| ᠤᠯᠤᠰ ᠤᠨ ᠡᠮ ᠤᠨ ᠵᠦᠢᠯ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠲᠦᠷᠦᠭᠦᠬᠡᠨ ᠵᠠᠷᠯᠠᠯ ᠨᠡᠶᠢᠲᠡᠯᠡᠵᠦ | ᠂ 2022 ᠣᠨ ᠤ ᠤᠯᠤᠰ ᠤᠨ ᠭᠤᠶᠣᠯᠠᠯ ᠤᠨ ᠡᠳ᠋ ᠲᠤ ᠬᠢᠨᠠᠯᠲᠠ ᠲᠠᠯᠪᠢᠵᠤ ᠰᠤᠭᠤᠴᠢᠨ ᠪᠠᠶᠢᠴᠠᠭᠠᠬᠤ ᠠᠵᠢᠯ ᠤᠨ | ᠳᠤᠮᠳᠠ᠂ ᠭᠤᠸᠠᠩᠳᠦ᠋ᠩ ᠮᠤᠵᠢ ᠶᠢᠨ ᠡᠮ ᠤᠨ ᠵᠦᠢᠯ ᠢ ᠰᠢᠯᠭᠠᠨ ᠪᠠᠶᠢᠴᠠᠭᠠᠬᠤ ᠭᠠᠵᠠᠷ ᠵᠡᠷᠭᠡ ᠨᠢᠭᠡᠴᠡ ᠶᠢᠨ | ᠰᠢᠯᠭᠠᠨ ᠪᠠᠶᠢᠴᠠᠭᠠᠯᠲᠠ ᠪᠠᠷ ᠲᠡᠮᠵᠢᠭᠠᠳ᠂ ᠭᠤᠸᠠᠩᠵᠧᠦ ᠬᠤᠲᠠ ᠶᠢᠨ ᠰᠠᠨ ᠷᠦᠩ ᠭᠤᠶᠣᠯᠠᠯ ᠤᠨ ᠡᠳ᠋ ᠤᠨ | ᠬᠢᠵᠠᠭᠠᠷᠲᠤ ᠺᠣᠮᠫᠠᠨᠢ ᠶᠢᠨ ᠦᠢᠯᠡᠳᠪᠦᠷᠢᠯᠡᠭᠰᠡᠨ ᠦᠢᠯᠡᠳᠬᠦᠨ ᠤ ᠱᠣᠰᠢᠭ᠎ᠠ ᠲᠡᠮᠳᠡᠭ ᠨᠢ ᠸᠧᠶᠢᠫᠢᠨ ᠭᠡᠵᠢᠭᠡᠨ ᠪᠤᠳᠤᠭ | ︵ᠺᠤᠹᠧ ᠶᠢᠨ ᠥᠩᠭᠡ︶ ᠭᠡᠳᠡᠭ ᠦᠢᠯᠡᠳᠬᠦᠨ ᠵᠡᠷᠭᠡ 56 ᠪᠦᠯᠦᠭ ᠤᠳᠠᠭ᠎ᠠ ᠶᠢᠨ ᠭᠤᠶᠣᠯᠠᠯ ᠤᠨ ᠡᠳ᠋ ︵ᠶᠠᠭᠤᠣ | ᠪᠠᠭᠲᠠᠨ᠎ᠠ᠂ ᠳᠣᠷᠣᠭᠰᠢ ᠠᠳᠠᠯᠢ︶ ᠪᠠᠷᠢᠮᠵᠢᠶ᠎ᠠ ᠳᠤ ᠨᠡᠶᠢᠴᠡᠬᠦ ᠥᠬᠡᠶ ᠭᠡᠵᠦ ᠢᠯᠡᠷᠬᠡᠶᠢᠯᠡᠵᠡᠶ᠃ | ᠰᠤᠷᠪᠤᠯᠵᠢᠯᠠᠭᠴᠢ ᠶᠢᠨ ᠣᠶᠢᠯᠠᠭᠠᠭᠰᠠᠨ ᠢᠶᠠᠷ᠂ ᠲᠣᠰ ᠤᠳᠠᠭᠠᠨ ᠤ ᠵᠠᠷᠯᠠᠯ ᠳᠤ ᠨᠡᠶᠢᠲᠡᠯᠡᠭᠰᠡᠨ 56 ᠪᠦᠯᠦᠭ | ᠤᠳᠠᠭ᠎ᠠ ᠶᠢᠨ ᠪᠠᠷᠢᠮᠵᠢᠶ᠎ᠠ ᠳᠤ ᠥᠯᠥ ᠨᠡᠶᠢᠴᠡᠬᠦ ᠭᠤᠶᠣᠯᠠᠯ ᠤᠨ ᠡᠳ᠋ ᠤᠨ ᠣᠯᠠᠩᠬᠢ ᠨᠢ ᠭᠡᠵᠢᠭᠡ ᠪᠤᠳᠤᠬᠤ᠂ ᠭᠡᠵᠢᠭᠡ | ᠤᠬᠢᠶᠠᠬᠤ᠂ ᠭᠡᠵᠢᠭᠡ ᠬᠠᠮᠠᠭᠠᠯᠠᠬᠤ᠂ ᠨᠠᠷᠠᠨ ᠳᠤ ᠰᠢᠷᠠᠭᠳᠠᠬᠤ ᠠᠴᠠ ᠰᠡᠷᠭᠡᠶᠢᠯᠡᠬᠦ ᠪᠠ ᠶᠠᠭᠤᠣ ᠶᠢᠨ ᠲᠥᠷᠥᠯ ᠤᠨ | ᠦᠢᠯᠡᠳᠬᠦᠨ ᠪᠣᠯᠤᠨ᠎ᠠ᠂ ᠰᠤᠭᠤᠴᠢᠨ ᠪᠠᠶᠢᠴᠠᠭᠠᠯᠲᠠ ᠳᠤ ᠢᠯᠡᠷᠡᠭᠦᠯᠦᠭᠰᠡᠨ ᠭᠤᠤᠯ ᠠᠰᠠᠭᠤᠳᠠᠯ ᠪᠣᠯ | ᠪᠦᠷᠢᠯᠳᠦᠬᠦᠨ ᠤ ᠬᠠᠷᠢᠴᠠᠯ᠂ ᠪᠠᠺᠲ᠋ᠧᠷᠢ ᠶᠢᠨ ᠪᠥᠭᠡᠮᠨᠡᠷᠡᠯ ᠤᠨ ᠶᠡᠷᠦᠩᠬᠡᠶ ᠲᠤᠭ᠎ᠠ ᠵᠡᠷᠭᠡ ᠨᠢ ᠪᠠᠷᠢᠮᠵᠢᠶ᠎ᠠ ᠳᠤ ᠨᠡᠶᠢᠴᠡᠬᠦ | ᠦᠭᠡᠢ ᠪᠠᠶᠢᠨ᠎ᠠ᠃ ᠡᠭᠦᠨ ᠳᠤ ᠺᠧ ᠰᠧ ᠮᠧᠶ ᠱᠢ ︵ᠳᠤᠮᠳᠠᠳᠤ ᠤᠯᠤᠰ︶ ᠭᠤᠶᠣᠯᠠᠯ ᠤᠨ ᠡᠳ᠋ ᠤᠨ ᠬᠢᠵᠠᠭᠠᠷᠲᠤ | ᠺᠣᠮᠫᠠᠨᠢ ᠶᠢᠨ ᠦᠢᠯᠡᠳᠪᠦᠷᠢᠯᠡᠭᠰᠡᠨ ᠣᠯᠠᠨ ᠦᠢᠯᠡᠳᠦᠯᠳᠦ ᠨᠢᠭᠤᠷ ᠢ ᠴᠠᠶᠢᠷᠠᠭᠤᠯᠬᠤ ᠨᠡᠷᠡᠨ ᠳᠤ ᠰᠢᠷᠠᠭᠳᠠᠬᠤ ᠶᠢ | ᠰᠡᠷᠭᠡᠶᠢᠯᠡᠬᠦ ᠰᠦᠷᠴᠢᠮᠡᠯ ᠭᠡᠳᠡᠭ ᠱᠣᠰᠢᠭ᠎ᠠ ᠲᠡᠮᠳᠡᠭ ᠲᠠᠢ ᠦᠢᠯᠡᠳᠬᠦᠨ ᠢ ᠪᠠᠶᠢᠴᠠᠭᠠᠬᠰᠠᠨ ᠳᠤ ᠪᠦᠷᠢᠯᠳᠦᠬᠦᠨ ᠤ | ᠬᠠᠷᠢᠴᠠᠯ ᠨᠢ ᠪᠠᠷᠢᠮᠵᠢᠶ᠎ᠠ ᠳᠤ ᠨᠡᠶᠢᠴᠡᠬᠦ ᠥᠬᠡᠶ ᠪᠠᠶᠢᠨ᠎ᠠ︔ ᠺᠧ ᠮᠠ ᠭᠤᠶᠣᠯᠠᠯ ᠤᠨ ᠡᠳ᠋ ︵ᠪᠡᠭᠡᠵᠢᠩ︶ ᠤᠨ | ᠬᠢᠵᠠᠭᠠᠷᠲᠤ ᠺᠣᠮᠫᠠᠨᠢ ᠶᠢᠨ ᠦᠢᠯᠡᠳᠪᠦᠷᠢᠯᠡᠭᠰᠡᠨ ᠨᠢᠦ᠋ ᠰᠢ ᡁᠢ ᠮᠢ ᠭᠡᠳᠡᠭ ᠱᠣᠰᠢᠭ᠎ᠠ ᠲᠡᠮᠳᠡᠭ ᠲᠠᠢ ᠡᠳᠦᠷ | ᠲᠤᠲᠤᠮ ᠤᠨ ᠨᠠᠷᠠᠨ ᠳᠤ ᠰᠢᠷᠠᠭᠳᠠᠬᠤ ᠠᠴᠠ ᠰᠡᠷᠭᠡᠶᠢᠯᠡᠬᠦ ᠲᠣᠰᠣ SPF32PA ++ ᠶᠢ ᠪᠠᠶᠢᠴᠠᠭᠠᠬᠰᠠᠨ ᠳᠤ | ᠪᠦᠷᠢᠯᠳᠦᠬᠦᠨ ᠤ ᠬᠠᠷᠢᠴᠠᠯ ᠨᠢ ᠪᠠᠷᠢᠮᠵᠢᠶ᠎ᠠ ᠳᠤ ᠨᠡᠶᠢᠴᠡᠬᠦ ᠥᠬᠡᠶ ᠪᠠᠶᠢᠨ᠎ᠠ︔ ᠵᠠᠩᠵᠸᠦ ᠶᠢᠨ ᠫᠢᠶᠠᠨ ᠽᠠᠢ ᠬᠤᠸᠠᠩ | ᠱᠠᠩᠬᠠᠶ ᠶᠢᠨ ᠵᠢᠶᠠ ᠬᠤᠸᠠ ᠠᠮᠠᠨ ᠬᠥᠨᠳᠡᠶ ᠶᠢᠨ ᠰᠤᠪᠢᠯᠠᠯᠲᠠ ᠶᠢᠨ ᠬᠢᠵᠠᠭᠠᠷᠲᠤ ᠺᠣᠮᠫᠠᠨᠢ ᠶᠢᠨ ᠦᠢᠯᠡᠳᠪᠦᠷᠢᠯᠡᠭᠰᠡᠨ | ᠫᠢᠶᠠᠨ ᠽᠠᠢ ᠬᠤᠸᠠᠩ ᠭᠡᠳᠡᠭ ᠱᠣᠰᠢᠭ᠎ᠠ ᠲᠡᠮᠳᠡᠭ ᠲᠠᠢ ᠬᠠᠷᠰᠢᠮᠠᠲᠠᠭᠠᠶ ᠶᠢ ᠡᠰᠡᠷᠭᠦᠴᠡᠬᠦ ᠲᠤᠰᠬᠠᠶ ᠦᠢᠯᠡᠳᠦᠯ ᠪᠥᠬᠦᠶ | ᠶᠠᠭᠤᠤ ︵ᠱᠤ᠋ ᠼᠦᠢ ᠼᠤᠤ ᠪᠧᠨ︶ ᠶᠢ ᠪᠠᠶᠢᠴᠠᠭᠠᠭᠰᠠᠨ ᠳᠤ ᠪᠠᠺᠲ᠋ᠧᠷᠢ ᠶᠢᠨ ᠪᠥᠭᠡᠮᠨᠡᠷᠡᠯ ᠤᠨ ᠶᠡᠷᠦᠩᠬᠡᠶ ᠲᠤᠭ᠎ᠠ ᠨᠢ | ᠪᠠᠷᠢᠮᠵᠢᠶ᠎ᠠ ᠳᠤ ᠨᠡᠶᠢᠴᠡᠬᠦ ᠥᠬᠡᠶ ᠪᠠᠶᠢᠨ᠎ᠠ ᠭᠡᠵᠦ ᠢᠯᠡᠷᠬᠡᠶᠢᠯᠡᠵᠡᠶ᠃ | |