| | ᠬᠤᠷᠴᠢᠨ ᠤ ᠵᠡᠬᠦᠨ ᠭᠠᠷᠤᠨ ᠬᠤᠶᠢᠳᠤ ᠬᠤᠰᠢᠭᠤᠨ ᠳᠤ ᠱᠤᠩᠬᠤᠷ ᠤᠨ ᠴᠤᠬᠯᠠᠭᠠᠨ᠂ ᠬᠤᠷᠴᠢᠨ ᠤ ᠮᠤᠩᠭᠤᠯ | ᠦᠯᠦᠭᠡᠢ᠂ ᠮᠤᠩᠭᠤᠯ ᠰᠢᠳᠠᠷ᠎ᠠ᠂ ᠮᠤᠷᠢᠨ ᠬᠤᠭᠤᠷ ᠦᠢᠯᠡᠳᠬᠦ ᠤᠷ᠎ᠠ ᠮᠡᠷᠭᠡᠵᠢᠯ᠂ ᠰᠡᠩᠭᠡᠷᠢᠨᠴᠢᠨ ᠸᠠᠩ ᠤᠨ | ᠤᠷᠳᠤᠨ ᠤ ᠡᠷᠳᠡᠨ ᠤ ᠬᠦᠭᠵᠢᠮ᠂ ᠮᠤᠩᠭᠤᠯ ᠦᠨᠳᠦᠰᠦᠳᠡᠨ ᠤ ᠪᠦᠬᠡ᠂ ᠮᠤᠩᠭᠤᠯ ᠵᠢᠷᠤᠭ᠎ᠠ ᠮᠤᠷᠢ ᠶᠢ ᠳᠠᠰᠬᠠᠨ | ᠰᠤᠷᠭᠠᠬᠤ ᠤᠷ᠎ᠠ ᠮᠡᠷᠭᠡᠵᠢᠯ᠂ ᠴᠠᠭᠠᠨ ᠢᠳᠡᠭᠡᠨ ᠦᠢᠯᠡᠳᠴᠦ ᠪᠤᠯᠪᠠᠰᠤᠷᠠᠭᠤᠯᠬᠤ ᠤᠷ᠎ᠠ ᠮᠡᠷᠭᠡᠵᠢᠯ ᠂ ᠦ᠋ ᠦᠳᠡᠩ | ᠪᠠᠶᠢᠭᠠᠭᠠᠯᠢᠭ ᠪᠦᠯᠦᠭ ᠤᠨ ᠨᠢᠢᠮᠠᠨ ᠬᠦᠯᠢᠯ ᠤᠨ ᠨᠢᠳᠤᠷᠭᠠᠨ ᠡᠷᠳᠡᠮ ᠵᠡᠷᠭᠡ ᠠᠷᠪᠠᠨ ᠲᠤᠯᠤᠭᠠᠨ ᠲᠦᠷᠦᠯ ᠤᠨ | ᠬᠤᠳᠠ ᠶᠢᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠲᠦᠷᠦᠯ ᠵᠦᠢᠯ ᠪᠠᠶᠢᠵᠦ᠂ ᠠᠭᠤᠯᠭ᠎ᠠ ᠨᠢ | ᠤᠯᠠᠮᠵᠢᠯᠠᠯᠳᠤ ᠵᠠᠩ ᠦᠢᠯᠡ᠂ ᠠᠮᠢᠳᠤᠷᠠᠯ ᠤᠨ ᠬᠡᠷᠡᠭᠰᠡᠯ᠂ ᠵᠤᠭ᠎ᠠ ᠴᠡᠩᠭᠡᠯ ᠤᠨ ᠲᠤᠨᠤᠭ ᠲᠦᠬᠦᠭᠡᠷᠦᠮᠵᠢ᠂ | ᠪᠡᠶ᠎ᠡ ᠶᠢᠨ ᠲᠠᠮᠢᠷ ᠤᠨ ᠬᠦᠳᠡᠯᠭᠡᠭᠡᠨ ᠪᠠ ᠢᠳᠡᠭᠡᠨ ᠦᠢᠯᠡᠳᠬᠦ ᠵᠡᠷᠭᠡ ᠤᠯᠠᠨ ᠲᠠᠯ᠎ᠠ ᠶᠢ ᠬᠠᠮᠤᠷᠴᠠᠢ᠃ ᠡᠲᠡᠭᠡᠷ | ᠪᠣᠳᠠᠰ ᠤᠨ ᠪᠤᠰᠤ ᠰᠣᠶᠣᠯ ᠤᠨ ᠦᠨᠡᠲᠦ ᠡᠷᠳᠡᠨᠢ ᠨᠢ ᠬᠤᠷᠴᠢᠨ ᠤ ᠠᠷᠠᠳ ᠲᠦᠮᠡᠨ ᠤ ᠠᠮᠢᠳᠤᠷᠠᠯ ᠤᠨ ᠠᠷᠭ᠎ᠠ | ᠮᠠᠶ᠋ᠢᠭ ᠪᠠ ᠥᠷᠲᠡᠭ ᠤᠨ ᠦᠵᠡᠯᠲᠡ ᠶᠢ ᠳᠡᠯᠭᠡᠨ ᠦᠵᠡᠭᠦᠯᠵᠦ ᠪᠠᠶᠢᠭ᠎ᠠ ᠪᠥᠭᠡᠳ ᠪᠠᠰᠠ ᠴᠤ ᠳᠤᠮᠳᠠᠳᠤ ᠶᠢᠨ | ᠦᠨᠳᠦᠰᠦᠲᠡᠨ ᠤ ᠡᠷᠬᠢᠮ ᠨᠠᠨᠳᠢᠨ ᠣᠶᠤᠨ ᠰᠠᠨᠠᠭᠠᠨ ᠤ ᠥᠪ ᠬᠥᠷᠥᠩᠭᠡ ᠪᠤᠯᠬᠤ ᠶᠤᠮ ᠃ | | ᠮᠣᠩᠭᠤᠯ ᠰᠢᠲᠠᠷ᠎ᠠ | ᠮᠣᠩᠭᠤᠯ ᠰᠢᠲᠠᠷ᠎ᠠ ᠪᠣᠯ ᠮᠣᠩᠭᠤᠯ ᠣᠷᠣᠨ ᠳᠤ ᠲᠠᠷᠬᠠᠵᠤ ᠪᠠᠶᠢᠭ᠎ᠠ ᠨᠢᠭᠡᠨ ᠵᠦᠢᠯ ᠤᠨ ᠲᠣᠭᠯᠠᠭᠠᠮ ᠮᠥᠨ᠃ | ᠪᠠᠷᠤᠭ 13 ᠳ᠋ᠤᠭᠠᠷ ᠵᠠᠭᠤᠨ ᠠᠴᠠ ᠡᠬᠢᠯᠡᠨ ᠮᠣᠩᠭᠤᠯ ᠤᠨ ᠲᠠᠯ᠎ᠠ ᠨᠤᠲᠤᠭ ᠲᠤ ᠤᠯᠠᠮᠵᠢᠯᠠᠭᠳᠠᠵᠤ᠂ ᠮᠣᠷᠢᠨ | ᠨᠢᠷᠤᠭᠤᠨ ᠳᠡᠭᠡᠷᠡᠬᠢ ᠦᠨᠳᠦᠰᠦᠲᠡᠨ ᠤ ᠣᠶᠤᠨ ᠤᠬᠠᠭᠠᠨ᠂ ᠰᠣᠶᠣᠯ ᠢ ᠠᠭᠤᠰᠬᠠᠨ ᠣᠷᠣᠭᠤᠯᠤᠭᠰᠠᠨ ᠪᠠᠶᠢᠨ᠎ᠠ᠃ | | | | | | ᠣᠳᠣ ᠦᠶ᠎ᠡ ᠶᠢᠨ ᠮᠣᠩᠭᠤᠯ ᠰᠢᠲᠠᠷ᠎ᠠ ᠶᠢᠨ ᠬᠦᠯᠭᠡ ᠨᠢ ᠲᠡᠭᠰᠢ ᠳᠥᠷᠪᠡᠯᠵᠢᠨ ᠪᠠᠶᠢᠵᠤ᠂ ᠮᠣᠩᠭᠤᠯ | ᠦᠨᠳᠦᠰᠦᠲᠡᠨ ᠤ ᠪᠠᠭ᠋ᠠᠷᠬᠠᠳᠠᠭ ᠰᠦᠨ ᠴᠠᠭᠠᠨ ᠪᠠ ᠴᠡᠩᠬᠡᠷ ᠬᠥᠬᠡ ᠬᠤᠶᠠᠷ ᠵᠦᠢᠯ ᠤᠨ ᠥᠩᠭᠡ ᠢᠯᠭᠠᠷᠠᠭᠰᠠᠨ 64 | ᠪᠠᠭ᠎ᠠ ᠳᠥᠷᠪᠡᠯᠵᠢᠨ ᠢᠶᠠᠷ ᠪᠦᠷᠢᠯᠳᠦᠵᠦ᠂ ᠪᠠᠰᠠ ᠦᠨᠳᠦᠰᠦᠲᠡᠨ ᠤ ᠤᠯᠠᠮᠵᠢᠯᠠᠯᠲᠤ ᠵᠢᠷᠤᠭ ᠳᠦᠷᠰᠦ ᠪᠠᠷ ᠴᠢᠮᠡᠭᠯᠡᠪᠡ | ᠃ 32 ᠰᠢᠲᠠᠷ᠎ᠠ ᠨᠢ ᠪᠡᠶᠡᠲᠦ ᠬᠡᠯᠪᠡᠷᠢ ᠳᠦᠷᠰᠦ ᠲᠠᠢ ᠪᠠᠶᠢᠵᠥ᠂ ᠨᠣᠶᠠᠨ ︵ᠸᠠᠩ︶᠂ ᠳᠣᠭᠰᠢᠨ ᠪᠠᠷᠰ ︵ᠡᠷ᠎ᠡ | ᠠᠷᠰᠯᠠᠨ︶᠂ ᠲᠡᠷᠭᠡ᠂ ᠮᠣᠷᠢ᠂ ᠲᠡᠮᠡᠭᠡ ᠪᠠ ᠡᠷ᠎ᠡ ᠬᠥᠮᠦᠨ᠂ ᠲᠠᠯ᠎ᠠ ᠨᠤᠲᠤᠭ ᠤᠨ ᠦᠪᠡᠷᠮᠢᠴᠡᠰᠣᠶᠣᠯ ᠤᠨ | ᠣᠨᠴᠠᠯᠢᠭ ᠲᠠᠢ ᠶᠤᠮ᠃ | | | 2014 ᠣᠨ ᠳᠤ ᠮᠣᠩᠭᠤᠯ ᠰᠢᠳᠠᠷ᠎ᠠ ᠶᠢᠨ ᠳᠥᠷᠪᠡᠳᠦᠭᠡᠷ ᠪᠦᠯᠦᠭ ᠤᠨ ᠲᠦᠩᠯᠢᠶᠣᠣ ᠵᠢᠨᠬᠤᠲᠠ ᠶᠢᠨ | ᠳᠡᠰ ᠤᠨ ᠪᠣᠳᠠᠰ ᠤᠨ ᠪᠤᠰᠤ ᠰᠣᠶᠣᠯ ᠤᠨ ᠥᠪ ᠤᠨ ᠬᠠᠮᠠᠭᠠᠯᠠᠯᠲᠠ ᠶᠢᠨ ᠨᠡᠷᠡᠰ ᠤᠨ ᠵᠢᠭᠰᠠᠭᠠᠯᠲᠠ ᠳᠤ ᠣᠷᠣᠵᠠᠢ᠃ | | ᠢᠷᠡᠯᠲᠡ᠄ ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠤ ᠰᠣᠶᠣᠯ ᠵᠢᠭᠤᠯᠴᠢᠯᠠᠯ ᠤᠨ ᠲᠣᠪᠴᠢᠶ᠎ᠠ |