ᠯᠢᠭᠬᠤᠸᠠᠳᠦ ᠲᠤᠰᠬᠤᠨ ︽ᠪᠦᠬᠦ ᠤᠯᠤᠰ ᠤᠨ ᠠᠮᠢ ᠠᠬᠤᠢ ᠶᠢᠨ | ᠰᠤᠶᠤᠯ ᠤᠨ ᠲᠤᠰᠬᠤᠨ︾ ᠤ ᠨᠡᠷᠡᠶᠢᠳᠦᠯ ᠢ ᠬᠦᠷᠳᠡᠪᠡ | | 8 ᠰᠠᠷ᠎ᠠ ᠶᠢᠨ 17 ᠤ ᠡᠳᠦᠷ᠂ ᠦᠪᠡᠷᠳᠡᠭᠡᠨ ᠵᠠᠰᠬᠠᠤ ᠤᠷᠤᠨ ᠤ ᠠᠮᠢ ᠠᠬᠤᠢ ᠶᠢᠨ ᠰᠤᠳᠤᠯᠭᠠᠨ ᠤ | ᠨᠡᠶᠢᠭᠡᠮᠯᠢᠭ ᠤᠨ ᠲᠠᠷᠤᠭ᠎ᠠ ᠭᠤᠤ ᠰᠢ ᠯᠢᠨ ᠵᠡᠷᠭᠡ ᠬᠦᠮᠦᠰ ᠢᠶᠠᠷ ᠪᠦᠷᠢᠯᠳᠦᠭᠰᠡᠨ ᠬᠢᠨᠠᠨ ᠰᠢᠯᠭᠠᠵᠥ ᠬᠤᠷᠢᠶᠠᠬᠤ | ᠪᠦᠯᠬᠦᠮ ᠭᠠᠨᠵᠤᠭ᠎ᠠ ᠪᠠᠯᠭᠠᠰᠤᠨ ᠤ ᠯᠢᠭᠬᠤᠸᠠᠳᠦ ᠲᠤᠰᠬᠤᠨ ᠳᠤ ᠢᠷᠡᠵᠥ᠂ ᠪᠦᠬᠦ ᠤᠯᠤᠰ ᠤᠨ ᠠᠮᠢ ᠠᠬᠤᠢ ᠶᠢᠨ | ᠰᠤᠶᠤᠯ ᠤᠨ ᠲᠤᠰᠬᠤᠨ ᠢ ᠠᠬᠤᠢ ᠲᠠᠯᠠᠪᠠᠢ ᠳᠤ ᠬᠢᠨᠠᠨ ᠰᠢᠯᠭᠠᠨ ᠬᠤᠷᠢᠶᠠᠵᠥ ᠲᠤᠰ ᠲᠤᠰᠬᠤᠨ ᠢ ︽ᠪᠦᠬᠦ ᠤᠯᠤᠰ | ᠤᠨ ᠠᠮᠢ ᠠᠬᠤᠢ ᠶᠢᠨ ᠰᠤᠶᠤᠯ ᠤᠨ ᠲᠤᠰᠬᠤᠨ︾ ᠢᠶᠠᠷ ᠲᠤᠬᠳᠠᠭᠠᠵᠥ᠂ ᠤᠶᠢᠷ᠎ᠠ ᠶᠢᠨ ᠬᠤᠭᠤᠴᠠᠭᠠᠨ ᠳᠤ | ᠫᠠᠶᠢᠰᠠ ᠡᠯᠬᠦᠬᠦ ᠪᠠᠷ ᠪᠠᠶᠢᠨ᠎ᠠ᠃ ᠤᠶᠢᠯᠠᠭᠠᠯᠳᠠ ᠪᠠᠷ᠂ ᠲᠤᠰ ᠤᠳᠠᠭ᠎ᠠ ᠶᠢᠨ ︽ᠪᠦᠬᠦ ᠤᠯᠤᠰ ᠤᠨ ᠠᠮᠢ ᠠᠬᠤᠢ | ᠶᠢᠨ ᠰᠤᠶᠤᠯ ᠤᠨ ᠲᠤᠰᠬᠤᠨ︾ ᠤ ᠰᠢᠯᠭᠠᠷᠠᠭᠤᠯᠤᠯᠳᠠ ᠳᠤ ᠪᠦᠬᠦ ᠦᠪᠡᠷᠳᠡᠭᠡᠨ ᠵᠠᠰᠠᠬᠤ ᠤᠷᠤᠨ ᠠᠴᠠ ᠨᠡᠶᠢᠳᠡ 6 | ᠭᠠᠴᠠᠭ᠎ᠠ ᠲᠤᠰᠬᠤᠨ ᠵᠢᠬᠰᠠᠭᠠᠬᠳᠠᠪᠠ᠃ | ᠯᠢᠩᠬᠤᠸᠠᠳᠦ ᠲᠤᠰᠬᠤᠨ ᠳᠤ ᠨᠡᠷ᠎ᠡ ᠠᠯᠳᠠᠷᠰᠢᠬᠰᠠᠨ ᠯᠢᠩᠬᠤᠸᠠᠳᠦ ᠨᠠᠭᠤᠷ ᠪᠠᠶᠢᠵᠥ᠂ ᠵᠢᠯ ᠪᠦᠷᠢ ᠶᠢᠨ ᠵᠤᠨ | ᠤ ᠤᠯᠠᠷᠢᠯ ᠳᠤ ᠯᠢᠩᠬᠤᠸ᠎ᠠ ᠴᠡᠴᠡᠭ ᠦᠩᠭᠡ ᠪᠤᠯᠢᠶᠠᠯᠳᠤᠨ ᠲᠡᠯᠭᠡᠷᠡᠵᠥ ᠭᠤᠶᠤ ᠰᠠᠶᠢᠬᠠᠨ ᠢᠶᠠᠷ ᠢᠶᠠᠨ ᠠᠯᠳᠠᠷᠰᠢᠵᠥ᠂ | ᠲᠦᠩᠯᠢᠶᠤᠤ ᠬᠤᠳᠠ ᠶᠢᠨ ᠠᠮᠢᠳᠠᠨ ᠤᠷᠭᠤᠮᠠᠯ ᠤᠨ ᠬᠠᠮᠠᠭᠠᠯᠠᠯᠳᠠ ᠶᠢᠨ ᠤᠷᠤᠨ᠂ ᠬᠤᠳᠠ ᠶᠢᠨ ᠲᠡᠰ ᠤᠨ ᠠᠮᠢ | ᠠᠬᠤᠢ ᠶᠢᠨ ᠪᠤᠯᠪᠠᠰᠤᠨ ᠲᠤᠰᠬᠤᠨ᠂ ᠦᠪᠡᠷᠳᠡᠭᠡᠨ ᠵᠠᠰᠠᠬᠤ ᠤᠷᠤᠨ ᠤ ᠲᠡᠰ ᠤᠨ ᠤᠨᠴᠠᠯᠢᠬᠳᠦ ᠵᠤᠭᠠᠴᠠᠯ ᠤᠨ | ᠨᠡᠷᠡᠳᠦ ᠲᠤᠰᠬᠤᠨ ᠭᠡᠬᠦ ᠰᠠᠶᠢᠬᠠᠨ ᠨᠡᠷ᠎ᠡ ᠲᠠᠢ ᠪᠠᠶᠢᠳᠠᠭ ᠃ ᠤᠶᠢᠷ᠎ᠠ ᠶᠢᠨ ᠵᠢᠯ ᠠᠴᠠ ᠨᠠᠰᠢ᠂ ᠯᠢᠩᠬᠤᠸᠠᠳᠦ | ᠲᠤᠰᠬᠤᠨ ︽ᠦᠢᠯᠡᠳᠪᠦᠷᠢᠯᠡᠯ ᠢ ᠬᠦᠭᠵᠢᠬᠦᠯᠬᠦ᠂ ᠠᠮᠢᠳᠤᠷᠠᠯ ᠢ ᠴᠢᠨᠡᠭᠡᠯᠢᠭᠵᠢᠬᠦᠯᠬᠦ᠂ ᠰᠢᠶᠠᠩ ᠲᠤᠰᠬᠤᠨ ᠤ | ᠪᠤᠯᠪᠠᠰᠤᠨ᠂ ᠲᠤᠰᠬᠤᠨ ᠤ ᠨᠢᠭᠤᠷ ᠲᠦᠷᠰᠦ ᠶᠢ ᠴᠡᠭᠴᠡᠯᠡᠬᠦ᠂ ᠠᠷᠠᠳᠴᠢᠯᠠᠬᠰᠠᠨ ᠬᠠᠮᠢᠶᠠᠷᠤᠯᠳᠠ︾ ᠶᠢᠨ ᠨᠡᠶᠢᠭᠡᠮ | ᠵᠢᠷᠦᠮ ᠤᠨ ᠰᠢᠨ᠎ᠡ ᠬᠦᠳᠡᠭᠡ ᠲᠤᠰᠬᠤᠨ ᠤ ᠪᠦᠳᠦᠭᠡᠨ ᠪᠠᠶᠢᠭᠤᠯᠤᠯᠳᠠ ᠶᠢᠨ ᠶᠡᠷᠦᠩᠬᠡᠢ ᠱᠠᠭᠠᠷᠳᠠᠯᠭ᠎ᠠ ᠪᠠᠷ | ᠰᠠᠭᠤᠭᠠᠯᠢ ᠠᠷᠠᠳ ᠤᠨ ᠦᠢᠯᠡᠳᠪᠦᠷᠢᠯᠡᠯ ᠠᠮᠢᠳᠤᠷᠠᠯ ᠤᠨ ᠲᠦᠷᠢ ᠪᠠᠶᠢᠳᠠᠯ ᠢ ᠰᠠᠶᠢᠵᠢᠷᠠᠭᠤᠯᠬᠤ ᠶᠢᠨ ᠬᠠᠮᠳᠤ | ᠣᠶᠢᠷ᠎ᠠ ᠬᠠᠪᠢ ᠶᠢᠨ 4A ᠲᠡᠰ ᠤᠨ ᠦᠵᠡᠮᠵᠢ ᠶᠢᠨ ᠤᠷᠤᠨ ᠪᠤᠯᠬᠤ ᠶᠡᠭᠡ ᠴᠦᠩᠬᠦᠯ ᠤᠨ ᠤᠷᠤᠨ ᠪᠦᠰᠡ ᠶᠢᠨ | ᠲᠠᠪᠠᠭᠤᠯᠢᠭ ᠪᠠ ᠪᠠᠶᠢᠭᠠᠯᠢ ᠶᠢᠨ ᠡᠬᠢ ᠰᠤᠷᠪᠤᠯᠵᠢ ᠶᠢᠨ ᠲᠠᠪᠠᠭᠤᠯᠢᠭ ᠲᠤ ᠲᠦᠰᠢᠭᠯᠡᠵᠥ ᠠᠮᠢ ᠠᠬᠤᠢ ᠶᠢᠨ ᠰᠤᠶᠤᠯ | ᠵᠤᠭᠠᠴᠠᠯ ᠤᠨ ᠠᠵᠥ ᠦᠢᠯᠡᠰ ᠢ ᠭᠤᠤᠯᠳᠠᠯᠭ᠎ᠠ ᠲᠠᠢ ᠬᠦᠭᠵᠢᠬᠦᠯᠵᠥ᠂ 2 ᠪᠤᠬᠢᠷᠳᠤᠯ ᠦᠬᠡᠢ ᠠᠮᠢ ᠠᠬᠤᠢ ᠶᠢᠨ | ᠲᠠᠷᠢᠶᠠᠴᠢᠨ ᠠᠶᠢᠯ ᠵᠤᠭᠠᠴᠠᠯ ᠤᠨ ᠦᠵᠡᠮᠵᠢ ᠶᠢᠨ ᠤᠷᠤᠨ ᠢ ᠪᠠᠶᠢᠭᠤᠯᠵᠥ᠂ ᠲᠤᠰᠬᠤᠨ ᠤ ᠠᠷᠠᠳ ᠢ ᠲᠠᠶᠢᠴᠢᠯᠠᠵᠥ | ᠵᠤᠭᠠᠴᠠᠯ ᠤᠨ ᠦᠢᠯᠡᠴᠢᠯᠡᠭᠡᠨ ᠤ ᠲᠦᠷᠦᠯ ᠵᠦᠢᠯ ᠢ ᠡᠵᠡᠩᠨᠡᠬᠦᠯᠦᠨ᠂ ᠬᠦᠮᠦᠨ ᠲᠤᠮᠳᠠᠴᠢ ᠤᠷᠤᠯᠭ᠎ᠠ ᠶᠢ 3000 | ᠲᠦᠭᠦᠷᠢᠭ ᠠᠴᠠ ᠲᠡᠭᠡᠭᠰᠢ ᠨᠡᠮᠡᠭᠳᠡᠬᠦᠯᠵᠥ᠂ ᠭᠤᠶᠤ ᠰᠠᠶᠢᠬᠠᠨ ᠪᠠ ᠬᠦᠭᠵᠢᠯᠳᠡ ᠶᠢᠨ ᠬᠤᠤᠰ ᠢᠯᠠᠯᠳᠠ ᠶᠢ | ᠪᠡᠶᠡᠯᠡᠬᠦᠯᠪᠡ᠃ | |