ᠤᠯᠠᠮᠵᠢᠯᠠᠯᠳᠤ ᠵᠠᠰᠠᠯ ᠤᠨ ᠭᠠᠶᠢᠬᠠᠮᠰᠢᠭ | | | | ᠡᠯᠡᠰᠤᠯᠡᠬᠦ ᠵᠠᠰᠠᠯ ᠪᠤᠯ ᠬᠠᠯᠠᠭᠤᠨ ᠡᠯᠡᠰᠤᠨ ᠳᠤ ᠬᠡᠪᠳᠡᠬᠦᠯᠬᠦ ᠪᠠᠷ ᠲᠠᠮᠵᠢᠨ ᠡᠯᠡᠰᠤᠨ ᠤ ᠢᠯᠴᠢ ᠂ | ᠮᠧᠬᠠᠨᠢᠭ ᠬᠥᠴᠤᠨ ᠂ ᠴᠠᠬᠢᠯᠭᠠᠨ ᠰᠤᠷᠢᠨᠵᠢᠨ ᠤᠢᠢᠯᠡᠳᠤᠯ ᠢ ᠠᠰᠢᠭᠯᠠᠨ ᠮᠠᠬᠠᠪᠤᠤᠨ ᠢ ᠲᠡᠭᠰᠢᠳᠬᠡᠨ ᠂ ᠪᠡᠶ᠎ᠡ | ᠶᠢᠨ ᠬᠥᠢᠳᠡᠨ ᠢ ᠠᠷᠢᠯᠭᠠᠵᠤ ᠂ ᠬᠡᠢ ᠴᠢᠰᠤᠨ ᠤ ᠬᠥᠶᠤᠳᠠᠯ ᠢ ᠰᠠᠶᠢᠵᠢᠷᠠᠭᠤᠯᠤᠨ ᠂ ᠬᠥᠯᠤᠰᠤᠨ ᠰᠥᠪᠡ | ᠶᠢ ᠨᠡᠬᠡᠬᠡᠵᠤ ᠪᠡᠶ᠎ᠡ ᠶᠢᠨ ᠴᠥᠪ ᠭᠭᠢᠷ ᠤᠨ ᠢᠯᠭᠠᠷᠠᠯᠳᠠ ᠶᠢ ᠰᠠᠶᠢᠵᠢᠷᠠᠭᠤᠯᠵᠤ ᠂ ᠴᠠᠭᠠᠨ ᠰᠤᠳᠠᠯ ᠢ | ᠨᠡᠪᠳᠡᠷᠡᠬᠦᠯᠬᠦ ᠪᠠᠷ ᠲᠠᠮᠵᠢᠨ ᠡᠪᠡᠳᠴᠢᠨ ᠢ ᠠᠨᠠᠭᠠᠨ ᠰᠡᠷᠬᠡᠶᠢᠯᠡᠬᠦ ᠨᠢᠬᠡᠨ ᠤᠯᠠᠮᠵᠢᠯᠠᠯᠳᠤ ᠵᠠᠰᠠᠯ ᠪᠤᠯᠤᠨ᠎ᠠ ᠃ | ᠮᠤᠩᠭᠤᠯ ᠡᠮᠨᠡᠯᠬᠡ ᠡᠯᠡᠰᠤᠯᠡᠬᠦ ᠵᠠᠰᠠᠯ ᠳᠤ ᠪᠠᠨ ᠰᠠᠶᠢᠨ ᠡᠯᠡᠰᠤ ᠶᠢ ᠰᠤᠩᠭᠤᠵᠤ ᠂ ᠤᠬᠢᠶᠠᠨ ᠴᠡᠪᠡᠷᠯᠡᠨ ᠂ | ᠬᠠᠳᠠᠭᠠᠵᠤ ᠠᠷᠢᠭᠤᠳᠬᠠᠭᠠᠤᠨ ᠂ ᠬᠠᠯᠠᠭᠤᠨ ᠤ ᠬᠡᠮᠵᠢᠶ᠎ᠡ ᠶᠢ 40 ᠭᠷᠠᠳᠦ᠋ᠰ ᠤᠷᠴᠢᠮ ᠢᠶᠠᠷ ᠲᠤᠬᠢᠷᠠᠭᠤᠯᠵᠤ ᠂ | ᠮᠤᠩᠭᠤᠯ ᠡᠮᠨᠡᠯᠬᠡ ᠶᠢᠨ ᠢᠯᠢᠵᠤ ᠨᠤᠬᠤᠯᠠᠬᠤ ᠵᠠᠰᠠᠯ ᠂ ᠲᠠᠭᠤᠤ ᠬᠥᠭᠵᠢᠮ ᠤᠨ ᠵᠠᠰᠠᠯ ᠢ ᠬᠠᠪᠰᠤᠷᠭᠠᠨ | ᠡᠪᠡᠳᠴᠢᠳᠠᠨ ᠤ ᠪᠡᠶ᠎ᠡ ᠰᠡᠳᠬᠢᠯ ᠢ ᠠᠮᠤᠷᠵᠢᠭᠤᠯᠤᠨ ᠂ ᠥᠨᠳᠤᠷ ᠥᠷ᠎ᠠ ᠠᠰᠢᠭ ᠬᠥᠷᠳᠡᠬᠦ ᠡᠮᠴᠢᠯᠡᠬᠡᠨ ᠤ | ᠤᠷᠴᠢᠨ ᠢ ᠪᠠᠶᠢᠭᠤᠯᠵᠤ ᠂ ᠡᠯᠡᠰᠤᠨ ᠵᠠᠰᠠᠯ ᠤᠨ ᠤᠢᠢᠯᠡᠳᠤᠯ ᠢ ᠨᠡᠩ ᠰᠠᠶᠢᠨ ᠪᠠᠳᠠᠷᠠᠭᠤᠯᠵᠤ ᠪᠠᠶᠢᠨ᠎ᠠ ᠃ | ᠲᠤᠬᠢᠷᠠᠬᠤ ᠡᠪᠡᠳᠴᠢᠨ ᠄ | ᠬᠥᠵᠤᠬᠦᠤ ᠨᠢᠷᠤᠭᠤᠨ ᠤ ᠰᠢᠷ᠎ᠠ ᠤᠰᠤᠨ ᠡᠪᠡᠳᠴᠢᠨ ᠂ ᠥᠶ᠎ᠡ ᠬᠡᠰᠢᠬᠦᠨ ᠤ ᠰᠢᠷ᠎ᠠ ᠤᠰᠤᠨ | ᠡᠪᠡᠳᠴᠢᠨ ᠂ ᠲᠠᠯᠤ ᠮᠥᠷᠤ ᠪᠠᠷ ᠬᠥᠰᠢᠵᠤ ᠮᠢᠨᠴᠤᠬᠦᠷᠡᠭᠦ ᠂ ᠬᠥᠯ ᠨᠢᠷᠤᠭᠤ ᠬᠥᠢᠳᠡᠨ ᠤᠷᠬᠢᠵᠤ ᠡᠪᠡᠳᠬᠦ ᠂ | ᠰᠢᠷᠪᠤᠰᠤ ᠲᠠᠳᠠᠬᠤ ᠂ ᠪᠤᠯᠴᠢᠩ ᠤᠷᠪᠠᠭ᠋ᠤ ᠂ ᠬᠡᠰᠢᠬᠦᠨ ᠤ ᠬᠤᠶᠠᠩ ᠂ ᠬᠤᠳᠤᠭᠤᠳᠤ ᠬᠡᠳᠡᠰᠤᠨ ᠤ | ᠬᠥᠢᠳᠡᠨ ᠬᠡᠢ ᠂ ᠡᠰᠡ ᠰᠢᠩᠭᠡᠭᠰᠡᠨ ᠂ ᠬᠥᠢᠳᠡᠨ ᠢᠶᠠᠷ ᠪᠥᠬᠡᠯᠵᠢᠬᠦ ᠪᠠ ᠰᠠᠭᠤᠯᠭᠠᠬᠤ ᠂ ᠪᠥᠬᠡᠷᠡ ᠪᠡᠯᠬᠡᠬᠦᠰᠤ | ᠲᠠᠪᠤᠰᠠᠩ ᠤᠨ ᠬᠥᠢᠳᠡᠨ ᠂ ᠡᠰᠡᠷᠬᠡᠨᠡ ᠲᠤᠯᠪᠤ ᠂ ᠡᠮᠡᠭᠳᠡᠢ ᠶᠢᠨ ᠰᠠᠪᠠᠨ ᠤ ᠬᠥᠢᠳᠡᠨ ᠵᠡᠷᠬᠡ | ᠡᠪᠡᠳᠴᠢᠨ ᠳᠤ ᠲᠤᠬᠢᠷᠠᠬᠤ ᠶᠤᠮ ᠃ | ᠴᠡᠬᠡᠷᠯᠡᠬᠦ ᠡᠪᠡᠳᠴᠢᠨ ᠄ | ᠤᠨᠴᠠ ᠬᠥᠨᠳᠤ ᠴᠢᠰᠤᠨ ᠲᠠᠷᠤᠯᠳᠠ ᠥᠨᠳᠤᠷ ᠡᠪᠡᠳᠴᠢᠨ ᠂ ᠵᠢᠷᠤᠬᠡᠨ ᠡᠪᠡᠳᠴᠢᠨ ᠂ ᠪᠠᠮᠪᠠᠢ ᠪᠤᠯᠴᠢᠷᠬᠠᠢ | ᠶᠢᠨ ᠡᠪᠡᠳᠴᠢᠨ ᠂ ᠲᠠᠷᠢᠬᠢᠨ ᠤ ᠴᠢᠰᠤᠨ ᠰᠤᠳᠠᠯ ᠤᠨ ᠡᠪᠡᠳᠴᠢᠨ ᠂ ᠠᠭᠤᠰᠬᠢᠨ ᠰᠥᠷᠢᠶᠠ ᠂ ᠡᠯ᠎ᠠ | ᠵᠦᠢᠯ ᠤᠨ ᠬᠠᠯᠳᠠᠪᠤᠷᠢᠳᠤ ᠡᠪᠡᠳᠴᠢᠨ ᠂ ᠴᠢᠰᠤ ᠭᠠᠷᠬᠤ ᠪᠠᠶᠢᠳᠠᠯ ᠲᠠᠢ ᠡᠪᠡᠳᠴᠢᠨ ᠵᠡᠷᠬᠡ ᠳᠤ | ᠴᠡᠬᠡᠷᠯᠡᠨ᠎ᠡ ᠃ | ᠢᠷᠠᠯ ᠡᠬᠦᠰᠤᠯ ᠄ | 12 ᠳ᠋ᠤᠭᠠᠷ ᠵᠠᠭᠤᠨ ᠠᠴᠠ ᠡᠬᠢᠯᠡᠨ ᠡᠮᠴᠢᠯᠡᠬᠡᠨ ᠳᠤ ᠬᠡᠷᠡᠭᠯᠡᠭᠰᠡᠨ ᠡᠯᠡᠰᠤᠯᠡᠬᠦ ᠵᠠᠰᠠᠯ ᠨᠢ ᠮᠤᠩᠭᠤᠯ ᠤᠨ | ᠬᠠᠭᠠᠨᠳᠤ ᠤᠯᠤᠰ ᠤᠨ ᠴᠡᠷᠢᠭ ᠪᠥᠷ ᠡᠯᠡᠰᠤ ᠠᠪᠴᠤ ᠶᠠᠪᠤᠳᠠᠭ ᠂ ᠲᠠᠶᠢᠨ ᠳᠤ ᠶᠠᠳᠠᠷᠠᠵᠤ ᠠᠮᠠᠷᠠᠬᠤ ᠥᠶᠡᠰ | ᠲᠤ ᠪᠠᠨ ᠬᠠᠭᠤᠷᠤᠭᠰᠠᠨ ᠬᠠᠯᠠᠭᠤᠨ ᠡᠯᠡᠰᠤᠨ ᠳᠤ ᠪᠠᠨ ᠪᠡᠶ᠎ᠡ ᠪᠠᠨ ᠪᠤᠯᠠᠵᠤ ᠂ ᠲᠠᠮᠢᠷ ᠬᠥᠴᠤᠨ ᠢᠶᠠᠨ | ᠨᠡᠮᠡᠭᠳᠡᠭᠦᠯᠳᠡᠭ ᠪᠠᠶᠢᠭᠰᠠᠨ ᠲᠡᠮᠳᠡᠭᠯᠡᠯ ᠲᠠᠢ ᠃ | ᠠᠬᠤᠢ ᠪᠠᠶᠢᠳᠠᠯ ᠄ | ᠤᠷᠴᠢᠨ ᠠᠬᠤᠢ ᠂ ᠴᠠᠭ ᠥᠶ᠎ᠡ ᠶᠢᠨ ᠤᠯᠠᠷᠢᠨ ᠬᠤᠪᠢᠷᠠᠬᠤ ᠶᠢ ᠲᠠᠭᠠᠯᠳᠤᠨ ᠬᠥᠢᠳᠡᠨ ᠠᠴᠠ ᠰᠢᠯᠳᠠᠭᠠᠯᠠᠳᠠᠭ | ᠡᠪᠡᠳᠴᠢᠨ ᠤᠯᠠᠨ ᠂ ᠠᠵᠢᠯ ᠠᠮᠢᠳᠤᠷᠠᠯ ᠤᠨ ᠠᠬᠢᠴᠡ ᠲᠥᠷᠬᠡᠳᠴᠤ ᠶᠠᠳᠠᠷᠠᠯ ᠵᠥᠳᠡᠷᠡᠯ ᠠᠴᠠ ᠪᠤᠯᠬᠤ ᠥᠶ᠎ᠡ | ᠬᠡᠰᠢᠬᠦᠨ ᠤ ᠬᠤᠶᠠᠩ ᠶᠥᠬᠡ ᠲᠡᠩᠳᠡ ᠪᠡᠶ᠎ᠡ ᠴᠤᠭᠴᠠᠰ ᠢ ᠵᠤᠪᠠᠭᠠᠳᠠᠭ ᠪᠤᠯᠵᠠᠢ ᠃ ᠪᠢᠳᠡ ᠡᠪᠡᠳᠴᠢᠳᠠᠨ ᠢᠶᠠᠨ | ᠬᠠᠯᠠᠭᠤᠨ ᠡᠯᠡᠰᠤᠨ ᠳᠤ ᠤᠷᠤᠭᠤᠯᠵᠤ ᠂ ᠠᠨᠠᠭᠠᠬᠤ ᠪᠠ ᠤᠷᠢᠳᠴᠢᠯᠠᠨ ᠰᠡᠷᠬᠡᠶᠢᠯᠡᠬᠦ ᠵᠤᠷᠢᠯᠭ᠎ᠠ ᠳᠤ ᠬᠥᠷᠴᠤ | ᠪᠠᠶᠢᠨ᠎ᠠ ᠃ | ᠲᠠᠪᠠᠭᠤᠯᠢᠭ ᠲᠠᠯ᠎ᠠ ᠄ | ᠡᠯᠡᠰᠤᠯᠡᠬᠦ ᠵᠠᠰᠠᠯ ᠬᠢᠬᠦ ᠪᠡᠯᠡᠳᠬᠡᠯ ᠠᠯᠬᠤᠮ ᠳᠤ ᠪᠠᠨ ᠤᠷᠢᠳ ᠢᠶᠠᠷ ᠠᠷᠢᠬᠢ ᠂ ᠤᠬᠢ ᠲᠤᠰᠤ ︵精油 | ︶ ᠂ ᠰᠢᠷ᠎ᠠ ᠲᠤᠰᠤ ᠂ ᠮᠠᠭᠠᠵᠢᠨ ᠲᠤᠰᠤ ᠲᠥᠷᠬᠢᠵᠤ ᠂ ᠡᠪᠡᠳᠴᠢᠳᠠᠨ ᠤ ᠪᠡᠶ᠎ᠡ ᠶᠢ ᠢᠯᠢᠵᠤ ᠨᠤᠬᠤᠯᠠᠨ ᠬᠡᠢ | ᠴᠢᠰᠤᠨ ᠤ ᠬᠥᠶᠤᠳᠠᠯ ᠢ ᠰᠠᠶᠢᠵᠢᠷᠠᠭᠤᠯᠵᠤ ᠂ ᠢᠯᠴᠢᠬᠢᠨᠡᠬᠦᠯᠵᠤ ᠠᠪᠤᠭᠠᠤᠨ ᠲᠤᠰᠬᠠᠢ ᠬᠤᠪᠴᠠᠰᠤ ︵沙疗 | 服︶ ᠡᠮᠤᠰᠬᠡᠵᠤ ᠡᠯᠡᠰᠤ ᠰᠠᠪᠠᠯᠠᠭᠰᠠᠨ ᠤᠩᠭᠤᠴᠠᠨ ᠳᠤ ᠠᠭᠠᠵᠢᠮ ᠠᠯᠬᠤᠨ ᠤᠷᠤᠭᠤᠯᠵᠤ ᠬᠡᠪᠳᠡᠬᠦᠯᠤᠨᠠ ᠃ | ᠰᠤᠪᠢᠯᠠᠭᠴᠢ ᠠᠴᠠ ᠡᠪᠡᠳᠴᠢᠳᠠᠨ ᠤ ᠪᠡᠶ᠎ᠡ ᠶᠢᠨ ᠠᠳᠠᠯᠢ ᠪᠤᠰᠤ ᠬᠡᠰᠡᠭ ᠢ ᠥᠨᠳᠤᠰᠤᠯᠡᠵᠤ ᠡᠯᠡᠰᠤ ᠪᠠᠨ ᠪᠠᠭ᠎ᠠ | ᠪᠠᠭ᠎ᠠ ᠪᠠᠷ ᠬᠤᠳᠬᠤᠨ ᠨᠢᠮᠬᠡᠨ ᠬᠥᠨ ᠨᠢ ᠠᠳᠠᠯᠢ ᠥᠬᠡᠢ ᠡᠯᠡᠰᠤ ᠪᠠᠷ ᠢᠶᠠᠨ ᠪᠤᠯᠠᠨ᠎ᠠ ᠃ | ᠪᠤᠰᠤᠤᠨ ᠪᠡᠯᠡᠳᠬᠡᠯ ᠄ | ᠨᠢᠭᠤᠷ ᠴᠢᠷᠠᠢ ᠂ ᠬᠥᠵᠤᠬᠦᠤ ᠪᠠᠭᠠᠯᠵᠠᠭᠤᠷ ᠂ ᠴᠡᠬᠡᠵᠢᠨ ᠤ ᠬᠡᠰᠡᠭ ᠢ ᠢᠯᠠ ᠭᠠᠷᠭᠠᠵᠤ ᠂ | ᠬᠠᠵᠠᠭᠤ ᠳᠤ ᠪᠠᠨ ᠬᠥᠷᠤᠬᠡᠭᠰᠡᠨ ᠤᠰᠤ ᠪᠠᠨ ᠪᠥᠯᠢᠶᠡᠨ ᠢᠶᠠᠷ ᠬᠥᠢᠴᠡᠤᠨ ᠪᠡᠯᠡᠳᠬᠡᠵᠤ ᠲᠠᠯᠪᠢᠭᠠᠷᠠᠢ ᠃ ᠪᠥᠷ | ᠲᠥᠪᠬᠢᠨᠡᠬᠦᠯᠵᠤ ᠪᠠᠷᠠᠭᠰᠠᠨ ᠤ ᠲᠠᠷᠠᠭ᠎ᠠ ᠂ ᠰᠤᠪᠢᠯᠠᠭᠴᠢ ᠠᠴᠠ ᠬᠥᠢᠳᠡᠨ ᠤᠰᠤ ᠰᠢᠮᠡᠳᠬᠡᠭᠰᠡᠨ ᠠᠯᠴᠢᠭᠤᠷ ᠢ | ᠮᠠᠩᠨᠠᠢ ᠳᠤ ᠴᠢᠨᠢ ᠲᠠᠯᠪᠢᠨ ᠥᠭᠭᠦᠨ᠎ᠠ ᠃ | ᠡᠯᠡᠰᠤᠯᠡᠭᠦ ᠵᠠᠰᠠᠯ ᠬᠢᠬᠦ ᠬᠠᠮᠤᠭ ᠲᠤᠬᠢᠷᠠᠮᠵᠢᠳᠠᠢ ᠴᠠᠭ ᠄ | ᠬᠥᠢᠳᠡᠨ ᠴᠢᠨᠠᠷᠳᠠᠢ ᠡᠪᠡᠳᠴᠢᠨ ᠢ ᠬᠠᠯᠠᠭᠤᠨ ᠤ ᠥᠶᠡᠰ ᠠᠨᠠᠭᠠᠨ ᠲᠡᠩᠭᠡᠷᠡᠭᠦᠯᠭᠦ ᠳᠤ ᠵᠢᠯ ᠪᠥᠷᠢ ᠶᠢᠨ 6 | ᠊᠊᠊᠊᠊ 9 ᠰᠠᠷ᠎ᠠ ᠶᠢ ᠵᠠᠪᠳᠤᠵᠤ ᠂ ᠪᠤᠰᠤᠤᠨ ᠲᠡᠬᠡᠷᠡᠬᠢ ᠶᠠᠷᠢᠭᠰᠠᠨ ᠤᠳᠠᠭᠠᠨ ᠴᠢᠨᠠᠷᠳᠠᠢ ᠡᠪᠡᠳᠴᠢᠨ ᠢ ᠠᠨᠠᠭᠠᠨ | ᠡᠳᠡᠬᠡᠷᠡᠭᠦᠯᠭᠦ ᠬᠡᠪᠡᠯ ᠡᠮᠨᠡᠯᠬᠡ ᠶᠢᠨ ᠬᠤᠷᠢᠶᠠᠨ ᠳᠤ ᠤᠴᠢᠵᠤ ᠂ ᠨᠢᠭᠤᠷᠳᠠᠨ ᠡᠮᠴᠢᠯᠡᠭᠡ ᠬᠢᠪᠠᠯ ᠵᠤᠬᠢᠨ᠎ᠠ ᠃ |