᠠᠷ ᠵᠤᠷᠪᠤᠰ ᠲᠤᠭᠤᠷᠪᠢᠨ ᠬᠠᠭᠠᠨ ᠳᠤ ᠡᠷᠬᠦᠵᠦ᠂ ᠬᠠᠭᠠᠨ ᠠᠶᠢᠯᠠᠳᠬᠠᠯ ᠢ ᠵᠦᠪᠰᠢᠶᠡᠷᠡᠨ ᠡᠯ᠎ᠡ ᠶᠠᠮᠤᠨ ᠳᠤ | ᠲᠠᠷᠬᠠᠭᠠᠨ ᠬᠡᠷᠡᠭᠵᠢᠬᠦᠯᠪᠡ᠃ ᠲᠤᠰ ᠰᠡᠷ᠎ᠡ ᠳᠤᠨᠢ᠂ ᠰᠡᠩᠭᠡᠷᠢᠨᠴᠢᠨ ᠢ ᠵᠡᠷᠯᠢᠭ᠌ᠳᠠᠨ ᠨᠡᠶᠢᠰᠯᠡᠯ ᠬᠤᠳᠡ ᠶᠢ ᠲᠤᠭᠤᠷᠢᠨ | ᠪᠠᠶᠢᠴᠠᠭᠠᠵᠦ ᠰᠡᠷᠬᠡᠶᠢᠯᠡᠨ ᠬᠠᠮᠠᠭᠠᠯᠠᠬᠤ ᠦᠢᠯᠡ ᠶᠢ ᠬᠦᠢᠴᠡᠳᠭᠡᠯᠭᠡᠪᠡ᠂ ᠲᠦᠬᠡᠮᠡᠯ ᠡᠯᠪᠡᠭᠳᠦ ᠶᠢᠨ ᠤᠨ ᠤ | ᠨᠠᠢᠮᠠᠳᠤᠭᠠᠷ ᠰᠡᠷ᠎ᠡ ᠳᠤ᠂ ᠴᠢᠩ ᠤᠯᠤᠰ ᠤᠨ ᠰᠢᠭᠤᠳ ᠬᠠᠷᠢᠶᠠᠯᠠᠭᠳᠠᠬᠤ ᠪᠦᠬᠦᠳᠡ ᠶᠢ ᠵᠠᠬᠢᠷᠤᠭᠴᠢ ᠰᠠᠶᠢᠳ | ᠨᠠᠷᠠᠵᠢᠩᠭᠡ ᠶᠢ ᠶᠡᠭᠡ ᠪᠠᠷ ᠢᠯᠡᠵᠦ᠂ ᠯᠢᠨ ᠮᠢᠩ ᠭᠤᠸᠠᠨ ᠢᠶᠠᠷ ᠵᠧᠩ ᠳ᠋ᠢᠩ ᠤᠷᠤᠨ ᠳᠤ ᠨᠦᠷᠢᠨ ᠤᠷᠤᠪᠡ᠃ | ᠶᠢᠰᠦᠳᠦᠬᠡᠷ ᠰᠡᠷ᠎ᠡ ᠳᠤᠨᠢ ᠲᠦᠬᠡᠮᠡᠯ ᠡᠯᠪᠡᠭᠳᠦ ᠬᠠᠭᠠᠨ ᠨᠠᠷᠠᠵᠢᠩᠭᠡ ᠶᠢᠨ ᠵᠡᠷᠭᠡ ᠶᠢ ᠤᠭᠴᠠᠷᠠᠭᠤᠯᠤᠨ᠂ ᠾᠦᠢ ᠴᠢᠨ | ᠸᠠᠩ ᠮᠢᠶᠠᠨ ᠢᠦᠢ ᠶᠢ ᠵᠠᠷᠯᠢᠭ ᠬᠦᠯᠢᠶᠠᠭᠰᠡᠨ ᠶᠡᠭᠡ ᠵᠠᠩᠵᠤᠨ ᠨᠡᠷᠡᠯᠡᠵᠦ᠂ ᠰᠡᠩᠭᠡᠷᠢᠨᠴᠢᠨ ᠢ ᠲᠤᠰᠠᠯᠠᠭᠴᠢ ᠰᠠᠶᠢᠳ | ᠢᠶᠠᠷ ᠲᠤᠮᠢᠯᠠᠨ᠂ ᠴᠢᠶᠠᠨ ᠴᠢᠩ ᠭᠦᠩ ᠳᠤ ᠦᠪᠡᠷ ᠤᠨ ᠪᠡᠶ᠎ᠡ ᠪᠠᠷ ᠢᠶᠠᠨ ᠪᠤᠭᠤᠮᠳᠡ ᠶᠢ ᠬᠠᠮᠠᠭᠠᠯᠠᠬᠤ ᠡᠬᠦᠷᠭᠡ ᠶᠢ | ᠲᠤᠰᠢᠶᠠᠵᠦ᠂ ᠪᠠᠰᠠ ᠰᠡᠩᠭᠡᠷᠢᠨᠴᠢᠨ ᠳᠤ ︽ᠨᠠᠬᠤᠨᠢᠰᠦ︾ ᠢᠯᠳᠦ ᠱᠠᠩᠨᠠᠪᠠ᠃ ᠰᠡᠩᠭᠡᠷᠢᠨᠴᠢᠨ ᠵᠠᠷᠯᠢᠭ ᠬᠦᠯᠢᠶᠡᠭᠰᠡᠨ | ᠤ ᠲᠠᠷᠠᠭ᠎ᠠ ᠲᠡᠷᠡ ᠲᠠᠷᠤᠢ ᠳᠤᠨᠢ ᠡᠷᠡᠯᠬᠡᠭ ᠬᠤᠷᠴᠠ ᠬᠤᠷᠢᠶ᠎ᠡ᠂ ᠭᠠᠯ ᠵᠡᠪᠰᠡᠭ ᠤᠨ ᠬᠤᠷᠢᠶ᠎ᠡ᠂ ᠬᠤᠶᠠᠷ ᠵᠢᠬᠦᠷ ᠤᠨ | ᠭᠠᠪᠰᠢᠭᠠᠢ ᠬᠤᠷᠢᠶ᠎ᠡ᠂ ᠨᠠᠢᠮᠠᠨ ᠬᠤᠰᠢᠭᠤᠨ ᠤ ᠬᠠᠮᠠᠭᠠᠯᠠᠬᠤ ᠴᠡᠷᠢᠭ ᠤᠨ ᠬᠤᠷᠢᠶ᠎ᠡ᠂ ᠴᠠᠭᠳᠡᠨ ᠬᠠᠮᠠᠭᠠᠯᠠᠬᠤ ᠲᠠᠪᠤᠨ | ᠬᠤᠷᠢᠶ᠎ᠡ ᠪᠤᠯᠤᠨ ᠴᠠᠬᠠᠷ ᠤᠨ ᠡᠯ᠎ᠡ ᠨᠤᠶᠠᠳ ᠴᠡᠷᠢᠭ ᠢ ᠨᠢᠬᠡᠳᠦᠯᠳᠡᠢ ᠤᠳᠤᠷᠢᠳᠴᠦ᠂ ᠪᠠᠰᠠ ᠵᠢᠷᠢᠮ᠂ ᠵᠤᠰᠤᠳᠦ᠂ | ᠵᠤᠤ ᠤᠳᠡ ᠵᠡᠬᠦᠨ ᠭᠤᠷᠪᠡᠨ ᠴᠢᠭᠤᠯᠭᠠᠨ ᠤ ᠮᠤᠩᠭᠤᠯ ᠤᠨ ᠤᠯᠠᠨ ᠸᠠᠩ ᠨᠡᠷ ᠲᠠᠢ ᠬᠠᠮᠳᠤ ᠪᠡᠬᠡᠵᠢᠩ ᠠᠴᠠ | ᠮᠤᠷᠳᠡᠪᠡ᠃ ᠶᠢᠰᠦᠳᠦᠬᠡᠷ ᠰᠡᠷ᠎ᠡ ᠳᠤᠨᠢ ᠽᠢ ᠵᠢᠩ ᠭᠤᠸᠠᠨ ᠪᠤᠭᠤᠮᠳᠡ ᠳᠤ ᠴᠡᠷᠢᠭ ᠪᠠᠭᠤᠵᠦ ᠰᠠᠬᠢᠨ ᠬᠠᠮᠠᠭᠠᠯᠠᠪᠠ᠃ | ᠠᠷᠪᠠᠳᠤᠭᠠᠷ ᠰᠡᠷ᠎ᠡ ᠳᠤᠨᠢ ᠤᠮᠠᠷᠡᠰᠢ ᠲᠠᠶᠢᠯᠠᠬᠤ ᠴᠡᠷᠢᠭ ᠼᠠᠩ ᠵᠸᠦ ᠪᠠᠷ ᠲᠠᠮᠵᠢᠨ ᠲᠢᠶᠠᠨᠵᠢᠨ ᠤ ᠤᠷᠡᠯᠴᠠᠭᠠᠬᠢ ᠵᠢᠩ | ᠬᠠᠢ ᠰᠢᠶᠠᠨ ᠤ ᠳ᠋ᠦ᠋ ᠯᠢᠦ ᠵᠧᠨ ᠪᠠᠯᠭᠠᠰᠤ ᠳᠤ ᠤᠷᠤᠵᠦ᠂ ᠰᠢᠭᠤᠳ ᠲᠢᠶᠠᠨᠵᠢᠨ ᠢ ᠰᠢᠬᠠᠮᠳᠠᠭᠤᠯᠪᠠ᠃ | ᠰᠡᠩᠭᠡᠷᠢᠨᠴᠢᠨ ᠴᠢᠩ ᠤᠯᠤᠰ ᠤᠨ ᠴᠡᠷᠢᠭ ᠢ ᠲᠠᠶᠢᠴᠢᠯᠠᠨ ᠲᠢᠶᠠᠨᠵᠢᠨ ᠤ ᠡᠮᠦᠨᠡᠬᠢ ᠸᠠᠩ ᠴᠢᠩ ᠲᠦᠸᠧ ᠳᠤ | ᠦᠳᠳᠡᠷ ᠲᠦᠷᠭᠡᠨ ᠬᠦᠷᠴᠦ᠂ ᠤᠮᠠᠷᠡᠰᠢ ᠲᠠᠶᠢᠯᠠᠬᠤ ᠴᠡᠷᠢᠭ ᠲᠠᠢ ᠰᠢᠷᠦᠬᠦᠨ ᠪᠠᠶᠢᠳᠤᠭᠰᠡᠨ ᠳᠤ᠂ ᠤᠮᠠᠷᠡᠰᠢ | ᠲᠠᠶᠢᠯᠠᠬᠤ ᠴᠡᠷᠢᠭ ᠶᠡᠬᠡᠳᠡ ᠬᠤᠬᠢᠷᠡᠨ᠂ ᠯᠢᠶᠠᠨ ᠵᠧᠨ ᠤᠷᠴᠢᠮ ᠤᠬᠤᠷᠢᠪᠡ᠃ ᠡᠬᠦᠨ ᠳᠤ ᠲᠦᠬᠡᠮᠡᠯ ᠡᠯᠪᠡᠭᠳᠦ | ᠬᠠᠭᠠᠨ ᠰᠡᠩᠭᠡᠷᠢᠨᠴᠢᠨ ᠳᠤ ︽ᠬᠤᠷᠴᠠ ᠪᠠᠭᠠᠳᠤᠷ︾ ᠴᠤᠯᠠ ᠬᠠᠶᠢᠷᠡᠯᠡᠪᠡ᠃ ᠲᠦᠬᠡᠮᠡᠯ ᠡᠯᠪᠡᠭᠳᠦ ᠶᠢᠨ | ᠲᠦᠷᠪᠡᠳᠦᠭᠡᠷ ᠤᠨ ᠤ ᠨᠠᠢᠮᠠᠨ ᠰᠡᠷ᠎ᠡ ᠳᠤ᠂ ᠰᠡᠩᠭᠡᠷᠢᠨᠴᠢᠨ ᠢᠶᠠᠷ ᠹᠧᠩ ᠬᠤᠸᠠᠨ ᠶᠤᠸᠠᠨ ᠤ ᠬᠡᠷᠡᠭ ᠢ | ᠬᠠᠮᠢᠶᠠᠷᠤᠭᠤᠯᠪᠠ᠃ ᠲᠤᠰ ᠵᠢᠯ ᠳᠤᠨᠢ ᠰᠡᠩᠭᠡᠷᠢᠨᠴᠢᠨ ᠯᠢᠶᠠᠨ ᠵᠧᠨ ᠪᠠᠯᠭᠠᠰᠤᠨ ᠳᠤ ᠠᠷᠭ᠎ᠠ ᠪᠠᠷ ᠤᠮᠠᠷᠡᠰᠢ ᠲᠠᠶᠢᠯᠠᠬᠤ | ᠴᠡᠷᠢᠭ ᠢ ᠶᠡᠬᠡᠳᠡ ᠢᠯᠡᠵᠦ᠂ ᠴᠡᠷᠢᠭ ᠤᠨ ᠲᠦᠷᠦᠬᠦᠦ ᠯᠢᠨ ᠹᠧᠩ ᠰᠢᠶᠠᠩ ᠢ ᠪᠠᠷᠢᠪᠴᠢᠯᠡᠨ᠂ ᠲᠦᠮᠡ ᠢᠯᠡᠬᠦᠦ | ᠴᠡᠷᠢᠭ ᠢ ᠪᠦᠬᠦᠨ ᠢ ᠤᠰᠠᠳᠬᠠᠪᠠ᠃ ᠲᠦᠬᠡᠮᠡᠯ ᠡᠯᠪᠡᠭᠳᠦ ᠶᠢᠨ ᠲᠠᠪᠤᠳᠤᠭᠠᠷ ᠤᠨ ᠤ ᠴᠠᠭᠠᠨ ᠰᠡᠷ᠎ᠡ ᠳᠤ᠂ ᠲᠦᠬᠡᠮᠡᠯ | ᠡᠯᠪᠡᠭᠳᠦ ᠬᠠᠭᠠᠨ ᠰᠡᠩᠭᠡᠷᠢᠨᠴᠢᠨ ᠢ ︽ᠪᠤᠳᠤᠯᠭᠠᠳᠦ ᠴᠢᠨ ᠸᠠᠩ︾ ᠭᠡᠵᠤ ᠬᠦᠨᠳᠦ ᠡᠷᠬᠦᠮᠵᠢᠯᠡᠵᠦ᠂ ᠪᠠᠰᠠ ᠦᠪᠡᠷ | ᠤᠨ ᠪᠡᠶ᠎ᠡ ᠪᠠᠷ ᠢᠶᠠᠨ ᠲᠤᠬᠤᠨᠢᠭᠤᠯᠵᠦ᠂ ᠲᠦᠷᠦ ᠶᠢᠨ ᠰᠤᠪᠤᠳ ᠨᠢᠬᠡ ᠬᠡᠯᠯᠬᠢᠶᠡ᠂ ᠲᠦᠷᠪᠡᠨ ᠪᠠᠭᠴᠠᠳᠦ ᠯᠤᠤᠳᠦ | ᠮᠠᠩᠨᠤᠭ ᠲᠡᠪᠡᠯ ᠨᠢᠬᠡ ᠵᠠᠬ᠎ᠠ ᠱᠠᠩᠨᠠᠪᠠ᠃ ᠲᠦᠷᠪᠡᠨ ᠰᠡᠷ᠎ᠡ ᠶᠢᠨ ᠠᠷᠪᠠᠨ ᠨᠠᠢᠮᠠᠨ ᠳᠤ᠂ ᠦᠶ᠎ᠡ ᠤᠯᠠᠷᠢᠨ | ᠵᠠᠯᠭᠠᠮᠵᠢᠯᠠᠬᠤ ᠵᠠᠷᠯᠢᠭ ᠪᠠᠭᠤᠯᠭᠠᠪᠠ᠃ ᠲᠡᠪᠤᠨ ᠰᠡᠷ᠎ᠡ ᠳᠤᠨᠢ ᠲᠡᠬᠦᠨ ᠤ ᠲᠦᠷᠦᠭᠰᠡᠨ ᠡᠴᠢᠬᠡ ᠶᠢ ᠲᠦᠷᠪᠡᠳᠦᠭᠡᠷ | ᠲᠡᠰ ᠤᠨ ᠪᠢᠴᠢ ︵ᠲᠠᠶᠢᠵᠢ︶ ᠠᠴᠠ ᠨᠢ ᠪᠠᠶᠢᠰᠠ ᠪᠠᠷ ᠨᠡᠬᠡᠮᠵᠢᠯᠡᠨ ᠡᠷᠬᠦᠮᠵᠢᠯᠡᠪᠡ᠃ | ᠲᠦᠬᠡᠮᠡᠯ ᠡᠯᠪᠡᠭᠳᠦ ᠶᠢᠨ ᠲᠠᠪᠤᠳᠤᠭᠠᠷ ᠤᠨ ᠳᠤ᠂ ᠰᠡᠩᠭᠡᠷᠢᠨᠴᠢᠨ ᠵᠠᠷᠯᠢᠭ ᠬᠦᠯᠢᠶᠡᠨ ᠴᠢᠩ ᠤᠯᠤᠰ ᠤᠨ | ᠴᠡᠷᠢᠭ ᠢ ᠲᠠᠶᠢᠴᠢᠯᠠᠨ ᠭᠤᠤ ᠲᠠᠩ ᠵᠸᠤ ᠬᠦᠷᠴᠦ᠂ ᠤᠮᠠᠷᠡᠰᠢ ᠲᠠᠶᠢᠯᠠᠬᠤ ᠴᠡᠷᠢᠭ ᠯᠢ ᠺᠠᠢ ᠹᠠᠩ ᠤᠨ ᠬᠡᠰᠡᠭ ᠢ | ᠪᠦᠰᠡᠯᠡᠨ ᠲᠠᠭᠠᠷᠢᠪᠡ᠃ ᠰᠡᠩᠭᠡᠷᠢᠨᠴᠢᠨ ᠠᠷᠭ᠎ᠠ ᠪᠠᠷ ᠤᠮᠠᠷᠡᠰᠢ ᠲᠠᠶᠢᠯᠠᠬᠤ ᠴᠡᠷᠢᠭ ᠢ ᠭᠤᠤ ᠲᠡᠩ ᠵᠸᠦ ᠠᠴᠠ | ᠤᠬᠤᠷᠢᠭᠤᠯᠤᠨ ᠡᠮᠦᠨᠡᠰᠢ ᠰᠢᠯᠵᠢᠬᠦᠯᠵᠦ᠂ ᠪᠠᠰᠠ ᠴᠢᠩ ᠤᠯᠤᠰ ᠤᠨ ᠴᠡᠷᠢᠭ ᠢᠶᠠᠨ ᠲᠠᠶᠢᠴᠢᠯᠠᠨ ᠷᠧᠨ ᠫᠢᠩ ᠰᠢᠶᠠᠨ | ᠤ ᠹᠧᠩ ᠭᠤᠸᠠᠨ ᠲᠦᠨ ᠳᠤ ᠤᠮᠠᠷᠡᠰᠢ ᠲᠠᠶᠢᠯᠠᠬᠤ ᠴᠡᠷᠢᠭ ᠢ ᠪᠦᠰᠡᠯᠡᠵᠦ᠂ ᠴᠡᠷᠢᠭ ᠲᠤᠮᠢᠯᠠᠨ ᠰᠤᠪᠠᠭ ᠮᠠᠯᠳᠠᠭᠤᠯᠵᠦ | ᠲᠠᠳᠠᠮᠠᠯ ᠭᠤᠤᠯ ᠤᠨ ᠤᠰᠤ ᠶᠢ ᠲᠠᠳᠡᠨ ᠤᠮᠠᠷᠡᠰᠢ ᠲᠠᠶᠢᠯᠠᠬᠤ ᠴᠡᠷᠢᠭ ᠤᠨ ᠴᠡᠷᠢᠭ ᠤᠨ ᠬᠤᠷᠢᠶ᠎ᠡ ᠳᠤ ᠤᠷᠤᠭᠤᠯᠵᠦ᠂ | ᠪᠠᠰᠠ ᠮᠤᠷᠢᠳᠦ ᠴᠡᠷᠢᠭ ᠢᠶᠠᠷ ᠬᠠᠮᠵᠢᠭᠤᠯᠤᠨ ᠭᠠᠯᠯᠠᠭᠰᠠᠨ ᠠᠴᠠ ᠤᠮᠠᠷᠡᠰᠢ ᠲᠠᠶᠢᠯᠠᠬᠤ ᠴᠡᠷᠢᠭ ᠢᠯᠠᠭᠳᠡᠵᠦ᠂ ᠯᠢ ᠺᠠᠢ | ᠹᠠᠩ ᠨᠡᠷ ᠪᠠᠷᠢᠪᠴᠢᠯᠠᠭᠳᠠᠪᠠ᠃ ᠲᠦᠬᠡᠮᠡᠯ ᠡᠯᠪᠡᠭᠳᠦ ᠬᠠᠭᠠᠨ ᠴᠢᠨ ᠵᠧᠩ ᠳ᠋ᠢᠶᠠᠨ ᠤᠷᠳᠤᠨ ᠳᠤ ᠶᠡᠭᠡ ᠬᠤᠷᠢᠮ | ᠲᠠᠯᠪᠢᠨ ᠰᠡᠩᠭᠡᠷᠢᠨᠴᠢᠨ ᠪᠤᠯᠤᠨ ᠪᠦᠬᠦᠳᠡ ᠵᠠᠩᠵᠤᠨ ᠴᠡᠷᠢᠭ ᠢ ᠬᠦᠨᠳᠦ ᠪᠠᠷ ᠲᠠᠶᠢᠯᠠᠨ ᠱᠠᠩᠨᠠᠵᠦ᠂ ᠪᠠᠰᠠ ᠬᠠᠭᠠᠨ ᠤ | ᠵᠠᠷᠯᠢᠭ ᠪᠠᠭᠤᠯᠭᠠᠨ ᠰᠡᠩᠭᠡᠷᠢᠨᠴᠢᠨ ᠳᠤ ᠵᠢᠯ ᠤᠨ ᠹᠦᠩᠯᠦ ᠶᠢ ᠨᠢ ᠲᠠᠬᠢᠨ ᠢᠶᠠᠷ ᠨᠡᠮᠡᠵᠦ ︵ᠤᠤᠯ ᠳᠠᠭᠠᠨ ᠵᠢᠯ ᠤᠨ | ᠹᠦᠩᠯᠦ ᠨᠢ ᠬᠤᠶᠠᠷ ᠮᠢᠩᠭ᠎ᠠ ᠲᠠᠪᠤᠨ ᠵᠠᠭᠤᠨ ᠯᠠᠩ ᠪᠡᠶᠢᠵᠡᠢ︶ ᠦᠭᠪᠡ᠃ ᠲᠦᠬᠡᠮᠡᠯ ᠡᠯᠪᠡᠭᠳᠦ ᠶᠢᠨ ᠲᠤᠯᠤᠳᠤᠭᠠᠷ | ᠤᠨ ᠤ ᠲᠠᠪᠤᠨ ᠰᠡᠷ᠎ᠡ ᠳᠤ᠂ ᠰᠡᠩᠭᠡᠷᠢᠨᠴᠢᠨ ᠢ ᠬᠦᠪᠡᠬᠡᠳᠦ ᠤᠯᠠᠭᠠᠨ ᠬᠤᠰᠢᠭᠤᠨ ᠤ ᠬᠢᠳᠡᠳ ᠴᠡᠷᠢᠭ ᠤᠨ ᠠᠮᠪᠠᠨ | ᠡᠷᠬᠦᠮᠵᠢᠯᠡᠪᠡ᠃ | ᠲᠦᠬᠡᠮᠡᠯ ᠡᠯᠪᠡᠭᠳᠦ ᠶᠢᠨ ᠨᠠᠢᠮᠠᠳᠤᠭᠠᠷ ᠤᠨ ᠳᠤ᠂ ᠪᠦᠬᠦᠳᠡ ᠶᠢ ᠵᠠᠬᠢᠷᠤᠭᠴᠢ ᠲᠠᠨ ᠲᠢᠩ ᠰᠢᠶᠠᠩ ᠪᠤᠯᠤᠨ | ᠲᠤᠮᠢᠩᠭᠠ ᠲᠢᠶᠠᠨᠵᠢᠨ ᠤ ᠳ᠋ᠠᠭᠦ᠋ ᠪᠤᠭᠤᠮᠳᠡ ᠶᠢ ᠰᠡᠷᠬᠡᠶᠢᠯᠡᠨ ᠰᠠᠬᠢᠵᠦ ᠪᠠᠶᠢᠵᠡᠢ᠂ ᠬᠡᠪᠡᠴᠦ ᠰᠡᠷᠬᠡᠶᠢᠯᠡᠯᠳᠡ ᠰᠤᠯᠡ | ᠮᠦᠷᠳᠡᠭᠡᠨ ᠲᠠᠶᠢᠨ ᠤ ᠠᠵᠠ ᠲᠤᠬᠢᠶᠠᠯ ᠢ ᠠᠯᠳᠠᠭᠰᠠᠨ ᠠᠴᠠ ᠲᠦᠷᠦᠬᠦᠦ ᠤᠳᠠᠭᠠᠨ ᠤ ᠳ᠋ᠠᠭᠦ᠋ ᠶᠢᠨ ᠲᠠᠶᠢᠨ | ᠢᠯᠠᠭᠳᠠᠵᠦ᠂ ᠭᠠᠳᠠᠭᠠᠳᠦ ᠶᠢᠨ ᠲᠦᠷᠢᠮᠡᠬᠡᠶᠢᠯᠡᠭᠴᠢᠳ ᠤᠨ ᠶᠤᠰᠤ ᠪᠤᠰᠤ ᠱᠠᠭᠠᠷᠳᠠᠯᠭ᠎ᠠ ᠶᠢ ᠬᠦᠯᠢᠶᠠᠨ ᠠᠪᠤᠪᠡ᠃ | ᠵᠢᠷᠭᠤᠳᠤᠭᠠᠷ ᠰᠡᠷ᠎ᠡ ᠳᠤᠨᠢ᠂ ᠲᠦᠬᠡᠮᠡᠯ ᠡᠯᠪᠡᠭᠳᠦ ᠬᠠᠭᠠᠨ ᠡᠪᠰᠡᠬᠦ ᠡᠳᠡᠬᠡᠳ ᠤᠨ ᠡᠷᠬᠢᠨ ᠰᠠᠶᠢᠳ ᠭᠦᠢ ᠯᠢᠶᠠᠩ᠂ | ᠬᠤᠸᠠᠱᠠᠨᠠ ᠶᠢ ᠲᠤᠮᠢᠯᠠᠨ ᠠᠩᠭ᠍ᠯᠢ ᠶᠢᠨ ᠪᠦᠷᠢᠨ ᠡᠷᠬᠡᠳᠦ ᠲᠦᠯᠦᠬᠡᠯᠡᠭᠴᠢ ᠡᠷᠵᠢᠨ ᠲᠠᠢ ᠲᠢᠶᠠᠨᠵᠢᠨ ᠳᠤ ︽ | ᠲᠢᠶᠠᠨᠵᠢᠨ ᠤ ᠬᠡᠷ᠎ᠡ︾ ᠲᠤᠭᠳᠡᠪᠡ᠃ ᠰᠡᠩᠭᠡᠷᠢᠨᠴᠢᠨ ᠡᠨᠡᠬᠦ ᠴᠢᠮᠡᠭᠡ ᠶᠢ ᠰᠤᠨᠤᠰᠤᠭᠰᠠᠨ ᠤ ᠲᠠᠷᠠᠭ᠎ᠠ ᠲᠡᠷᠡ ᠲᠠᠷᠤᠢ | ᠳᠤᠨᠢ ᠲᠦᠬᠡᠮᠡᠯ ᠡᠯᠪᠡᠭᠳᠦ ᠬᠠᠭᠠᠨ ᠳᠤ ᠠᠶᠢᠯᠠᠳᠬᠠᠯ ᠲᠡᠪᠰᠢᠬᠦᠯᠵᠦ᠂ ᠬᠡᠯᠡᠯᠴᠡᠭᠡᠷ ᠬᠢᠭᠰᠡᠨ ᠲᠦᠯᠦᠬᠡᠯᠡᠭᠴᠢ ᠶᠢ ᠡᠷᠡᠰ | ᠪᠤᠴᠠᠭᠠᠨ ᠢᠷᠡᠬᠦᠯᠵᠦ᠂ ᠪᠦᠬᠦ ᠤᠯᠤᠰ ᠤᠨ ᠴᠡᠷᠢᠭ ᠢ ᠲᠠᠶᠢᠴᠢᠯᠠᠨ᠂ ᠠᠮᠤ ᠬᠦᠨᠡᠰᠦ ᠪᠡᠯᠡᠳᠭᠡᠵᠦ᠂ ᠴᠡᠷᠢᠭ ᠠᠩᠭᠢ | ᠪᠠᠨ ᠴᠡᠭᠴᠡᠯᠡᠨ᠂ ᠭᠠᠳᠠᠭᠠᠳᠦ ᠶᠢᠨ ᠲᠦᠷᠢᠮᠡᠬᠡᠶᠢᠯᠡᠭᠴᠢᠳ ᠢ ᠬᠦᠬᠡᠬᠡᠵᠦ ᠭᠠᠷᠭᠠᠬᠤ ᠶᠢ ᠱᠠᠭᠠᠷᠳᠡᠪᠡ᠃ ᠲᠤᠬᠠᠢ ᠶᠢᠨ | ᠴᠠᠭ ᠮᠦᠴᠠ ᠳᠤ ᠴᠢᠩ ᠤᠨ ᠲᠦᠷᠦ ᠳᠤ ᠡᠪᠰᠡᠬᠦ ᠪᠦᠯᠦᠭ ᠲᠠᠪᠠᠭᠤ ᠪᠠᠶᠢᠷᠢ ᠶᠢ ᠡᠵᠡᠯᠡᠵᠦ ᠪᠠᠶᠢᠭᠰᠠᠨ ᠠᠴᠠ | ᠰᠡᠩᠭᠡᠷᠢᠨᠴᠢᠨ ᠤ ᠰᠢᠳᠦᠷᠭᠤ ᠲᠦᠰᠢᠮᠡᠯ ᠤᠯᠤᠰ ᠢᠶᠠᠨ ᠬᠠᠮᠠᠭᠠᠯᠠᠬᠤ ᠠᠷᠭ᠎ᠠ ᠪᠤᠳᠤᠯᠭ᠎ᠠ ᠬᠡᠷᠡᠭᠯᠡᠭᠳᠡᠭᠰᠡᠨ ᠦᠭᠡᠢ | ᠪᠠᠶᠢᠵᠡᠢ᠃ ᠶᠢᠰᠦᠳᠦᠭᠡᠷ ᠤᠨ ᠤ ᠲᠦᠷᠪᠡᠨ ᠰᠡᠷ᠎ᠡ ᠳᠤ᠂ ᠲᠦᠬᠡᠮᠡᠯ ᠡᠯᠪᠡᠭᠳᠦ ᠬᠠᠭᠠᠨ ᠰᠡᠩᠭᠡᠷᠢᠨᠴᠢᠨ ᠢ ᠲᠢᠶᠠᠨᠵᠢᠨ | ᠳᠤ ᠲᠤᠮᠢᠯᠡᠵᠦ᠂ ᠪᠠᠶᠢᠴᠠᠭᠠᠭᠴᠢ ᠲᠦᠰᠢᠮᠡᠯ ᠪᠤᠯᠭᠠᠵᠦ ᠳ᠋ᠠᠭᠦ᠋ ᠭᠠᠷᠡᠮ ᠪᠤᠯᠤᠨ ᠪᠡᠭᠡᠵᠢᠩ ᠤᠨ ᠵᠡᠬᠦᠨᠳᠡᠬᠢ ᠶᠢ ᠰᠠᠬᠢᠨ | ᠬᠠᠮᠠᠭᠠᠯᠠᠭᠤᠯᠪᠡ᠃ ᠰᠡᠩᠭᠡᠷᠢᠨᠴᠢᠨ ᠳ᠋ᠠᠬᠦ᠋ ᠭᠠᠷᠡᠮ ᠳᠤ ᠬᠦᠷᠦᠭᠰᠡᠨ ᠤ ᠲᠠᠷᠠᠭ᠎ᠠ᠂ ᠲᠦᠷᠦᠬᠦᠦ ᠤᠳᠠᠭ᠎ᠠ ᠶᠢᠨ ᠲᠠᠶᠢᠨ | ᠤ ᠢᠯᠠᠭᠳᠠᠯ ᠠᠴᠠ ᠰᠤᠷᠭᠠᠮᠵᠢ ᠠᠪᠴᠦ᠂ ᠳ᠋ᠠᠬᠦ᠋ ᠶᠢᠨ ᠲᠠᠯᠠᠢ ᠶᠢᠨ ᠭᠠᠷᠡᠮ ᠪᠤᠯᠤᠨ ᠱᠤᠸᠠᠩ ᠭᠠᠩ ᠤᠨ | ᠬᠠᠮᠠᠭᠠᠯᠠᠯᠳᠡ ᠶᠢᠨ ᠪᠠᠷᠢᠯᠭ᠎ᠠ ᠶᠢ ᠢᠳᠡᠪᠬᠢᠳᠡᠢ ᠭᠡᠷᠡᠭᠵᠢᠬᠦᠯᠵᠦ᠂ ᠴᠡᠷᠢᠭ ᠠᠩᠭᠢ ᠪᠠᠨ ᠴᠡᠭᠴᠡᠯᠡᠨ | ᠲᠦᠷᠢᠮᠡᠬᠡᠶᠢᠯᠡᠭᠴᠢᠳ ᠢ ᠡᠰᠡᠷᠬᠦᠴᠡᠬᠦ ᠠᠯᠢᠪᠡ ᠪᠡᠯᠡᠳᠭᠡᠯ ᠠᠵᠢᠯ ᠢ ᠰᠠᠶᠢᠳᠦᠷ ᠬᠢᠪᠡ᠃ ᠲᠦᠬᠡᠮᠡᠯ ᠡᠯᠪᠡᠭᠳᠦ ᠶᠢᠨ | ᠶᠢᠰᠦᠳᠦᠭᠡᠷ ᠤᠨ ᠤ ᠵᠢᠷᠭᠤᠭᠠᠨ ᠰᠡᠷ᠎ᠡ ᠳᠤ᠂ ᠠᠩᠭ᠍ᠯᠢ ᠹᠷᠠᠨᠼᠢ ᠶᠢᠨ ᠰᠢᠨ᠎ᠡ ᠲᠤᠮᠢᠯᠠᠭᠰᠠᠨ ᠲᠤᠮᠳᠡᠳᠦ ᠳᠤ ᠰᠠᠭᠤᠭ᠎ᠠ | ᠡᠯᠴᠢᠨ ᠰᠠᠶᠢᠳ ᠫᠷᠦ᠋ᠰ᠂ ᠪᠧᠷᠪᠧᠯᠦᠨ ᠪᠦᠬᠦᠳᠡ ᠬᠦᠯᠬᠡ ᠤᠩᠭᠤᠴᠠᠳᠦ ᠴᠡᠷᠢᠭ ᠢᠶᠠᠨ ᠲᠠᠭᠠᠭᠤᠯᠤᠨ ᠤᠰᠤᠨ ᠵᠠᠮ | ᠢᠶᠠᠷ ᠤᠮᠠᠷᠡᠰᠢ ᠴᠢᠭᠯᠡᠪᠡ᠃ ᠡᠨᠡᠬᠦ ᠰᠠᠯᠪᠤᠷᠢ ᠬᠦᠯᠬᠡ ᠤᠩᠭᠤᠴᠠᠳᠦ ᠴᠡᠷᠢᠭ ᠠᠩᠭᠢ ᠨᠢ ᠨᠢᠬᠡᠨ ᠲᠠᠯᠠᠢ ᠴᠠᠭᠳᠠᠬᠤ | ᠤᠩᠭᠤᠴᠠ ᠪᠤᠯᠤᠨ ᠠᠷᠪᠠᠨ ᠭᠤᠷᠪᠡᠨ ᠫᠤᠤᠳᠦ ᠤᠩᠭᠤᠴᠠ ᠪᠠᠷ ᠪᠦᠷᠢᠯᠳᠦᠪᠡ᠃ ᠲᠡᠳᠡ ᠲᠢᠶᠠᠨᠵᠢᠨ ᠤ ᠳ᠋ᠡᠬᠦ᠋ ᠭᠠᠷᠡᠮ | ᠬᠦᠷᠦᠬᠡᠳ᠂ ᠲᠤᠮᠳᠡᠳᠦ ᠶᠢᠨ ᠴᠡᠷᠢᠭ ᠠᠩᠭᠢ ᠶᠢᠨ ᠰᠡᠷᠬᠡᠶᠢᠯᠡᠯᠳᠡ ᠶᠢ ᠪᠠᠰᠤᠮᠵᠢᠯᠡᠵᠦ᠂ ᠲᠤᠮᠳᠡᠳᠦ ᠤᠯᠤᠰ ᠤᠨ | ᠴᠡᠷᠢᠭ ᠠᠩᠭᠢ ᠶᠢᠨ ᠢᠳᠬᠠᠯ ᠪᠤᠯᠤᠨ ᠰᠡᠷᠡᠮᠵᠢᠯᠡᠬᠦᠯᠦᠯ ᠢ ᠦᠯᠦ ᠬᠠᠶᠢᠬᠤᠷᠤᠨ᠂ ᠲᠤᠮᠳᠡᠳᠦ ᠤᠯᠤᠰ ᠤᠨ ᠴᠡᠷᠢᠭ | ᠤᠨ ᠰᠡᠷᠬᠡᠶᠢᠯᠡᠯᠳᠡ ᠶᠢᠨ ᠤᠷᠤᠨ ᠪᠤᠯᠬᠤ ᠳ᠋ᠡᠬᠦ᠋ ᠭᠠᠷᠡᠮ ᠳᠤ ᠢᠯᠡ ᠪᠠᠷ ᠲᠠᠭᠠᠷᠢᠨ ᠤᠷᠤᠭᠠᠳ ᠲᠤᠮᠳᠡᠳᠦ ᠤᠯᠤᠰ | ᠤᠨ ᠴᠡᠷᠢᠭ ᠪᠠᠶᠢᠯᠳᠤᠭᠴᠢᠳ ᠤᠨ ᠬᠤᠷᠤᠰᠦᠯ ᠢ ᠲᠤᠶᠢᠯ ᠤᠨ ᠶᠡᠭᠡ ᠪᠠᠷ ᠲᠡᠭᠳᠡᠭᠡᠵᠦ᠂ ᠰᠡᠩᠭᠡᠷᠢᠨᠴᠢᠨ | ᠲᠦᠷᠢᠮᠡᠬᠡᠶᠢᠯᠡᠭᠴᠢᠳ ᠢ ᠡᠷᠡᠰ ᠡᠰᠡᠷᠬᠦᠴᠡᠬᠦ ᠲᠠᠶᠢᠨ ᠤ ᠵᠠᠷᠯᠢᠭ ᠪᠠᠭᠤᠯᠭᠠᠨ᠂ ᠨᠢᠬᠡ ᠰᠦᠨᠢ ᠨᠢᠬᠡ ᠡᠳᠦᠷ ᠤᠨ | ᠰᠢᠷᠦᠬᠦᠨ ᠲᠠᠶᠢᠯᠠᠯᠳᠤᠭᠠᠨ ᠢᠶᠠᠷ ᠲᠠᠮᠵᠢᠭᠠᠳ᠂ ᠠᠩᠭ᠍ᠯᠢ ᠴᠡᠷᠢᠭ ᠤᠨ ᠵᠢᠷᠭᠤᠭᠠᠨ ᠫᠤᠤᠳᠦ ᠤᠩᠭᠤᠴᠠ ᠨᠢ | ᠪᠠᠶᠢᠯᠳᠦᠵᠦ ᠴᠢᠳᠠᠬᠤ ᠦᠭᠡᠢ ᠪᠤᠯᠳᠡᠯ᠎ᠡ ᠴᠤᠬᠢᠭᠳᠠᠵᠦ᠂ ᠡᠬᠦᠨ ᠳᠤ ᠲᠦᠷᠪᠡᠨ ᠤᠩᠭᠤᠴᠠ ᠨᠢ ᠵᠢᠪᠪᠦᠵᠦ᠂ | ᠬᠤᠷᠢᠨ ᠲᠠᠪᠤᠨ ᠤᠰᠤᠴᠢᠨ ᠪᠤᠯᠤᠨ ᠵᠢᠷᠡᠨ ᠲᠦᠷᠪᠡᠨ ᠲᠠᠯᠠᠢ ᠶᠢᠨ ᠴᠡᠷᠢᠭ ᠤᠨ ᠬᠠᠭᠤᠷᠡᠢ ᠳᠤ ᠪᠠᠶᠢᠯᠳᠤᠬᠤ ᠴᠡᠷᠢᠭ | ᠨᠢ ᠠᠯᠠᠭᠳᠠᠵᠦ᠂ ᠶᠢᠷᠡᠨ ᠭᠤᠷᠪᠡᠨ ᠤᠰᠤᠴᠢᠨ ᠪᠤᠯᠤᠨ ᠬᠤᠶᠠᠷ ᠵᠠᠭᠤ ᠲᠠᠪᠢᠨ ᠲᠠᠯᠠᠢ ᠶᠢᠨ ᠴᠡᠷᠢᠭ ᠤᠨ ᠬᠠᠭᠤᠷᠡᠢ | ᠳᠤ ᠪᠠᠶᠢᠯᠳᠤᠬᠤ ᠴᠡᠷᠢᠭ ᠨᠢ ᠰᠢᠷᠬᠠᠳᠡᠨ᠂ ᠦᠬᠦᠵᠦ ᠰᠢᠷᠬᠠᠳᠠᠭᠰᠠᠨ ᠪᠦᠬᠦ ᠲᠤᠭ᠎ᠠ ᠨᠢ ᠲᠦᠷᠪᠡᠨ ᠵᠠᠭᠤ ᠭᠤᠴᠢᠨ | ᠲᠦᠷᠪᠡ ᠬᠦᠷᠴᠦ᠂ ᠹᠷᠠᠨᠼᠢ ᠶᠢᠨ ᠴᠡᠷᠢᠭ ᠤᠨ ᠦᠬᠦᠵᠦ ᠰᠢᠷᠬᠠᠳᠠᠭᠰᠠᠨ ᠲᠤᠭ᠎ᠠ ᠨᠢ ᠬᠠᠭᠤᠷᠡᠢ ᠳᠤ ᠪᠠᠶᠢᠯᠳᠤᠬᠤ | ᠠᠩᠭᠢ ᠶᠢᠨ ᠴᠡᠷᠢᠭ ᠤᠨ ᠬᠠᠭᠠᠰ ᠲᠤᠭ᠎ᠠ ᠶᠢ ᠡᠵᠡᠯᠡᠭᠰᠡᠨ ᠪᠠᠶᠢᠨ᠎ᠠ᠃ ᠠᠩᠭ᠍ᠯᠢ ᠶᠢᠨ ᠲᠠᠯᠠᠢ ᠶᠢᠨ ᠴᠡᠷᠢᠭ ᠤᠨ | ᠰᠧᠯᠢᠩ ᠾᠧ ᠪᠧ ᠬᠦᠨᠳᠦ ᠰᠢᠷᠬᠠᠳᠡᠵᠡᠢ᠃ ᠡᠨᠡ ᠤᠳᠠᠭᠠᠨ ᠤ ᠳ᠋ᠡᠭᠦ᠋ ᠭᠠᠷᠠᠮ ᠤᠨ ᠬᠠᠮᠠᠭᠠᠯᠠᠯᠳᠡ ᠶᠢᠨ ᠲᠠᠶᠢᠨ ᠨᠢ | ᠮᠢᠩᠭ᠎ᠠ ᠨᠠᠢᠮᠠᠨ ᠵᠠᠭᠤ ᠲᠦᠴᠢᠨ ᠤᠨ ᠳᠤ ᠦᠷᠦᠨᠡᠳᠡᠬᠢᠨ ᠤ ᠬᠦᠷᠦᠩᠭᠡᠳᠡᠨ ᠠᠩᠭᠢ ᠶᠢᠨ ᠵᠡᠪᠰᠡᠭᠳᠦ ᠬᠦᠴᠦᠨ | ᠲᠦᠷᠢᠮᠡᠬᠡᠶᠢᠯᠡᠨ ᠤᠷᠤᠵᠦ ᠢᠷᠡᠭᠰᠡᠨ ᠠᠴᠠ ᠨᠠᠰᠢᠬᠢ᠂ ᠲᠤᠮᠳᠡᠳᠦ ᠤᠯᠤᠰ ᠤᠨ ᠴᠡᠷᠢᠭ ᠠᠩᠭᠢ ᠶᠢᠨ ᠠᠩᠬᠠᠳᠠᠭᠴᠢ | ᠤᠳᠠᠭᠠᠨ ᠤ ᠲᠤᠮᠤ ᠢᠯᠠᠯᠳᠡ ᠪᠤᠯᠤᠭᠰᠠᠨ ᠪᠠᠶᠢᠨ᠎ᠠ᠃ ᠡᠨᠡ ᠤᠳᠠᠭᠠᠨ ᠤ ᠲᠠᠶᠢᠨ ᠤ ᠵᠤᠬᠢᠶᠠᠨ ᠪᠠᠶᠢᠭᠤᠯᠤᠭᠴᠢ | ᠪᠤᠯᠤᠨ ᠵᠢᠯᠤᠭᠤᠳᠤᠭᠴᠢ ᠨᠢ ᠪᠤᠯᠤᠭᠰᠡᠨ ᠰᠡᠩᠭᠡᠷᠢᠨᠴᠢᠨ ᠮᠠᠨ ᠤ ᠤᠯᠤᠰ ᠤᠨ ᠲᠤᠰᠠᠭᠠᠷ ᠲᠤᠭᠳᠠᠨᠢᠯ ᠪᠤᠯᠤᠨ ᠨᠡᠷ᠎ᠡ | ᠲᠦᠷᠦ ᠶᠢ ᠬᠠᠮᠠᠭᠠᠯᠠᠬᠤ ᠳᠤ ᠪᠠᠯᠠᠷᠡᠰᠢ ᠦᠭᠡᠢ ᠭᠠᠪᠢᠶ᠎ᠠ ᠵᠢᠳᠬᠦᠯ ᠦᠵᠡᠬᠦᠯᠪᠡ᠃ ᠴᠢᠩ ᠤᠨ ᠲᠦᠷᠦ ᠠᠴᠠ ᠲᠠᠶᠢᠯᠠᠢ | ᠶᠢᠨ ᠰᠡᠷᠬᠡᠶᠢᠯᠡᠯᠳᠡ ᠪᠤᠯᠤᠨ ᠭᠠᠳᠠᠭᠠᠳᠦ ᠶᠢᠨ ᠲᠦᠷᠢᠮᠡᠬᠡᠶᠢᠯᠡᠯ ᠢ ᠡᠰᠡᠷᠬᠦᠴᠡᠬᠦ ᠲᠠᠶᠢᠨ ᠳᠤ ᠭᠠᠪᠢᠶ᠎ᠠ ᠪᠠᠶᠢᠭᠤᠯᠤᠭᠰᠠᠨ | ᠵᠠᠩᠵᠤᠨ ᠴᠡᠷᠢᠭ ᠢ ᠶᠡᠭᠡ ᠪᠠᠷ ᠱᠠᠩᠨᠠᠪᠠ᠃ ᠠᠷᠪᠠᠨ ᠬᠤᠶᠠᠳᠤᠭᠠᠷ ᠰᠡᠷ᠎ᠡ ᠳᠤ᠂ ᠰᠡᠩᠭᠡᠷᠢᠨᠴᠢᠨ ᠪᠡᠬᠡᠵᠢᠩ ᠳᠤ | ᠪᠤᠴᠠᠨ ᠠᠵᠢᠯ ᠢᠶᠠᠨ ᠬᠠᠷᠢᠭᠤ ᠮᠡᠳᠡᠬᠦᠯᠦᠭᠰᠡᠨ ᠳᠤ ᠲᠦᠬᠡᠮᠡᠯ ᠡᠯᠪᠡᠭᠳᠦ ᠬᠠᠭᠠᠨ ᠰᠢᠷ᠎ᠡ ᠬᠦᠷᠮ᠎ᠡ ᠱᠠᠩᠨᠠᠵᠡᠢ᠃ | ᠲᠠᠷᠠᠭ᠎ᠠ ᠵᠢᠯ ᠤᠨ ᠬᠢᠨ ᠲᠦᠮᠡᠨ ᠨᠠᠰᠤᠳᠦ ᠶᠢᠨ ᠲᠦᠷᠦᠭᠰᠡᠨ ᠡᠳᠦᠷ ᠤᠨ ᠪᠠᠶᠠᠷ ᠲᠤ ᠬᠠᠭᠠᠨ ᠠᠴᠠ ᠰᠡᠩᠭᠡᠷᠢᠨᠴᠢᠨ | ᠳᠤ ᠪᠠᠰᠠ ᠬᠦᠢᠯᠡᠰᠦᠨ ᠰᠢᠷ᠎ᠡ ᠦᠩᠭᠡ ᠲᠠᠢ ᠪᠤᠯᠠᠭ᠎ᠠ ᠶᠢᠨ ᠠᠷᠠᠰᠤᠨ ᠬᠦᠷᠮ᠎ᠡ ᠱᠠᠩᠨᠠᠵᠦ᠂ ᠮᠥᠨ ᠯᠡ ᠲᠢᠶᠠᠨᠵᠢᠨ | ᠳᠤ ᠲᠤᠮᠢᠯᠠᠨ ᠬᠠᠮᠠᠭᠠᠯᠠᠯᠳᠡ ᠶᠢᠨ ᠠᠵᠢᠯ ᠬᠢᠯᠬᠡᠪᠡ᠃ | ᠲᠦᠬᠡᠮᠡᠯ ᠡᠯᠪᠡᠭᠳᠦ ᠶᠢᠨ ᠠᠷᠪᠠᠳᠤᠭᠠᠷ ᠤᠨ ᠳᠤ᠂ ᠠᠩᠭ᠍ᠯᠢ ᠹᠷᠠᠨᠼᠢ ᠶᠢᠨ ᠬᠤᠯᠪᠤᠭᠠᠳᠦ ᠴᠡᠷᠢᠭ ᠴᠡᠷᠢᠭ | ᠠᠩᠭᠢ ᠪᠠᠨ ᠲᠠᠬᠢᠨ ᠰᠢᠨ᠎ᠠ ᠪᠠᠷ ᠵᠤᠬᠢᠶᠠᠨ ᠪᠠᠶᠢᠭᠤᠯᠤᠨ᠂ ᠲᠤᠨᠤᠭᠠᠨ ᠰᠡᠷ᠎ᠡ ᠳᠤ ᠲᠢᠶᠠᠨᠵᠢᠨ ᠢ ᠲᠠᠭᠠᠷᠢᠵᠦ᠂ | ᠰᠡᠩᠭᠡᠷᠢᠨᠴᠢᠨ ᠤ ᠴᠡᠷᠢᠭ ᠲᠠᠶᠢᠯᠦᠭᠳᠡᠨ ᠲᠦᠩᠵᠸᠦ ᠳᠤ ᠤᠬᠤᠷᠢᠭᠰᠠᠨ ᠳᠤ᠂ ᠲᠦᠬᠡᠮᠡᠯ ᠡᠯᠪᠡᠭᠳᠦ ᠬᠠᠭᠠᠨ ᠵᠠᠷᠯᠢᠭ | ᠪᠠᠭᠤᠯᠭᠠᠨ ᠭᠤᠷᠪᠡᠨ ᠨᠢᠳᠦᠳᠦ ᠲᠤᠭᠤᠰ ᠤᠨ ᠤᠳᠤᠭ᠎ᠠ ᠶᠢ ᠨᠢ ᠮᠤᠯᠭᠤᠯᠵᠦ᠂ ᠰᠢᠯᠤᠭᠤᠨ ᠰᠢᠷ᠎ᠡ ᠬᠤᠰᠢᠭᠤ ᠶᠢ | ᠵᠠᠬᠢᠷᠬᠤ ᠲᠤᠳᠤᠭᠠᠳᠦ ᠬᠢᠶ᠎ᠡ ᠶᠢᠨ ᠶᠡᠭᠡ ᠲᠦᠰᠢᠮᠡᠯ ᠪᠠ ᠬᠦᠪᠡᠭᠡᠳᠦ ᠬᠦᠬᠡ ᠬᠤᠰᠢᠭᠤ ᠶᠢᠨ ᠮᠠᠨᠵᠦ ᠴᠡᠷᠢᠭ ᠤᠨ | ᠠᠮᠪᠠᠨ ᠤ ᠬᠡᠷᠬᠡᠮ ᠢ ᠨᠢ ᠤᠭᠴᠠᠷᠠᠭᠤᠯᠵᠦ᠂ ᠬᠦᠩᠭᠡᠨ ᠰᠢᠳᠭᠡᠭᠰᠡᠨ ᠢᠶᠠᠨ ᠢᠯᠡᠷᠬᠡᠶᠢᠯᠡᠪᠡ᠃ ᠵᠠᠯᠭᠠᠠᠭᠳ ᠪᠠ ᠯᠢ | ᠴᠢᠶᠥᠥ ᠶᠢᠨ ᠪᠠᠶᠢᠯᠳᠤᠭᠠᠨ ᠢᠯᠠᠭᠳᠠᠵᠦ᠂ ᠠᠩᠭ᠍ᠯᠢ ᠹᠷᠠᠨᠼᠢ ᠶᠢᠨ ᠬᠤᠯᠪᠤᠭᠠᠳᠦ ᠴᠡᠷᠢᠭ ᠪᠡᠬᠡᠵᠢᠩ ᠳᠤ ᠲᠤᠪᠳᠤᠯᠤᠨ | ᠤᠷᠤᠵᠦ ᠢᠷᠡᠨ᠂ ᠶᠤᠸᠠᠨ ᠮᠢᠩ ᠶᠤᠸᠠᠨ ᠴᠡᠴᠡᠷᠯᠢᠭ ᠢ ᠭᠠᠯᠳᠡᠪᠡ᠃ ᠡᠪᠰᠡᠬᠦ ᠪᠦᠯᠦᠭ ᠤᠨ ᠶᠡᠭᠡ ᠰᠠᠶᠢᠳ ᠨᠢ | ᠰᠡᠩᠭᠡᠷᠢᠨᠴᠢᠨ ᠢ ᠭᠠᠳᠠᠭᠠᠳᠦ ᠶᠢᠨ ᠲᠦᠷᠢᠮᠡᠬᠡᠶᠢᠯᠡᠭᠴᠢᠳ ᠢ ᠬᠤᠷᠤᠰᠬᠠᠭᠰᠠᠨ ᠠᠴᠠ ᠡᠶᠢᠮᠦᠷᠬᠦ ᠬᠡᠮᠵᠢᠶᠡᠨ ᠳᠤ ᠬᠦᠷᠪᠡ | ᠭᠡᠵᠤ ᠶᠡᠬᠡᠳᠡ ᠵᠢᠮᠡᠯᠡᠵᠦ᠂ ᠬᠠᠭᠠᠨ ᠳᠤ ᠢᠯᠡᠴᠢᠯᠡᠨ ᠵᠠᠭᠠᠯᠳᠤᠪᠠ᠃ ᠨᠠᠢᠮᠠᠨ ᠰᠡᠷ᠎ᠡ ᠳᠤᠨᠢ᠂ ᠲᠦᠬᠡᠮᠡᠯ ᠡᠯᠪᠡᠭᠳᠦ | ᠬᠠᠭᠠᠨ ᠰᠡᠩᠭᠡᠷᠢᠨᠴᠢᠨ ᠤ ᠸᠠᠩ ᠤᠨ ᠬᠡᠷᠬᠡᠮ ᠢ ᠨᠢ ᠤᠭᠴᠠᠷᠠᠭᠤᠯᠤᠭᠰᠠᠨ ᠪᠤᠯᠪᠠᠴᠦ ᠪᠠᠶᠢᠴᠠᠭᠠᠭᠴᠢ ᠲᠦᠰᠢᠮᠡᠯ ᠤᠨ | ᠲᠤᠰᠢᠶᠠᠯ ᠢ ᠨᠢ ᠮᠥᠨ ᠦᠯᠡᠳᠡᠬᠡᠨ ᠦᠭᠪᠡ᠃ ᠠᠷᠪᠠᠨ ᠰᠡᠷ᠎ᠡ ᠳᠤᠨᠢ ︽ᠪᠡᠭᠡᠵᠢᠩ ᠤᠨ ᠬᠡᠷ᠎ᠡ︾ ᠶᠢ ᠲᠤᠭᠳᠡᠪᠡ᠃ | ᠲᠦᠬᠡᠮᠡᠯ ᠡᠯᠪᠡᠭᠳᠦ ᠶᠢᠨ ᠠᠷᠪᠠᠳᠤᠭᠠᠷ ᠤᠨ ᠤ ᠶᠢᠰᠦᠨ ᠰᠡᠷ᠎ᠡ ᠳᠤ᠂ ᡁᠢ ᠯᠢᠦᠢ᠂ ᠱᠠᠨᠳᠦ᠋ᠩ ᠬᠢᠬᠡᠳ ᠾᠧ | ᠵᠢᠶᠠᠨ ᠹᠦ᠋ ᠤᠷᠴᠢᠮ ᠨᠢᠶᠠᠨ ᠵᠢᠶᠦ᠋ᠨ ᠴᠡᠷᠢᠭ ᠪᠤᠰᠤᠯᠴᠠᠪᠠ᠃ ᠴᠢᠩ ᠤᠨ ᠲᠦᠷᠦ ᠠᠴᠠ ᠰᠡᠩᠭᠡᠷᠢᠨᠴᠢᠨ ᠤ ᠵᠢᠶᠦ᠋ᠨ | ᠸᠠᠩ ᠤᠨ ᠬᠡᠷᠬᠡᠮ ᠢ ᠰᠡᠷᠭᠦᠬᠡᠨ᠂ ᠲᠡᠬᠦᠨ ᠢ ᠵᠠᠷᠯᠢᠭᠳᠡᠨ ᠲᠦᠮᠡ ᠢᠯᠡᠬᠦᠦ ᠴᠡᠷᠢᠭ ᠲᠠᠭᠠᠭᠠᠭᠤᠯᠤᠨ ᠱᠠᠨᠳᠦ᠋ᠩ ᠳᠤ | ᠤᠴᠢᠭᠤᠯᠤᠨ ᠨᠢᠶᠠᠨ ᠵᠢᠶᠦ᠋ᠨ ᠴᠡᠷᠢᠭ ᠲᠠᠢ ᠪᠠᠶᠢᠯᠳᠤᠭᠤᠯᠪᠡ᠃ ᠲᠦᠬᠡᠮᠡᠯ ᠡᠯᠪᠡᠭᠳᠦ ᠶᠢᠨ ᠠᠷᠪᠠᠨ ᠨᠢᠬᠡᠳᠦᠭᠡᠷ ᠤᠨ | ᠤ ᠠᠷᠪᠠᠨ ᠬᠤᠶᠠᠳᠤᠭᠠᠷ ᠰᠡᠷ᠎ᠡ ᠶᠢᠨ ᠬᠤᠷᠢᠨ ᠲᠦᠷᠪᠡᠨ ᠤ ᠡᠳᠦᠷ᠂ ᠰᠠᠶᠢᠳ ᠨᠡᠷ ᠤᠨ ᠵᠦᠪᠯᠡᠯ ᠳᠡᠭᠡᠨ ᠵᠠᠷᠯᠢᠭ | ᠪᠠᠭᠤᠯᠭᠠᠪᠠ︔ ᠰᠡᠩᠭᠡᠷᠢᠨᠴᠢᠨ ᠬᠠᠭᠠᠨ ᠳᠤ ᠪᠤᠳᠤᠷᠤᠯ ᠪᠢᠴᠢᠭ ᠪᠢᠴᠢᠵᠦ᠂ ᠵᠢᠷᠢᠮ ᠤᠨ ᠴᠢᠭᠤᠯᠭᠠᠨ ᠤ ᠲᠠᠷᠤᠭ᠎ᠠ | ᠶᠢᠨ ᠬᠠᠷᠢᠭᠤᠴᠠᠯᠭ᠎ᠠ ᠴᠢᠬᠤᠯᠡ᠂ ᠡᠨᠡᠬᠦ ᠲᠤᠰᠢᠶᠠᠯ ᠢ ᠬᠠᠪᠰᠤᠷᠭᠠᠨ ᠬᠠᠷᠢᠭᠤᠴᠠᠵᠦ ᠪᠤᠯᠬᠤ ᠦᠭᠡᠢ᠂ ᠦᠬᠡᠷ᠎ᠡ | ᠬᠦᠮᠦᠨ ᠲᠤᠬᠢᠷᠠᠭᠤᠯᠬᠤ ᠪᠤᠯᠪᠠᠤ ᠭᠡᠵᠤ ᠠᠶᠢᠯᠠᠳᠬᠠᠪᠠ᠃ ᠲᠦᠬᠡᠮᠡᠯ ᠡᠯᠪᠡᠭᠳᠦ ᠬᠠᠭᠠᠨ ᠰᠡᠩᠭᠡᠷᠢᠨᠴᠢᠨ ᠤ | ᠠᠶᠢᠯᠠᠳᠬᠠᠯ ᠢ ᠦᠨᠳᠦᠰᠦᠯᠡᠨ᠂ ᠲᠠᠷᠬᠠᠨ ᠴᠢᠨ ᠸᠠᠩ ᠰᠤᠳᠨᠠᠮᠫᠤᠩᠰᠤᠭ ᠢ ᠲᠤᠮᠢᠯᠠᠨ ᠴᠢᠭᠤᠯᠭᠠᠨ ᠤ ᠲᠠᠷᠤᠭ᠎ᠠ | ᠪᠤᠯᠭᠠᠪᠠ᠃ ᠪᠦᠷᠢᠨᠳᠦ ᠵᠠᠰᠠᠭᠴᠢ ᠶᠢᠨ ᠲᠡᠷᠢᠬᠦᠨ ᠤᠨ ︵1862 ᠤᠨ︶ ᠳᠤ᠂ ᠰᠡᠩᠭᠡᠷᠢᠨᠴᠢᠨ ᠤ ᠪᠤᠳᠤᠯᠭᠠᠳᠦ | ᠴᠢᠨ ᠸᠠᠩ ᠤᠨ ᠬᠡᠷᠬᠡᠮ ᠢ ᠨᠢ ᠲᠠᠬᠢᠨ ᠰᠡᠷᠬᠦᠬᠡᠵᠦ᠂ ᠤᠳᠡᠯ ᠦᠭᠡᠢ ᠦᠶ᠎ᠡ ᠵᠠᠯᠭᠠᠮᠵᠢᠯᠠᠭᠤᠯᠬᠤ ᠵᠠᠷᠯᠢᠭ ᠪᠠᠭᠤᠯᠭᠠᠪᠠ᠃ | ᠡᠨᠡ ᠦᠶᠡᠰ᠂ ᠴᠢᠩ ᠤᠨ ᠲᠦᠷᠦ ᠠᠴᠠ ᠪᠠᠶᠢᠴᠠᠭᠠᠭᠴᠢ ᠲᠦᠰᠢᠮᠡᠯ ᠰᠡᠩᠭᠡᠷᠢᠨᠴᠢᠨ ᠳᠤ ᡁᠢ ᠯᠤ᠋᠂ ᠱᠠᠨᠳᠦ᠋ᠩ᠂ | ᠾᠧᠨᠡᠨ᠂ ᠬᠤᠪᠸᠢ᠂ ᠠᠨᠾᠦ᠋ᠢ ᠲᠠᠪᠤᠨ ᠮᠤᠵᠢ ᠶᠢᠨ ᠴᠡᠷᠢᠭ ᠮᠤᠷᠢ ᠶᠢ ᠶᠡᠷᠦᠩᠭᠡᠶᠢᠯᠡᠨ ᠵᠠᠬᠢᠷᠬᠤ ᠡᠷᠬᠡ ᠤᠯᠭᠤᠪᠡ᠃ | ᠰᠡᠩᠭᠡᠷᠢᠨᠴᠢᠨ ᠮᠤᠷᠢᠳᠦ ᠴᠡᠷᠢᠭ ᠤᠨ ᠲᠠᠪᠠᠭᠤᠯᠢᠭ ᠪᠤᠯᠤᠨ ᠲᠠᠪᠤᠨ ᠮᠤᠵᠢ ᠶᠢᠨ ᠴᠡᠷᠢᠭ ᠤᠨ ᠬᠦᠴᠦᠨ ᠳᠤ | ᠲᠦᠰᠢᠭᠯᠡᠨ᠂ ᠬᠡᠳᠦᠨ ᠵᠢᠯ ᠲᠤᠳᠤᠷ᠎ᠡ ᠨᠢᠶᠠᠨ ᠵᠢᠶᠦ᠋ᠨ ᠴᠡᠷᠢᠭ ᠢ ᠤᠯᠠᠨ ᠤᠳᠠᠭ᠎ᠠ ᠢᠯᠡᠪᠡ᠃ ᠪᠦᠷᠢᠨᠳᠦ ᠵᠠᠰᠠᠭᠴᠢ | ᠶᠢᠨ ᠭᠤᠷᠪᠠᠳᠤᠭᠠᠷ ᠤᠨ ︵1864 ᠤᠨ︶ ᠤ ᠠᠷᠪᠡᠨ ᠨᠢᠬᠡᠨ ᠰᠡᠷ᠎ᠡ ᠳᠤ ᠪᠤᠯᠤᠭᠰᠠᠨ᠂ ᠬᠤᠪᠸᠢ ᠮᠤᠵᠢ ᠶᠢᠨ | ᠵᠡᠬᠦᠨᠳᠡᠬᠢ ᠾᠦᠸᠧ ᠱᠠᠨ ᠤ ᠾᠧᠢ ᠱᠢ ᠳ᠋ᠦ᠋ ᠶᠢᠨ ᠰᠢᠢᠳᠪᠦᠷᠢᠳᠦ ᠪᠠᠶᠢᠯᠳᠤᠭᠠᠨ ᠳᠤ ᠰᠡᠩᠭᠡᠷᠢᠨᠴᠢᠨ ᠤᠰᠠᠳᠬᠠᠬᠤ | ᠲᠠᠭᠠᠭᠤᠯᠬᠤ ᠬᠤᠶᠠᠷ ᠵᠦᠢᠯ ᠤᠨ ᠠᠷᠭ᠎ᠠ ᠪᠠᠷ ᠨᠢᠶᠠᠨ ᠵᠢᠶᠦ᠋ᠨ ᠴᠡᠷᠢᠭ ᠤᠨ ᠠᠷᠪᠠᠨ ᠬᠡᠳᠦᠨ ᠲᠦᠮᠡᠨ ᠬᠦᠮᠦᠨ ᠢ | ᠤᠷᠤᠭᠤᠯᠤᠨ ᠠᠪᠴᠦ᠂ ᠠᠷᠪᠠᠨ ᠬᠡᠳᠦᠨ ᠲᠦᠮᠡᠨ ᠬᠦᠮᠦᠨ ᠢ ᠨᠢ ᠪᠤᠳᠠᠷᠠᠭᠤᠯᠵᠦ ᠰᠠᠷᠨᠢᠭᠤᠯᠤᠨ᠂ ᠴᠢᠩ ᠤᠯᠤᠰ ᠤᠨ | ᠴᠡᠷᠢᠭ ᠴᠦ ᠬᠦᠨᠳᠦ ᠨᠤᠴᠢᠳᠡᠢ ᠬᠤᠬᠢᠷᠠᠭᠰᠠᠨ ᠪᠠᠶᠢᠨ᠎ᠠ᠃ ᠪᠦᠷᠢᠨᠳᠦ ᠵᠠᠰᠠᠭᠴᠢ ᠶᠢᠨ ᠲᠦᠷᠪᠡᠳᠦᠭᠡᠷ ᠤᠨ ᠤ | ᠲᠦᠷᠪᠡᠨ ᠰᠡᠷ᠎ᠡ ᠳᠤ᠂ ᠰᠡᠩᠭᠡᠷᠢᠨᠴᠢᠨ ᠨᠢᠬᠡ ᠲᠦᠮᠡ ᠨᠢᠬᠡ ᠮᠢᠭᠭᠠ ᠭᠠᠷᠤᠢ ᠴᠡᠷᠢᠭ ᠲᠠᠭᠠᠭᠤᠯᠤᠨ ᠵᠡᠬᠦᠨ ᠵᠠᠮ ᠤᠨ | ᠨᠢᠶᠠᠨ ᠵᠢᠶᠦ᠋ᠨ ᠴᠡᠷᠢᠭ ᠯᠠᠢ ᠸᠧᠨ ᠭᠤᠸᠠᠩ᠂ ᠵᠠᠩ ᠴᠦᠩ ᠢᠦᠢ ᠶᠢᠨ ᠪᠦᠯᠦᠭ ᠢ ᠨᠡᠬᠡᠮᠵᠢᠯᠡᠨ ᠴᠤᠬᠢᠵᠦ᠂ | ᠱᠠᠨᠳᠦ᠋ᠩ ᠮᠤᠵᠢ ᠶᠢᠨ ᠼᠤᠤ ᠵᠸᠦ ᠶᠢᠨ ᠾᠧ ᠽᠧ ᠰᠢᠶᠠᠨ ᠤ ᠭᠤᠤ ᠯᠸᠦ ᠵᠠᠢ ᠬᠦᠷᠳᠡᠯ᠎ᠡ ᠨᠡᠬᠡᠮᠵᠢᠯᠡᠬᠡᠳ᠂ ᠨᠢᠶᠠᠨ | ᠵᠢᠶᠦ᠋ᠨ ᠴᠡᠷᠢᠭ ᠤᠨ ᠪᠦᠰᠡᠯᠡᠨ ᠲᠠᠭᠠᠷᠢᠯᠳᠡ ᠳᠤ ᠤᠴᠠᠷᠡᠵᠦ᠂ ᠪᠦᠬᠦ ᠴᠡᠷᠢᠭ ᠨᠢ ᠤᠰᠠᠳᠬᠠᠭᠳᠡᠨ᠂ | ᠰᠡᠩᠭᠡᠷᠢᠨᠴᠢᠨ ᠲᠠᠶᠢᠨ ᠤ ᠲᠤᠮᠳᠡ ᠪᠡᠶ᠎ᠡ ᠦᠷᠡᠭᠳᠡᠪᠡ᠃ | ᠰᠡᠩᠭᠡᠷᠢᠨᠴᠢᠨ ᠲᠠᠶᠢᠨ ᠳᠤ ᠢᠯᠠᠭᠳᠡᠨ ᠠᠯᠠᠭᠳᠠᠭᠰᠠᠨ ᠤ ᠲᠠᠷᠠᠭ᠎ᠠ ᠬᠤᠶᠠᠷ ᠤᠷᠳᠤᠨ ᠤ ᠲᠠᠶᠢᠬᠡᠦ ᠪᠤᠯᠤᠨ | ᠪᠦᠷᠢᠨᠳᠦ ᠵᠠᠰᠠᠭᠴᠢ ᠬᠠᠭᠠᠨ ᠶᠡᠬᠡᠳᠡ ᠬᠡᠯᠮᠡᠭᠳᠡᠵᠦ᠂ ᠪᠦᠷᠢᠨᠳᠦ ᠵᠠᠰᠠᠭᠴᠢ ᠬᠠᠭᠠᠨ ᠪᠠᠶ᠎ᠠ ᠪᠠᠷ ᠢᠶᠠᠨ ᠬᠦᠷᠴᠦ | ᠤᠷᠤᠰᠢᠭᠤᠯᠬᠤ ᠶᠤᠰᠤᠯᠠᠯ ᠳᠤ ᠤᠷᠤᠯᠴᠠᠪᠠ᠃ ᠰᠡᠩᠭᠡᠷᠢᠨᠴᠢᠨ ᠤ ᠴᠢᠨᠳᠡᠷ ᠶᠢᠨ ᠤᠭ ᠨᠤᠳᠤᠭ ᠲᠤᠨᠢ ᠬᠦᠷᠭᠡᠵᠦ᠂ | ᠬᠦᠩ ᠵᠦ ᠯᠢᠩ ᠲᠠᠪᠠᠭ᠎ᠠ ︵ᠤᠳᠤ ᠶᠢᠨ ᠯᠢᠶᠥᠥᠨᠢᠩ ᠮᠤᠵᠢ ᠶᠢᠨ ᠹᠠᠺᠦ᠋ ᠰᠢᠶᠠᠨ ᠤ ᠲᠦᠷᠪᠡᠨ ᠭᠡᠷ ᠮᠤᠩᠭᠤᠯ | ᠦᠨᠳᠦᠰᠦᠳᠡᠨ ᠤ ᠰᠢᠶᠠᠩ ᠤᠨ ᠬᠠᠷᠢᠶ᠎ᠠ︶ ᠳᠤ ᠤᠷᠤᠰᠢᠭᠤᠯᠪᠠ᠃ ᠬᠠᠭᠠᠨ ᠡᠵᠡᠨ ᠵᠠᠷᠯᠢᠭ ᠪᠠᠭᠤᠯᠭᠠᠨ ᠬᠦᠬᠡ | ᠴᠢᠯᠠᠭᠤᠨ ᠲᠡᠭᠡᠷ᠎ᠡ ᠯᠤᠤ ᠰᠡᠶᠢᠯᠦᠭᠰᠡᠨ ᠬᠦᠰᠢᠶ᠎ᠡ ᠪᠤᠰᠬᠠᠵᠦ᠂ ᠪᠦᠷᠢᠨᠳᠦ ᠵᠠᠰᠠᠭᠴᠢ ᠬᠠᠭᠠᠨ ᠦᠪᠡᠷ ᠤᠨ ᠪᠡᠶ᠎ᠡ ᠪᠠᠷ | ᠢᠶᠠᠨ ᠬᠦᠰᠢᠶᠡᠨ ᠪᠢᠴᠢᠭ ᠪᠢᠴᠢᠵᠦ ᠦᠭᠪᠡ᠃ ᠪᠦᠷᠢᠨᠳᠦ ᠵᠠᠰᠠᠭᠴᠢ ᠬᠠᠭᠠᠨ ᠤ ᠵᠠᠷᠯᠢᠭ ᠪᠠᠭᠤᠯᠭᠠᠨ᠂ ᠰᠡᠩᠭᠡᠷᠢᠨᠴᠢᠨ | ᠰᠢᠳᠤᠷᠭᠤ ᠰᠡᠳᠬᠢᠯ ᠢᠶᠠᠷ ᠤᠯᠤᠰ ᠲᠤᠷ ᠵᠢᠳᠬᠦᠵᠦ᠂ ᠤᠯᠠᠨ ᠠᠴᠠ ᠢᠯᠡᠬᠦᠦ ᠵᠤᠪᠠᠵᠦ ᠵᠦᠳᠡᠷᠡᠨ᠂ ᠰᠢᠳᠤᠷᠭᠤ | ᠪᠠᠳᠤ ᠴᠢᠨᠡᠷ ᠲᠤᠭᠳᠠᠨᠢᠪᠠ ᠬᠡᠮᠡᠨ ᠬᠠᠭᠠᠨ ᠲᠦᠷᠦ ᠶᠢᠨ ᠬᠠᠮᠤᠭ ᠶᠡᠭᠡ ᠬᠠᠶᠢᠷ᠎ᠡ ᠬᠠᠯᠠᠮᠵᠢ ᠬᠠᠶᠢᠷᠠᠯᠠᠨ᠂ ᠲᠠᠢ ᠮᠢᠶᠥᠥ | ᠪᠠᠶᠢᠭᠤᠯᠤᠨ ᠦᠭᠴᠦ᠂ ᠬᠦᠷᠦᠭ ᠵᠢᠷᠤᠭ ᠢ ᠨᠢ ᠵᠢᠷᠤᠭᠤᠯᠤᠨ ᠬᠠᠭᠠᠨ ᠤ ᠬᠤᠳᠡ ᠶᠢᠨ ᠽᠢ ᠭᠤᠸᠠᠩ ᠭᠧ ᠳᠤ | ᠡᠯᠬᠦᠬᠦᠯᠦᠭᠰᠡᠨ ᠤ ᠬᠠᠮᠳᠤ᠂ ᠲᠡᠭᠦᠨ ᠤ ᠲᠠᠶᠢᠨ ᠪᠠᠶᠢᠯᠳᠤᠭᠠᠨ ᠬᠢᠵᠦ ᠶᠠᠪᠤᠭᠰᠠᠨ ᠲᠠᠪᠤᠨ ᠮᠤᠵᠢ ᠳᠤ ᠰᠦᠮ᠎ᠡ | ᠪᠠᠶᠢᠭᠤᠯᠤᠨ ᠦᠭᠪᠡ᠃ ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ ᠵᠢᠷᠭᠠᠯᠠᠩ ᠤᠨ ᠪᠤᠳᠤᠯᠭᠠᠳᠦ ᠴᠢᠨ | ᠸᠠᠩ ᠤᠨ ᠬᠤᠷᠤᠭ᠎ᠠ ᠶᠢᠨ ᠵᠡᠬᠦᠨᠳᠡᠢ ᠰᠡᠩᠭᠡᠷᠢᠨᠴᠢᠨ ᠤ ᠭᠡᠷ ᠤᠨ ᠰᠦᠮ᠎ᠡ ᠪᠠᠶᠢᠭᠤᠯᠵᠦ᠂ ᠰᠡᠩᠭᠡᠷᠢᠨᠴᠢᠨ ᠤ ᠬᠦᠷᠦᠭ | ᠢ ᠲᠠᠬᠢᠪᠠ᠃ ᠦᠪᠦᠷ ᠰᠢᠷᠭ᠎ᠠ ᠳᠤ ᠰᠡᠩᠭᠡᠷᠢᠨᠴᠢᠨ ᠤ ᠬᠦᠷᠦᠭ ᠤᠨ ᠰᠦᠮ᠎ᠡ ᠶᠢ ᠪᠠᠰᠠ ᠨᠢᠬᠡ ᠪᠠᠶᠢᠭᠤᠯᠤᠭᠰᠠᠨ | ᠪᠠᠶᠢᠨ᠎ᠠ᠃ | | | ᠢᠷᠡᠯᠳᠡ — ︽ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ ᠤᠶᠢᠯᠠᠯᠭ᠎ᠠ︾ | |