| | ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠳᠤ ᠱᠤᠩᠬᠤᠷ ᠤᠨ ᠴᠤᠬᠯᠠᠭᠠᠨ᠂ ᠬᠤᠷᠴᠢᠨ ᠤ ᠮᠤᠩᠭᠤᠯ | ᠦᠯᠦᠭᠡᠢ᠂ ᠮᠤᠩᠭᠤᠯ ᠰᠢᠳᠠᠷ᠎ᠠ᠂ ᠮᠤᠷᠢᠨ ᠬᠤᠭᠤᠷ ᠦᠢᠯᠡᠳᠬᠦ ᠤᠷ᠎ᠠ ᠮᠡᠷᠭᠡᠵᠢᠯ᠂ ᠰᠡᠩᠭᠡᠷᠢᠨᠴᠢᠨ ᠸᠠᠩ ᠤᠨ | ᠤᠷᠳᠤᠨ ᠤ ᠡᠷᠳᠡᠨ ᠤ ᠬᠦᠭᠵᠢᠮ᠂ ᠮᠤᠩᠭᠤᠯ ᠦᠨᠳᠦᠰᠦᠳᠡᠨ ᠤ ᠪᠦᠬᠡ᠂ ᠮᠤᠩᠭᠤᠯ ᠵᠢᠷᠤᠭ᠎ᠠ ᠮᠤᠷᠢ ᠶᠢ ᠳᠠᠰᠬᠠᠨ | ᠰᠤᠷᠭᠠᠬᠤ ᠤᠷ᠎ᠠ ᠮᠡᠷᠭᠡᠵᠢᠯ᠂ ᠴᠠᠭᠠᠨ ᠢᠳᠡᠭᠡᠨ ᠦᠢᠯᠡᠳᠴᠦ ᠪᠤᠯᠪᠠᠰᠤᠷᠠᠭᠤᠯᠬᠤ ᠤᠷ᠎ᠠ ᠮᠡᠷᠭᠡᠵᠢᠯ ᠂ ᠦ᠋ ᠦᠳᠡᠩ | ᠪᠠᠶᠢᠭᠠᠭᠠᠯᠢᠭ ᠪᠦᠯᠦᠭ ᠤᠨ ᠨᠢᠢᠮᠠᠨ ᠬᠦᠯᠢᠯ ᠤᠨ ᠨᠢᠳᠤᠷᠭᠠᠨ ᠡᠷᠳᠡᠮ ᠵᠡᠷᠭᠡ ᠠᠷᠪᠠᠨ ᠲᠤᠯᠤᠭᠠᠨ ᠲᠦᠷᠦᠯ ᠤᠨ | ᠬᠤᠳᠠ ᠶᠢᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠲᠦᠷᠦᠯ ᠵᠦᠢᠯ ᠪᠠᠶᠢᠵᠦ᠂ ᠠᠭᠤᠯᠭ᠎ᠠ ᠨᠢ | ᠤᠯᠠᠮᠵᠢᠯᠠᠯᠳᠤ ᠵᠠᠩ ᠦᠢᠯᠡ᠂ ᠠᠮᠢᠳᠤᠷᠠᠯ ᠤᠨ ᠬᠡᠷᠡᠭᠰᠡᠯ᠂ ᠵᠤᠭ᠎ᠠ ᠴᠡᠩᠭᠡᠯ ᠤᠨ ᠲᠤᠨᠤᠭ ᠲᠦᠬᠦᠭᠡᠷᠦᠮᠵᠢ᠂ | ᠪᠡᠶ᠎ᠡ ᠶᠢᠨ ᠲᠠᠮᠢᠷ ᠤᠨ ᠬᠦᠳᠡᠯᠭᠡᠭᠡᠨ ᠪᠠ ᠢᠳᠡᠭᠡᠨ ᠦᠢᠯᠡᠳᠬᠦ ᠵᠡᠷᠭᠡ ᠤᠯᠠᠨ ᠲᠠᠯ᠎ᠠ ᠶᠢ ᠬᠠᠮᠤᠷᠴᠠᠢ᠃ ᠡᠲᠡᠭᠡᠷ | ᠪᠣᠳᠠᠰ ᠤᠨ ᠪᠤᠰᠤ ᠰᠣᠶᠣᠯ ᠤᠨ ᠦᠨᠡᠲᠦ ᠡᠷᠳᠡᠨᠢ ᠨᠢ ᠬᠤᠷᠴᠢᠨ ᠤ ᠠᠷᠠᠳ ᠲᠦᠮᠡᠨ ᠤ ᠠᠮᠢᠳᠤᠷᠠᠯ ᠤᠨ ᠠᠷᠭ᠎ᠠ | ᠮᠠᠶ᠋ᠢᠭ ᠪᠠ ᠥᠷᠲᠡᠭ ᠤᠨ ᠦᠵᠡᠯᠲᠡ ᠶᠢ ᠳᠡᠯᠭᠡᠨ ᠦᠵᠡᠭᠦᠯᠵᠦ ᠪᠠᠶᠢᠭ᠎ᠠ ᠪᠥᠭᠡᠳ ᠪᠠᠰᠠ ᠴᠤ ᠳᠤᠮᠳᠠᠳᠤ ᠶᠢᠨ | ᠦᠨᠳᠦᠰᠦᠲᠡᠨ ᠤ ᠡᠷᠬᠢᠮ ᠨᠠᠨᠳᠢᠨ ᠣᠶᠤᠨ ᠰᠠᠨᠠᠭᠠᠨ ᠤ ᠥᠪ ᠬᠥᠷᠥᠩᠭᠡ ᠪᠤᠯᠬᠤ ᠶᠤᠮ ᠃ | ᠮᠣᠷᠢᠨ ᠬᠤᠭᠤᠷ ᠦᠢᠯᠡᠳᠬᠦ ᠮᠡᠷᠭᠡᠵᠢᠯ | ᠮᠣᠷᠢᠨ ᠬᠤᠭᠤᠷ ᠪᠣᠯ ᠮᠤᠩᠭᠤᠯ ᠦᠨᠳᠦᠰᠦᠲᠡᠨ ᠤ ᠲᠥᠯᠥᠭᠡᠯᠡᠬᠦ ᠴᠢᠨᠠᠷᠲᠠᠢ ᠬᠥᠭᠵᠢᠮ ᠤᠨ ᠪᠠᠭᠠᠵᠢ ᠶᠢᠨ ᠨᠢᠭᠡ ᠂ | ᠮᠤᠩᠭᠤᠯ ᠦᠨᠳᠦᠰᠦᠲᠡᠨ ᠨᠢ ᠮᠤᠷᠢᠨ ᠨᠢᠷᠤᠭᠤᠨ ᠲᠡᠭᠡᠷᠡᠬᠢ ᠦᠨᠳᠦᠰᠦᠳᠡᠨ ᠭᠡᠵᠥ ᠠᠯᠳᠠᠷᠰᠢᠨ᠂ ᠮᠤᠷᠢ ᠨᠢ | ᠬᠥᠮᠦᠰ ᠤᠨ ᠦᠢᠯᠡᠳᠪᠦᠷᠢᠯᠡᠯ ᠠᠮᠢᠳᠤᠷᠠᠯ ᠲᠠᠢ ᠨᠢᠭᠲᠠ ᠬᠤᠯᠪᠣᠭ᠎ᠠ ᠲᠠᠢ ᠪᠣᠯᠬᠤᠷ ᠮᠣᠷᠢᠨ ᠤ ᠳᠦᠷᠢ ᠲᠥᠷᠬᠦ ᠨᠢ | ᠬᠦᠮᠦᠰ ᠤᠨ ᠰᠡᠳᠬᠢᠯ ᠳᠤ ᠬᠦᠨ ᠰᠠᠭᠤᠬᠳᠠᠭᠰᠠᠨ ᠢᠶᠠᠷ ᠲᠡᠳᠡ ᠪᠠᠰᠠ ᠮᠣᠷᠢᠨ ᠤ ᠲᠣᠯᠣᠭᠠᠢ ᠶᠢ ᠪᠡᠶ᠎ᠡ ᠳᠡᠭᠡᠨ | ᠠᠪᠴᠦ ᠶᠠᠪᠤᠳᠠᠭ ᠡᠳ᠋ ᠪᠤᠳᠠᠰ ᠤᠨ ᠲᠡᠭᠡᠷ᠎ᠡ ᠪᠠᠨ ᠰᠡᠢᠯᠵᠦ᠂ ᠮᠤᠩᠭᠤᠯ ᠬᠤᠭᠤᠷ ᠨᠢ ᠬᠦᠭᠵᠢᠮ ᠤᠨ ᠪᠠᠭᠠᠵᠢ ᠶᠢᠨ | ᠡᠰᠢ ᠳᠤ ᠰᠡᠶᠢᠯᠦᠭᠳᠡᠭᠰᠡᠨ ᠠᠴᠠ ᠮᠤᠷᠢᠨ ᠬᠤᠭᠤᠷ ᠭᠡᠰᠡᠨ ᠨᠡᠷᠡᠶᠢᠳᠦᠯ ᠢ ᠤᠯᠪᠠ᠃ | | | | | | | ᠮᠣᠷᠢᠨ ᠬᠤᠭᠤᠷ ᠨᠢ ᠬᠦᠭᠵᠢᠮ ᠤᠨ ᠬᠠᠶᠢᠷᠴᠠᠭ᠂ ᠤᠷᠤᠢ᠂ ᠡᠰᠢ᠂ ᠲᠡᠩᠭᠡᠯᠢᠭ᠂ ᠲᠡᠮᠳᠡᠭ᠂ ᠤᠳᠠᠰᠦ᠂ | ᠨᠤᠮᠤ ᠵᠡᠷᠭᠡ ᠬᠡᠰᠡᠭ ᠢᠶᠠᠷ ᠪᠦᠷᠢᠯᠳᠦᠵᠡᠶ᠃ ᠮᠣᠷᠢᠨ ᠬᠤᠭᠤᠷ ᠦᠢᠯᠡᠳᠬᠦ ᠤᠷ᠎ᠠ ᠮᠡᠷᠭᠡᠵᠢᠯ ᠨᠢ ᠣᠯᠠᠨ ᠦᠶ᠎ᠡ ᠶᠢᠨ | ᠮᠣᠩᠭᠤᠯ ᠬᠤᠭᠤᠷ ᠦᠢᠯᠡᠳᠦᠭᠴᠢ᠂ ᠬᠡᠷᠡᠭᠯᠡᠭᠴᠢ ᠶᠢᠨ ᠭᠤᠸ᠎ᠠ ᠰᠠᠶᠢᠬᠠᠨ ᠤ ᠤᠬᠠᠮᠰᠠᠷ ᠢ ᠨᠢᠭᠲᠠᠷᠠᠭᠤᠯᠵᠤ᠂ | ᠮᠠᠲ᠋ᠧᠷᠢᠶᠠᠯ ᠠᠴᠠ ᠳᠦᠷᠰᠦ ᠪᠦᠲᠦᠭᠡᠯᠲᠡ ᠬᠦᠷᠲᠡᠯ᠎ᠡ᠂ ᠬᠡ ᠵᠢᠷᠤᠭ ᠠᠴᠠ ᠠᠪᠢᠶ᠎ᠠ ᠶᠢᠨ ᠥᠩᠭᠡ ᠬᠦᠷᠲᠡᠯ᠎ᠡ ᠡᠯᠪᠡᠭ | ᠪᠠᠶᠠᠯᠢᠭ ᠰᠣᠶᠣᠯ ᠤᠨ ᠠᠭᠤᠯᠤᠭᠳᠠᠬᠤᠨ ᠲᠠᠢ ᠪᠠᠶᠢᠵᠤ᠂ ᠲᠠᠯ᠎ᠠ ᠨᠤᠲᠤᠭ ᠤᠨ ᠰᠣᠶᠣᠯ ᠤᠨ ᠪᠡᠯᠭᠡ ᠲᠡᠮᠳᠡᠭ ᠪᠤᠯᠵᠥ᠂ | ᠣᠷᠣᠯᠠᠭᠤᠯᠵᠤ ᠪᠣᠯᠤᠰᠢ ᠦᠭᠡᠢ ᠲᠡᠦᠬᠡ ᠰᠣᠶᠣᠯ ᠤᠨ ᠦᠨ᠎ᠡ ᠥᠷᠲᠡᠭ ᠲᠠᠢ ᠶᠤᠮ᠃ | | 2019 ᠣᠨ ᠳᠤ ᠮᠣᠷᠢᠨ ᠬᠤᠭᠤᠷ ᠦᠢᠯᠡᠳᠬᠦ ᠤᠷ᠎ᠠ ᠮᠡᠷᠭᠡᠵᠢᠯ ᠢ ᠨᠢ ᠵᠢᠷᠭᠤᠳᠤᠭᠠᠷ ᠪᠦᠯᠦᠭ ᠲᠦᠩᠯᠢᠶᠣᠣ | ᠬᠤᠲᠠ ᠶᠢᠨ ᠳᠡᠰ ᠤᠨ ᠪᠣᠳᠠᠰ ᠤᠨ ᠪᠤᠰᠤ ᠰᠣᠶᠣᠯ ᠤᠨ ᠥᠪ ᠤᠨ ᠬᠠᠮᠠᠭᠠᠯᠠᠯᠲᠠ ᠶᠢᠨ ᠨᠡᠷᠡᠰ ᠤᠨ ᠵᠢᠭᠰᠠᠭᠠᠯᠲᠠ ᠳᠤ | ᠤᠷᠤᠪᠠ ᠃ | | ᠢᠷᠡᠯᠲᠡ᠄ ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠤ ᠰᠣᠶᠣᠯ ᠵᠢᠭᠤᠯᠴᠢᠯᠠᠯ ᠤᠨ ᠲᠣᠪᠴᠢᠶ᠎ᠠ |