| ᠨᠡᠶᠢᠲᠡᠯᠡᠭᠰᠡᠨ ᠴᠠᠭ᠄ 2023/2/20 | ᠪᠤᠳᠠᠭ᠎ᠠ ᠶᠢ ᠵᠠᠵᠢᠯᠤᠭᠠᠳ ᠯᠡ ᠪᠠᠶᠢᠪᠠᠯ ᠮᠠᠰᠢ ᠠᠮᠲᠠᠲᠠᠢ ᠰᠠᠨᠠᠭᠳᠠᠬᠤ ᠶᠤᠮ᠃ ᠡᠨᠡ ᠪᠣᠯ ᠪᠤᠳᠠᠭᠠᠨ | ᠮᠥᠬᠦᠯᠢᠭ ᠲᠠᠬᠢ ᠴᠠᠷᠳᠠᠭᠤᠯ ᠰᠢᠯᠦᠰᠦᠨ ᠤ ᠦᠢᠯᠡᠳᠦᠯ ᠢᠶᠠᠷ ᠪᠤᠭᠤᠳᠠᠢ ᠶᠢᠨ ᠰᠢᠬᠢᠷ ᠪᠣᠯᠵᠤ ᠬᠤᠪᠢᠷᠠᠭᠰᠠᠨ ᠤ | ᠤᠴᠢᠷ ᠶᠤᠮ᠃ ᠰᠢᠬᠢᠷ ᠢ ︽ᠠᠮᠢ ᠨᠠᠰᠤᠨ ᠤ ᠳᠡᠭᠡᠳᠦ ᠵᠡᠷᠭᠡ ᠶᠢᠨ ᠡᠶ᠎ᠡ ᠨᠠᠶᠢᠷᠲᠤ ᠡᠯᠴᠢ︾ ᠭᠡᠳᠡᠭ᠃ ᠡᠨᠡ ᠨᠢ | ᠭᠤᠣᠯᠳᠠᠭᠤ ᠶᠡᠭᠡ ᠬᠡᠮᠵᠢᠶᠡᠨ ᠤ ᠢᠯᠴᠢ ᠶᠢᠨ ᠡᠨᠧᠷᠭᠢ ᠶᠢ ᠭᠠᠷᠭᠠᠵᠤ᠂ ᠬᠥᠮᠥᠨ ᠤ ᠪᠡᠶ᠎ᠡ ᠶᠢᠨ ᠢᠯᠴᠢ ᠶᠢᠨ ᠬᠡᠪ ᠤᠨ | ᠪᠠᠶᠢᠳᠠᠯ ᠢ ᠪᠠᠲᠤᠯᠠᠨ᠂ ᠪᠣᠳᠠᠰ ᠤᠨ ᠰᠣᠯᠢᠯᠴᠠᠭ᠎ᠠ ᠶᠢ ᠠᠬᠢᠭᠤᠯᠵᠤ ᠴᠢᠳᠠᠳᠠᠭ ᠠᠴᠠ ᠪᠣᠯᠤᠭᠰᠠᠨ ᠶᠤᠮ᠃ | ᠰᠢᠬᠢᠷ ᠪᠠᠰᠠ ᠡᠰ ᠢ ᠪᠦᠷᠢᠯᠳᠦᠭᠦᠯᠬᠦ ᠳᠤ ᠳᠤᠲᠠᠭᠳᠠᠰᠢ ᠦᠭᠡᠢ ᠬᠦᠴᠦᠨ ᠵᠦᠢᠯ ᠪᠣᠯᠣᠨ᠎ᠠ᠃ ᠬᠥᠮᠥᠨ ᠤ | ᠶᠡᠷᠦᠳᠡ ᠶᠢᠨ ᠢᠳᠡᠳᠡᠭ ᠪᠤᠭᠤᠳᠠᠢ᠂ ᠲᠤᠲᠤᠷᠭ᠎ᠠ᠂ ᠪᠤᠷᠴᠠᠭ᠂ ᠯᠤᠤᠪᠠᠩ ᠵᠡᠷᠭᠡ ᠳᠤ ᠴᠠᠷᠳᠠᠭᠤᠯ ᠡᠯᠪᠡᠭ | ᠠᠭᠤᠯᠤᠭᠳᠠᠵᠤ᠂ ᠡᠨᠡ ᠨᠢ ᠰᠢᠩᠭᠡᠭᠡᠯᠲᠡ ᠶᠢ ᠲᠡᠮᠵᠢᠵᠤ᠂ ᠬᠤᠳᠣᠭᠤᠳᠤ ᠭᠡᠳᠡᠰᠦᠨ ᠳᠤ ᠦᠵᠦᠮ ᠤᠨ ᠰᠢᠬᠢᠷ ᠪᠣᠯᠵᠤ | ᠬᠤᠪᠢᠷᠠᠭᠠᠳ ᠬᠥᠮᠥᠨ ᠤ ᠪᠡᠶ᠎ᠡ ᠳᠤ ᠠᠰᠢᠭᠯᠠᠭᠳᠠᠳᠠᠭ᠃ ᠭᠡᠪᠡᠴᠦ ᠨᠢᠰᠢᠩᠭᠦ ᠶᠢᠨ ᠰᠢᠬᠢᠷ᠂ ᠵᠢᠮᠢᠰ ᠤᠨ ᠰᠢᠬᠢᠷ ᠪᠠ | ᠦᠵᠦᠮ ᠤᠨ ᠰᠢᠬᠢᠷ ᠢ ᠦᠷᠭᠦᠯᠵᠢ ᠢᠳᠡᠬᠦ ᠨᠢ ᠪᠡᠶ᠎ᠡ ᠳᠤ ᠠᠰᠢᠭ ᠦᠭᠡᠢ ᠶᠤᠮ᠃ ᠡᠳᠡᠭᠡᠷ ᠰᠢᠬᠢᠷ ᠢ ᠬᠡᠲᠦᠷᠡᠲᠡᠯ᠎ᠡ | ᠢᠳᠡᠪᠡᠯ ᠬᠥᠮᠥᠨ ᠤ ᠪᠡᠶ᠎ᠡ ᠳᠠᠬᠢ ᠥᠭᠡᠬᠦ ᠨᠡᠮᠡᠭᠳᠡᠵᠦ ᠮᠠᠷᠢᠶᠠᠯᠠᠭᠠᠳ ᠴᠢᠰᠤᠨ ᠳᠠᠷᠤᠯᠲᠠ ᠳᠡᠭᠡᠭᠰᠢᠯᠡᠬᠦ ᠪᠤᠶᠤ | ᠵᠢᠷᠦᠬᠡᠨ ᠤ ᠡᠪᠡᠳᠴᠢᠨ ᠡᠭᠦᠰᠬᠡᠳᠡᠭ᠃ ᠰᠢᠬᠢᠷ ᠢ ᠬᠡᠲᠦᠷᠡᠲᠡᠯ᠎ᠡ ᠢᠳᠡᠪᠡᠯ ᠪᠠᠰᠠ ᠡᠪᠡᠳᠴᠢᠨ ᠤ ᠬᠤᠣᠷ ᠢ | ᠡᠰᠡᠷᠭᠦᠴᠡᠨ ᠰᠡᠷᠭᠡᠶᠢᠯᠡᠬᠦ ᠴᠢᠳᠠᠪᠤᠷᠢ ᠶᠢ ᠪᠠᠭᠤᠷᠠᠭᠤᠯᠵᠤ ᠡᠪᠡᠳᠴᠢᠨ ᠡᠮᠭᠡᠭ ᠲᠤ ᠠᠮᠠᠷᠬᠠᠨ ᠨᠡᠷᠪᠡᠭᠳᠡᠭᠦᠯᠳᠡᠭ᠃ | ᠬᠡᠦᠬᠡᠳ ᠰᠢᠬᠢᠷ ᠦᠷᠭᠦᠯᠵᠢ ᠢᠳᠡᠬᠦ ᠪᠤᠶᠤ ᠬᠡᠲᠦᠷᠡᠲᠡᠯ᠎ᠡ ᠢᠳᠡᠪᠡᠯ ᠪᠠᠰᠠ ᠰᠢᠳᠦ ᠬᠤᠷᠣᠬᠠᠶᠢᠲᠤᠨ ᠡᠪᠡᠳᠭᠦ | ᠪᠣᠯᠣᠨ᠎ᠠ᠃ | ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ |