ᠡᠷᠡᠭᠦᠯ ᠮᠡᠨᠳᠦ ᠳᠤ ᠬᠠᠮᠤᠭ ᠲᠤᠰᠠᠲᠠᠢ ᠬᠦᠳᠡᠯᠭᠡᠭᠡᠨ | ᠨᠡᠶᠢᠲᠡᠯᠡᠭᠰᠡᠨ ᠴᠠᠭ᠄ 2023/2/14 | ᠡᠷᠡᠭᠦᠯ ᠮᠡᠨᠳᠦ ᠪᠠᠨ ᠠᠩᠬᠠᠷᠬᠤ ᠨᠢ ᠲᠠ ᠪᠢᠳᠡᠨ ᠤ ᠭᠡᠷ ᠪᠦᠯᠢ ᠪᠠ ᠨᠡᠶᠢᠬᠡᠮ ᠨᠡᠶᠢᠲᠡ ᠴᠢᠨᠠᠭᠰᠢᠯᠠᠪᠠᠯ | ᠦᠨᠳᠦᠰᠦᠳᠡᠨ ᠣᠭᠰᠠᠭᠠᠳᠠᠨ ᠳᠠᠭᠠᠨ ᠦᠵᠡᠬᠦᠯᠵᠦ ᠪᠠᠶᠢᠭ᠎ᠠ ᠨᠢᠭᠡᠨ ᠬᠤᠪᠢ ᠨᠡᠮᠡᠷᠢ ᠪᠣᠯᠬᠤ ᠶᠤᠮ᠃ | ᠠᠯᠬᠤᠬᠤ ᠥᠶ᠎ᠡ ᠳᠤ ᠵᠢᠷᠦᠬᠡᠨ ᠤ ᠪᠣᠯᠴᠢᠩ᠂ ᠬᠥᠯ ᠤᠨ ᠪᠣᠯᠴᠢᠩ᠂ ᠴᠡᠭᠡᠵᠢᠨ ᠤ ᠬᠡᠩᠬᠦᠳᠡᠩ ᠤᠨ | ᠪᠣᠯᠴᠢᠩ ᠤᠳ ᠤᠨ ᠬᠦᠳᠡᠯᠭᠡᠭᠡᠨ ᠨᠢ ᠵᠣᠭᠰᠣᠩᠭᠤᠢ ᠪᠠᠶᠢᠬᠤ ᠥᠶ᠎ᠡ ᠠᠴᠠ ᠪᠠᠨ ᠴᠢᠩᠭᠠᠷᠠᠬᠤ ᠪᠣᠯᠬᠤᠷ ᠴᠢᠰᠤᠨ ᠤ | ᠡᠷᠬᠢᠯᠲᠡ ᠲᠦᠷᠬᠡᠰᠴᠦ᠂ ᠴᠢᠰᠣᠨ ᠰᠣᠳᠠᠯ ᠤᠨ ᠪᠠᠭᠳᠠᠭᠠᠮᠵᠢ ᠶᠡᠬᠡᠳᠬᠦ ᠪᠦᠭᠡᠳ ᠠᠭᠤᠰᠬᠢᠨ ᠤ ᠪᠠᠭᠳᠠᠭᠠᠮᠵᠢ ᠨᠢ | ᠨᠡᠮᠡᠭᠳᠡᠵᠦ᠂ ᠠᠮᠢᠰᠬᠤᠯ ᠣᠳᠠᠭᠠᠨ ᠮᠦᠷᠲᠡᠭᠡᠨ ᠬᠦᠴᠦᠳᠡᠢ ᠪᠣᠯᠵᠤ ᠬᠤᠪᠢᠷᠠᠳᠠᠭ ᠶᠤᠮ᠃ ᠠᠯᠬᠤᠬᠤ ᠪᠣᠯ ᠪᠡᠶ᠎ᠡ ᠶᠢᠨ | ᠵᠢᠩ ᠢ ᠪᠠᠭᠤᠷᠠᠭᠤᠯᠬᠤ ᠦᠢᠯᠡᠳᠦᠯ ᠲᠠᠢ ᠪᠣᠯᠬᠤᠷ ᠮᠠᠷᠢᠶ᠎ᠠ ᠰᠢᠭᠤᠷᠠᠭᠤᠯᠬᠤ ᠳᠤ ᠠᠰᠢᠭᠳᠠᠢ ᠶᠤᠮ᠃ ᠲᠡᠷᠡᠴᠢᠯᠡᠨ | ᠨᠠᠰᠤ ᠠᠬᠢᠭᠰᠠᠳ ᠵᠢᠷᠦᠬᠡᠨ ᠤ ᠪᠣᠯᠴᠢᠩ ᠤᠨ ᠠᠭᠰᠢᠯᠲᠠ ᠰᠣᠯᠠᠷᠠᠬᠤ ᠡᠷᠬᠡᠳᠡᠨ ᠮᠠᠬᠠᠪᠣᠳ ᠤᠨ ᠴᠢᠨᠠᠷᠳᠠᠢ | ᠵᠢᠷᠦᠬᠡᠨ ᠤ ᠡᠪᠡᠳᠴᠢᠨ᠂ ᠴᠢᠰᠣᠨ ᠳᠠᠷᠣᠯᠲᠠ ᠦᠨᠳᠦᠷ ᠵᠡᠷᠭᠡ ᠡᠪᠡᠳᠴᠢᠨ ᠳᠤ ᠨᠡᠷᠪᠡᠭᠳᠡᠭᠰᠡᠳ ᠠᠯᠬᠤᠬᠤ ᠶᠢ ᠨᠢᠭᠡ | ᠵᠦᠢᠯ ᠤᠨ ᠡᠮᠴᠢᠯᠡᠭᠡ ᠶᠢᠨ ᠠᠷᠭ᠎ᠠ ᠪᠣᠯᠭᠠᠨ ᠬᠡᠷᠡᠭᠯᠡᠵᠦ ᠪᠣᠯᠬᠤ ᠶᠤᠮ᠃ ᠭᠡᠬᠦ ᠳᠡᠭᠡᠨ ᠡᠷᠬᠡᠪᠰᠢ ᠣᠷᠳᠣ | ᠬᠤᠭᠤᠴᠠᠭ᠎ᠠ ᠪᠠᠷ ᠪᠠᠷᠢᠮᠳᠠᠯᠠᠬᠤ ᠬᠡᠷᠡᠭᠳᠡᠢ᠃ | ᠭᠠᠷ ᠢᠶᠠᠨ ᠬᠠᠯᠠᠭᠤᠨ ᠣᠷᠬᠢᠲᠠᠯ᠎ᠠ ᠱᠦᠷᠬᠦᠬᠡᠪᠡᠯ ᠵᠢᠷᠦᠬᠡᠨ ᠳᠤ ᠰᠠᠶᠢᠨ᠃ | ᠬᠥᠯ ᠢᠶᠠᠨ ᠬᠠᠯᠠᠭᠤᠨ ᠣᠷᠬᠢᠲᠠᠯ᠎ᠠ ᠱᠥᠷᠭᠦᠭᠡᠪᠡᠯ ᠣᠨᠳᠠᠬᠤ ᠳᠤ ᠰᠠᠶᠢᠨ᠃ ᠰᠠᠶᠢᠨ ᠰᠣᠨᠢᠶᠠᠪᠠᠯ ᠴᠡᠭᠡᠵᠢ | ᠲᠡᠯᠡᠭᠳᠡᠬᠦ ᠬᠦᠳᠡᠯᠭᠡᠭᠡᠨ ᠠᠴᠠ ᠨᠢᠭᠡ ᠪᠦᠯᠦᠭ ᠬᠦᠴᠢᠯᠳᠦ᠋ᠷᠦᠭᠴᠢ ᠶᠢ ᠰᠣᠷᠣᠵᠣ ᠣᠷᠣᠭᠤᠯᠬᠤ ᠪᠣᠯᠬᠤᠷ ᠪᠡᠶ᠎ᠡ ᠶᠢᠨ | ᠰᠢᠨ᠎ᠡ ᠬᠠᠭᠤᠴᠢᠨ ᠤ ᠰᠣᠯᠢᠯᠴᠠᠭ᠎ᠠ ᠶᠢ ᠰᠠᠶᠢᠵᠢᠷᠠᠭᠤᠯᠵᠣ᠂ ᠶᠡᠭᠡ ᠲᠠᠷᠢᠬᠢ ᠪᠣᠯᠣᠨ ᠪᠣᠰᠣᠳ ᠡᠷᠬᠡᠳᠡᠨ ᠤ | ᠴᠢᠳᠠᠪᠣᠷᠢ ᠶᠢ ᠳᠡᠭᠡᠭᠰᠢᠯᠡᠬᠦᠯᠵᠦ ᠲᠠᠶᠢᠪᠣᠰᠢᠷᠠᠭᠤᠯᠲᠠᠭ᠃ | ᠠᠭᠠᠵᠢᠮ ᠬᠦᠶᠦᠬᠦ ᠬᠦᠳᠡᠯᠭᠡᠭᠡᠨ ᠨᠢ ᠠᠮᠢᠰᠬᠤᠯ ᠤᠨ ᠰᠢᠰᠲ᠋ᠧᠮ ᠤᠨ ᠠᠵᠢᠯᠯᠠᠭ᠎ᠠ ᠶᠢ ᠰᠠᠶᠢᠵᠢᠷᠠᠭᠤᠯᠬᠤ ᠪᠠ | ᠲᠢᠳᠢᠮᠯᠢᠭ ᠯᠣᠭᠰᠢᠭᠤᠨ ᠰᠣᠳᠠᠯ ᠤᠨ ᠡᠷᠭᠢᠯᠲᠡ ᠶᠢᠨ ᠠᠵᠢᠯᠯᠠᠭ᠎ᠠ ᠶᠢ ᠴᠢᠩᠭᠠᠳᠬᠠᠬᠤ ᠶᠢᠨ ᠬᠠᠮᠳᠣ ᠵᠢᠷᠦᠬᠡᠨ ᠤ | ᠪᠣᠯᠴᠢᠩ ᠤᠨ ᠴᠢᠰᠣᠨ ᠤ ᠬᠠᠩᠭᠠᠯᠲᠠ ᠶᠢ ᠰᠠᠶᠢᠵᠢᠷᠠᠭᠤᠯᠵᠣ᠂ ᠵᠢᠷᠦᠬᠡ ᠪᠠᠵᠠᠯᠠᠨ ᠡᠪᠡᠳᠬᠦ ᠶᠢ ᠰᠡᠷᠬᠡᠶᠢᠯᠡᠵᠦ | ᠴᠢᠳᠠᠳᠠᠭ᠂ ᠣᠷᠳᠣ ᠬᠤᠭᠤᠴᠠᠭ᠎ᠠ ᠪᠠᠷ ᠠᠭᠠᠵᠢᠮ ᠬᠦᠶᠦᠬᠦ ᠶᠢ ᠪᠠᠷᠢᠮᠳᠠᠯᠠᠪᠠᠯ ᠲᠥᠪ ᠮᠡᠳᠡᠷᠡᠯ ᠤᠨ ᠰᠢᠰᠲ᠋ᠧᠮ ᠤᠨ | ᠠᠵᠢᠯᠯᠠᠭ᠎ᠠ ᠴᠤ ᠪᠣᠯᠪᠠᠰᠣᠷᠠᠵᠣ ᠴᠢᠳᠠᠬᠤ ᠪᠦᠬᠡᠳ ᠲᠣᠳᠣᠭᠠᠳᠣ ᠱᠦᠬᠦᠷᠡᠯ᠂ ᠪᠣᠳᠠᠰ ᠤᠨ ᠰᠣᠯᠢᠯᠴᠠᠭ᠎ᠠ ᠵᠡᠷᠭᠡ | ᠰᠢᠰᠲ᠋ᠧᠮ ᠤᠨ ᠠᠵᠢᠯᠯᠠᠭ᠎ᠠ ᠶᠢ ᠴᠤ ᠰᠠᠶᠢᠵᠢᠷᠠᠭᠤᠯᠬᠤ ᠶᠤᠮ᠃ ᠬᠦᠳᠡᠯᠭᠡᠭᠡᠨ ᠪᠣᠯ ᠠᠮᠢ ᠨᠠᠰᠣᠨ ᠤ ᠠᠮᠢᠵᠢᠷᠠᠯ ᠤᠨ | ᠬᠦᠴᠦ ᠶᠢ ᠴᠢᠩᠭᠠᠳᠬᠠᠳᠠᠭ ᠶᠤᠮ᠃ ᠬᠦᠳᠡᠯᠭᠡᠭᠡᠨ ᠤ ᠳᠤᠮᠲᠠ ᠬᠦᠮᠦᠨ ᠤ ᠪᠡᠶ᠎ᠡ ᠶᠢᠨ ᠡᠯ᠎ᠡ ᠡᠷᠬᠡᠳᠡᠨ᠂ ᠡᠯ᠎ᠡ | ᠬᠡᠰᠡᠭ ᠨᠢ ᠴᠦᠮ ᠪᠣᠯᠪᠠᠰᠣᠷᠠᠭᠳᠠᠬᠤ ᠪᠣᠯᠬᠤᠷ ᠬᠦᠮᠦᠨ ᠤ ᠪᠡᠶ᠎ᠡ ᠶᠢᠨ ᠡᠯ᠎ᠡ ᠵᠦᠢᠯ ᠤᠨ ᠡᠪᠡᠳᠴᠢᠨ ᠡᠮᠬᠡᠭ ᠢ | ᠡᠰᠡᠷᠭᠦᠴᠡᠬᠦ ᠴᠢᠳᠠᠪᠣᠷᠢ ᠶᠢ ᠳᠡᠭᠡᠭᠰᠢᠯᠡᠬᠦᠯᠵᠦ ᠴᠢᠨᠠᠭᠰᠢᠯᠠᠪᠠᠯ ᠪᠡᠶ᠎ᠡ ᠮᠠᠬᠠᠪᠣᠳ ᠤᠨ ᠬᠠᠪᠣᠳᠠᠷ ᠢ ᠡᠰᠡᠷᠭᠦᠴᠡᠬᠦ | ᠴᠢᠳᠠᠪᠣᠷᠢ ᠶᠢ ᠴᠤ ᠳᠡᠭᠡᠭᠰᠢᠯᠡᠬᠦᠯᠬᠦ ᠶᠣᠮᠰᠠᠨ᠃ ᠬᠦᠳᠡᠯᠭᠡᠭᠡᠨ ᠪᠣᠯ ᠨᠢᠭᠡ ᠵᠦᠢᠯ ᠤᠨ ᠣᠨᠴᠠᠭᠠᠢ ᠭᠠᠶᠢᠬᠠᠮᠰᠢᠭᠳᠣ ᠡᠮ | ᠶᠤᠮ᠃ ᠡᠶᠢᠮᠦ ᠠᠴᠠ ᠵᠠᠯᠠᠭᠤᠴᠣᠳ ᠡᠳᠦᠷ ᠲᠤ ᠲᠦᠮᠡ ᠠᠴᠠ ᠳᠡᠭᠡᠭᠰᠢ ᠠᠯᠬᠤᠬᠤ ᠶᠢ ᠪᠠᠷᠢᠮᠳᠠᠯᠠᠵᠣ᠂ | ᠨᠠᠰᠣᠳᠠᠶᠢᠴᠣᠳ ᠲᠠᠪᠣᠨ ᠮᠢᠩᠭᠠᠨ ᠠᠯᠬᠤᠮ ᠠᠴᠠ ᠳᠡᠭᠡᠭᠰᠢ ᠠᠯᠬᠤᠯᠠᠪᠠᠯ ᠲᠤᠩ ᠰᠠᠶᠢᠨ᠃ ᠲᠠ ᠣᠷᠳᠣ ᠨᠠᠰᠣᠯᠠᠵᠣ | ᠣᠳᠠᠭᠠᠨ ᠵᠢᠷᠭᠠᠶ᠎ᠠ ᠭᠡᠪᠡᠯ ᠥᠪᠡᠷ ᠤᠨ ᠪᠡᠶ᠎ᠡ ᠶᠢᠨ ᠪᠠᠶᠢᠳᠠᠯ ᠣᠨᠴᠠᠯᠢᠭ ᠲᠠᠭᠠᠨ ᠲᠣᠬᠢᠷᠠᠭᠰᠠᠨ ᠬᠦᠳᠡᠯᠭᠡᠭᠡᠨ ᠬᠢᠬᠦ ᠪᠠᠨ | ᠪᠠᠷᠢᠮᠳᠠᠯᠠᠭᠠᠷᠠᠢ᠃ | ᠢᠨᠢᠶᠡᠳᠦ ᠪᠣᠯ ᠬᠦᠮᠦᠰ ᠤᠨ ᠪᠠᠶᠠᠷᠳᠠᠢ ᠴᠢᠷᠠᠢ ᠳᠤ ᠲᠣᠳᠣ ᠠᠴᠠ ᠲᠣᠳᠣ ᠬᠡᠷᠡᠯᠳᠦᠬᠦ ᠨᠠᠷᠠ ᠶᠤᠮ᠃ ᠡᠨᠡ ᠬᠦ | ᠵᠢᠷᠭᠠᠯ ᠤᠨ ᠨᠠᠷᠠ᠂ ᠬᠦᠮᠦᠨ ᠤ ᠬᠦᠷᠵᠡᠶᠢᠵᠦ ᠪᠠᠷᠦ᠋ᠢᠭ᠌ᠰᠠᠨ ᠴᠢᠷᠠᠢ ᠠᠴᠠ ᠣᠶᠢᠳᠬᠠᠷ ᠭᠤᠨᠢᠭ ᠤᠨ ᠬᠦᠢᠳᠡᠨ ᠡᠪᠣᠯ ᠢ | ᠬᠦᠭᠡᠭᠡᠵᠥ᠂ ᠷᠢᠳᠢ ᠰᠢᠳᠢ ᠶᠢᠨ ᠴᠡᠴᠡᠭ ᠠᠯᠠᠭᠯᠠᠭᠰᠠᠨ ᠪᠠᠶᠠᠷ ᠬᠦᠷ ᠲᠠᠢ ᠬᠠᠯᠠᠭᠤᠨ ᠵᠣᠨ ᠢ ᠲᠠᠭᠠᠭᠤᠯᠣᠨ ᠢᠷᠡᠵᠦ | ᠪᠠᠶᠠᠷᠬᠠᠨᠠ᠃ | ᠪᠡᠶ᠎ᠡ ᠶᠢᠨ ᠪᠦᠬᠦ ᠬᠦᠳᠡᠯᠭᠡᠭᠡᠨ ᠤ ᠲᠣᠳᠣᠷ᠎ᠠ ᠠᠴᠠ ᠢᠨᠢᠶᠡᠬᠦ ᠨᠢ ᠬᠠᠮᠤᠭ ᠤᠨ ᠡᠷᠡᠬᠦᠯ ᠬᠦᠳᠡᠯᠭᠡᠭᠡᠨ ᠪᠠᠶᠢᠳᠠᠭ᠃ | ᠢᠨᠢᠶᠡᠳᠦ ᠨᠢ ᠬᠤᠭᠤᠯᠠ ᠪᠣᠯᠪᠠᠰᠣᠷᠠᠭᠤᠯᠣᠯᠲᠠ᠂ ᠴᠢᠰᠤᠨ ᠤ ᠡᠷᠬᠢᠯᠲᠡ ᠳᠤ ᠮᠠᠰᠢ ᠰᠠᠶᠢᠨ ᠨᠦᠯᠦᠭᠡ ᠦᠵᠡᠬᠦᠯᠵᠦ᠂ | ᠪᠦᠬᠦ ᠡᠷᠬᠡᠳᠡᠨ ᠳᠤ ᠬᠡᠢ ᠠᠮᠢᠳᠣᠷᠠᠭᠤᠯᠣᠭᠴᠢ ᠬᠦᠴᠦ ᠶᠢ ᠰᠡᠷᠭᠦᠭᠡᠳᠡᠭ᠃ ᠠᠩᠭᠠᠮᠠᠯ ᠬᠦᠷᠦᠰᠦ ᠣᠰᠤ ᠪᠠᠷ | ᠳᠣᠳᠠᠭᠳᠠᠬᠤ ᠶᠢᠨ ᠠᠳᠠᠯᠢ᠂ ᠢᠨᠢᠶᠡᠳᠡᠭ ᠦᠬᠡᠢ ᠬᠦᠮᠦᠨ ᠦᠷᠬᠦᠯᠵᠢ ᠪᠠᠶᠠᠷ ᠬᠦᠷ ᠢᠶᠠᠷ ᠳᠣᠲᠠᠨᠠ᠃ ᠦᠨᠡᠨ | ᠰᠡᠳᠬᠢᠯ ᠠᠴᠠ ᠪᠠᠨ ᠢᠨᠢᠶᠡᠭᠰᠡᠨ ᠢᠨᠢᠶᠡᠳᠦ ᠡᠵᠡᠨ ᠳᠡᠭᠡᠨ ᠴᠤ᠂ ᠰᠣᠨᠣᠰᠴᠣ ᠪᠠᠶᠢᠭ᠎ᠠ ᠬᠦᠮᠦᠨ ᠳᠤ ᠴᠤ ᠡᠷᠴᠢ | ᠬᠦᠴᠦ᠂ ᠪᠠᠶᠠᠷ ᠪᠠᠶᠠᠰᠣᠯ ᠢ ᠲᠠᠪᠬᠤᠷ ᠪᠡᠯᠡᠭᠯᠡᠨ᠎ᠡ᠃ | ᠢᠨᠢᠶᠡᠳᠦ ᠨᠢ ᠠᠯᠢᠪᠠ ᠬᠦᠮᠦᠨ ᠤ ᠰᠡᠳᠬᠢᠯ ᠤᠨ ᠬᠦᠴᠦ ᠶᠢ ᠨᠦᠬᠦᠨ ᠰᠡᠯᠪᠢᠵᠦ ᠪᠠᠶᠢᠳᠠᠭ ᠰᠢᠷᠬᠢᠰᠢ ᠦᠬᠡᠢ | ᠣᠨᠳᠣᠷᠣᠮᠠᠯ ᠪᠤᠯᠠᠭ᠃ ᠳᠣᠲᠣᠨᠣ᠂ ᠴᠣᠭᠯᠢᠭ ᠢᠨᠢᠶᠡᠳᠦ ᠪᠠᠷ ᠢᠨᠢᠶᠡᠬᠦ ᠨᠢ ᠭᠠᠭᠴᠠ ᠬᠦ ᠬᠦᠨᠵᠡᠭᠡᠢ ᠰᠠᠶᠢᠨ | ᠰᠡᠳᠬᠢᠯ ᠤᠨ ᠢᠯᠡᠷᠡᠯ᠃ ᠵᠢᠩᠬᠢᠨᠢ ᠪᠠᠶᠠᠰᠣᠩᠭᠤᠢ ᠬᠦᠭᠵᠢᠯᠳᠡᠢ ᠬᠦᠮᠦᠨ ᠡᠪᠡᠳᠬᠦ ᠨᠢ ᠬᠤᠪᠣᠷ᠂ ᠡᠪᠡᠳᠪᠡᠯ ᠲᠥᠷᠭᠡᠨ | ᠢᠯᠡᠷᠢᠰᠢᠵᠦ᠂ ᠵᠣᠪᠠᠯᠠᠩ ᠵᠦᠳᠡᠭᠦᠷᠢ ᠪᠠᠭ᠎ᠠ ᠲᠠᠢ ᠣᠷᠳᠣ ᠨᠠᠰᠣᠯᠠᠳᠠᠭ ᠨᠢ ᠠᠮᠢᠳᠣᠷᠠᠯ ᠢᠶᠠᠷ ᠨᠣᠳᠠᠯᠠᠭᠳᠠᠭᠰᠠᠨ | ᠪᠣᠳᠠᠳᠣ ᠦᠭᠡ ᠦᠨᠡᠨ ᠶᠤᠮ᠃ ᠬᠦᠮᠦᠨ ᠦᠷᠬᠦᠯᠵᠢ ᠪᠠᠶᠠᠷ ᠪᠠᠶᠠᠰᠬᠤᠯᠠᠩ ᠲᠠᠢ᠂ ᠢᠨᠢᠶᠡᠳᠦ ᠬᠦᠷ ᠢᠶᠠᠷ ᠪᠢᠯᠬᠠᠵᠣ | ᠶᠠᠪᠣᠬᠤ ᠶᠣᠰᠣᠳᠠᠢ᠃ ᠢᠨᠢᠶᠡᠪᠡᠯ ᠵᠠᠯᠠᠭᠤᠵᠢᠨ᠎ᠠ᠂ ᠢᠨᠢᠶᠡᠪᠡᠯ ᠡᠷᠡᠭᠦᠯᠵᠢᠨᠡ᠂ ᠢᠨᠢᠶᠡᠪᠡᠯ ᠴᠢᠬᠢᠷᠠᠭᠵᠢᠨᠠ᠃ | ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ | | |