ᠠᠩᠬᠠᠷ︕ ᠡᠶᠢᠮᠦᠷᠬᠦ ᠠᠷᠢᠭᠤᠳᠬᠠᠬᠤ ᠰᠢᠩᠭᠡᠨ ᠢ ᠲᠦᠷᠭᠡᠨ ᠤ ᠲᠡᠮᠦᠷ ᠵᠠᠮ ᠳᠤ ᠠᠪᠴᠤ ᠶᠠᠪᠤᠵᠤ ᠪᠣᠯᠬᠤ ᠥᠬᠡᠶ
ᠨᠡᠶᠢᠲᠡᠯᠡᠭᠰᠡᠨ ᠴᠠᠭ᠄
2023/1/16
ᠠᠩᠬᠠᠷ︕ ᠡᠶᠢᠮᠦᠷᠬᠦ ᠠᠷᠢᠭᠤᠳᠬᠠᠬᠤ ᠰᠢᠩᠭᠡᠨ ᠢ ᠲᠦᠷᠭᠡᠨ ᠤ ᠲᠡᠮᠦᠷ ᠵᠠᠮ ᠳᠤ ᠠᠪᠴᠤ ᠶᠠᠪᠤᠵᠤ ᠪᠣᠯᠬᠤ ᠥᠬᠡᠶ         ︽ᠲᠡᠮᠦᠷ ᠵᠠᠮ ᠤᠨ ᠠᠶᠠᠨᠴᠢᠳ ᠤᠨ ᠠᠪᠴᠤ ᠶᠠᠪᠤᠬᠤ ᠶᠢ ᠴᠠᠭᠠᠵᠠᠯᠠᠬᠤ᠂ ᠬᠢᠵᠠᠭᠠᠷᠯᠠᠬᠤ ᠡᠳ᠋ ᠪᠣᠳᠠᠰ ᠪᠠ ᠨᠠᠶᠢᠳᠠᠨ ᠲᠡᠭᠡᠭᠡᠪᠦᠷᠢᠯᠡᠭᠦᠯᠬᠦ ᠡᠳ᠋ ᠪᠣᠳᠠᠰ ᠤᠨ ᠭᠠᠷᠴᠠᠭ︾ ᠤᠨ ᠠᠯᠪᠠᠨ ᠵᠠᠷᠯᠠᠯ ᠲᠠᠬᠢ ᠨᠢᠭᠡᠳᠦᠭᠡᠷ ᠵᠦᠢᠯ ᠤᠨ ︽ᠨᠠᠶᠢᠳᠠᠨ ᠲᠡᠭᠡᠭᠡᠪᠦᠷᠢᠯᠡᠭᠦᠯᠬᠦ ᠪᠠ ᠪᠡᠶ᠎ᠡ ᠳᠡᠭᠡᠨ ᠠᠪᠴᠤ ᠶᠠᠪᠤᠬᠤ ᠶᠢ ᠴᠠᠭᠠᠵᠠᠯᠠᠬᠤ ᠡᠳ᠋ ᠪᠣᠳᠠᠰ︾ ᠪᠠ ᠳᠥᠷᠪᠡᠳᠦᠭᠡᠷ ᠵᠦᠢᠯ ᠤᠨ ︽ᠨᠣᠴᠣᠮᠠᠲᠠᠭᠠᠢ ᠳᠡᠯᠪᠡᠷᠡᠮᠡᠲᠡᠭᠡᠢ ᠪᠣᠳᠠᠰ︾ ᠤᠨ ᠭᠡᠰᠡᠭ ᠲᠤ ︽ᠰᠫᠢᠷᠲ︾ ᠢ ᠴᠠᠭᠠᠵᠠᠯᠠᠬᠤ ᠭᠠᠷᠴᠠᠭ ᠲᠤ ᠣᠷᠣᠭᠤᠯᠤᠨ᠎ᠠ ᠭᠡᠵᠦ ᠲᠣᠳᠣᠷᠬᠠᠢ ᠲᠣᠭᠲᠠᠭᠠᠵᠠᠢ᠃     ᠠᠶᠠᠨᠴᠢᠳ ᠠᠶᠠᠨ ᠵᠠᠮ ᠳᠠᠭᠠᠨ ᠠᠷᠢᠭᠤᠳᠬᠠᠬᠤ ᠱᠠᠭᠠᠷᠳᠠᠯᠭ᠎ᠠ ᠲᠠᠢ ᠪᠣᠯ ᠠᠷᠢᠭᠤᠳᠬᠠᠬᠤ ᠨᠦᠢᠲᠠᠨ ᠠᠯᠴᠢᠭᠤᠷ᠂ ᠠᠷᠢᠭᠤᠳᠬᠠᠬᠤ ᠬᠥᠪᠥᠩ ᠵᠡᠷᠭᠡ ᠶᠢ ᠬᠡᠷᠡᠭᠯᠡᠵᠦ ᠪᠣᠯᠤᠨ᠎ᠠ᠃ ᠠᠩᠬᠠᠷᠤᠭᠤᠰᠢᠳᠠᠢ ᠨᠢ ᠠᠷᠢᠭᠤᠳᠬᠠᠬᠤ ᠴᠠᠷᠴᠠᠮᠠᠯ ᠴᠠᠪᠠᠤ ᠪᠣᠯ ︽ᠠᠮᠠᠷᠬᠠᠨ ᠰᠢᠲᠠᠬᠤ ᠪᠦᠷᠢᠯᠳᠦᠬᠦᠨ ᠠᠭᠤᠯᠤᠭᠰᠠᠨ ᠥᠪᠡᠰᠦᠪᠡᠨ ᠰᠦᠷᠴᠢᠨ ᠭᠠᠷᠬᠤ ᠳᠠᠷᠤᠯᠲᠠᠲᠤ ᠪᠤᠰᠤ ᠰᠠᠪᠠ ᠳᠤ ᠰᠠᠪᠠᠯᠠᠬᠰᠠᠨ ᠡᠳᠦᠷ ᠲᠤᠲᠤᠮ ᠤᠨ ᠬᠡᠷᠡᠭᠰᠡᠯ︾ ᠪᠤᠯᠬᠤ ᠪᠦᠭᠡᠳ ᠠᠶᠤᠯᠬᠦᠢ ᠶᠢᠨ ᠪᠠᠶᠢᠴᠠᠭᠠᠯᠲᠠ ᠳᠤ ︽ᠪᠡᠶ᠎ᠡ ᠳᠡᠭᠡᠨ ᠠᠪᠴᠤ ᠶᠠᠪᠤᠬᠤ ᠶᠢ ᠬᠢᠵᠠᠭᠠᠷᠯᠠᠬᠤ ᠡᠳ᠋ ᠪᠣᠳᠠᠰ︾ ᠪᠣᠯᠤᠨ᠎ᠠ᠃ ᠡᠶᠢᠮᠦ ᠠᠴᠠ ᠬᠥᠮᠦᠨ ᠪᠦᠷᠢ 1 ᠯᠡ ᠰᠢᠷᠬᠡᠭ ᠠᠪᠴᠤ ᠶᠠᠪᠤᠬᠤ ᠪᠤᠯᠬᠤ ᠮᠥᠷᠲᠡᠭᠡᠨ ᠳᠠᠩ ᠪᠡᠶᠡᠲᠦ ᠶᠢᠨ ᠪᠠᠭᠲᠠᠭᠠᠮᠵᠢ ᠨᠢ 100 ᠮᠢᠯᠢᠯᠢᠳ᠋ᠷ ᠠᠴᠠ ᠬᠡᠲᠦᠷᠡᠵᠦ ᠪᠣᠯᠬᠤ ᠦᠭᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号