| | 1. ᠵᠢᠭᠠᠰᠤᠨ ᠤ ᠴᠤᠤᠬ᠎ᠠ ᠣᠯᠠᠩᠬᠢ ᠦᠶ᠎ᠡ ᠳᠤ᠂ ᠪᠢᠳᠡ ᠵᠢᠭᠠᠰᠤ ᠬᠤᠳᠠᠯᠳᠤᠨ ᠠᠪᠬᠤ ᠳᠤ ᠵᠢᠭᠠᠰᠤ ᠶᠢ | ᠠᠷᠢᠯᠭᠠᠴᠢᠬᠰᠠᠨ ᠮᠦᠷᠳᠡᠭᠡᠨ ᠴᠤᠤᠬ᠎ᠠ ᠶᠢ ᠨᠢ ᠠᠪᠴᠤ ᠬᠠᠶᠠᠬᠰᠠᠨ ᠪᠠᠶᠢᠳᠠᠭ᠂ ᠭᠡᠳᠡᠯ᠎ᠡ ᠤᠭᠤᠷᠠᠭ ᠤᠨ | ᠠᠭᠤᠯᠤᠭᠳᠠᠴᠠ ᠠᠴᠠ ᠠᠪᠴᠤ ᠬᠡᠯᠡᠪᠡᠯ᠂ ᠵᠢᠭᠠᠰᠤᠨ ᠤ ᠴᠤᠤᠬ᠎ᠠ ᠶᠢᠨ ᠳᠣᠲᠣᠷᠠᠬᠢ ᠤᠭᠤᠷᠠᠭ ᠤᠨ | ᠠᠭᠤᠯᠤᠭᠳᠠᠴᠠ ᠨᠢ ᠨᠡᠯᠢᠶᠡᠳ ᠥᠨᠳᠥᠷ᠂ 76% — 79 % ᠶᠢᠨ ᠬᠤᠭᠤᠷᠣᠨᠳᠣ ᠪᠠᠶᠢᠳᠠᠭ᠂ ᠬᠡᠪᠡᠴᠦ | ᠥᠭᠡᠬᠦᠨ ᠤ ᠠᠭᠤᠯᠤᠭᠳᠠᠴᠠ ᠨᠢ ᠨᠡᠯᠢᠶᠡᠳ ᠳᠤᠤᠷ᠎ᠠ᠂ ᠰᠥᠰᠥᠨ ᠤ ᠭᠤᠨᠠᠨ ᠠᠯᠺᠣᠣᠯ ᠤᠨ ᠠᠭᠤᠯᠤᠭᠳᠠᠴᠠ ᠨᠢ ᠴᠦ | ᠥᠨᠳᠥᠷ ᠪᠢᠰᠢ ᠪᠠᠶᠢᠳᠠᠭ ᠪᠦᠭᠡᠳ ᠮᠢᠬᠠᠨ ᠤ ᠴᠢᠨᠠᠷ ᠨᠢ ᠨᠡᠯᠢᠶᠡᠳ ᠵᠦᠭᠡᠷ ᠬᠡᠰᠡᠭ ᠪᠣᠯᠤᠨ᠎ᠠ᠃ | 2. ᠵᠢᠭᠠᠰᠤᠨ ᠤ ᠲᠣᠯᠣᠭᠠᠢ ᠵᠢᠭᠠᠰᠤᠨ ᠤ ᠲᠣᠯᠣᠭᠠᠶ ᠶᠢᠨ ᠰᠢᠮ᠎ᠡ ᠲᠡᠵᠢᠭᠡᠯ ᠨᠢ ᠨᠡᠯᠢᠶᠡᠳ ᠥᠨᠳᠥᠷ᠂ | ᠤᠭᠤᠷᠠᠭ᠂ ᠺᠠᠯᠼ᠂ ᠹᠣᠰᠹᠣᠷ᠂ ᠲᠡᠮᠦᠷ᠂ ᠸᠢᠲ᠋ᠠᠮᠢᠨ B1 ᠵᠡᠷᠭᠡ ᠣᠯᠠᠨ ᠵᠦᠢᠯ ᠤᠨ ᠰᠢᠮ᠎ᠡ ᠲᠡᠵᠢᠭᠡᠯ ᠤᠨ | ᠡᠯᠧᠮᠧᠨ᠋ᠲ ᠠᠭᠤᠯᠵᠤ ᠪᠠᠶᠢᠳᠠᠭ᠃ ᠪᠢᠳᠡᠨ ᠤ ᠦᠷᠭᠦᠯᠵᠢ ᠢᠳᠡᠳᠡᠭ ᠶᠠᠷᠮ᠎ᠠ ᠵᠢᠭᠠᠰᠤᠨ ᠤ ᠲᠣᠯᠣᠭᠠᠶ ︵ᠲᠠᠷᠭᠤᠨ | ᠲᠣᠯᠣᠭᠠᠶᠢᠲᠤ ᠵᠢᠭᠠᠰᠤ︶ ᠪᠠᠷ ᠵᠢᠱᠢᠶᠡᠯᠡᠬᠦ ᠳᠤ᠂ ᠲᠡᠭᠦᠨ ᠤ ᠲᠣᠯᠣᠭᠠᠶ ᠶᠢᠨ ᠤᠭᠤᠷᠠᠭ ᠤᠨ ᠠᠭᠤᠯᠤᠭᠳᠠᠴᠠ ᠨᠢ 18. | 32 % ᠲᠤ ᠬᠦᠷᠴᠦ ᠪᠠᠶᠢᠬᠤ ᠪᠦᠭᠡᠳ ᠡᠭᠦᠨ ᠠᠴᠠ ᠭᠠᠳᠠᠨ᠎ᠠ ᠲᠣᠯᠣᠭᠠᠶ ᠳᠤᠨᠢ ᠪᠠᠰᠠ ᠬᠠᠨᠤᠮᠠᠯ ᠪᠤᠰᠤ ᠥᠭᠡᠬᠦᠨ | ᠬᠦᠴᠢᠯ᠂ ᠹᠣᠰᠹᠣᠷᠲᠤ ᠥᠭᠡᠬᠦᠨ ᠤ ᠲᠥᠷᠥᠯ ᠤᠨ ᠪᠣᠳᠠᠰ ᠡᠯᠪᠡᠭ ᠠᠭᠤᠯᠵᠤ ᠪᠠᠶᠢᠳᠠᠭ᠂ ᠡᠨᠡ ᠨᠢ ᠨᠢᠯᠬ᠎ᠠ | ᠬᠡᠦᠬᠡᠳ ᠤᠨ ᠶᠡᠭᠡ ᠲᠠᠷᠢᠬᠢᠨ ᠤ ᠪᠤᠶᠢᠵᠢᠯᠲᠠ ᠳᠤ ᠠᠰᠢᠭᠲᠠᠶ ᠪᠦᠭᠡᠳ ᠠᠯᠽᠧᠶᠢᠮᠧᠷ ᠡᠪᠡᠳᠴᠢᠨ ᠢ | ᠰᠠᠶᠢᠵᠢᠷᠠᠭᠤᠯᠬᠤ ᠳᠤ ᠲᠤᠰᠠᠯᠠᠳᠠᠭ᠃ ᠠᠩᠬᠠᠷᠤᠭᠤᠰᠢᠳᠠᠢ ᠨᠢ᠄ ᠵᠢᠭᠠᠰᠤᠨ ᠤ ᠲᠣᠯᠣᠭᠠᠶ ᠶᠢᠨ ᠰᠥᠰᠥᠨ ᠤ ᠭᠤᠨᠠᠨ | ᠠᠯᠺᠣᠣᠯ ᠤᠨ ᠠᠭᠤᠯᠤᠭᠳᠠᠴᠠ ᠨᠡᠯᠢᠶᠡᠳ ᠥᠨᠳᠥᠷ ᠪᠣᠯᠬᠤᠷ ᠢᠳᠡᠬᠦ ᠬᠡᠮᠵᠢᠶ᠎ᠡ ᠪᠠᠨ ᠬᠢᠵᠠᠭᠠᠷᠯᠠᠬᠤ ᠬᠡᠷᠡᠭᠲᠡᠶ᠃ | 3. ᠵᠢᠭᠠᠰᠤᠨ ᠤ ᠠᠷᠠᠰᠤ ᠤᠭᠤᠷᠠᠭ ᠤᠨ ᠠᠭᠤᠯᠤᠭᠳᠠᠴᠠ ᠨᠢ ᠨᠡᠯᠢᠶᠡᠳ ᠡᠯᠪᠡᠭ ᠪᠠᠶᠢᠵᠤ᠂ 30% ᠣᠷᠴᠢᠮ | ᠬᠦᠷᠴᠦ ᠪᠠᠶᠢᠬᠤ ᠪᠦᠭᠡᠳ ᠪᠠᠰᠠ ᠴᠠᠪᠠᠤᠯᠢᠭ ᠤᠭᠤᠷᠠᠭ ᠡᠯᠪᠡᠭ ᠠᠭᠤᠯᠵᠤ ᠪᠠᠶᠢᠳᠠᠭ᠂ ᠤᠯᠠᠭᠠᠨ ᠲᠤᠯᠪᠠᠭ᠎ᠠ | ᠵᠢᠭᠠᠰᠤ ᠪᠠᠷ ᠵᠢᠱᠢᠶᠡᠯᠡᠬᠦ ᠳᠤ᠂ ᠲᠡᠭᠦᠨ ᠤ ᠬᠠᠯᠢᠰᠤᠨ ᠲᠣᠲᠣᠷᠠᠬᠢ ᠴᠠᠪᠠᠤᠯᠢᠭ ᠤᠭᠤᠷᠠᠭ ᠤᠨ ᠠᠭᠤᠯᠤᠭᠳᠠᠴᠠ ᠨᠢ | 80% ᠠᠴᠠ ᠳᠡᠭᠡᠭᠰᠢ ᠪᠠᠶᠢᠳᠠᠭ᠃ ᠠᠩᠬᠠᠷᠤᠭᠤᠰᠢᠳᠠᠢ ᠨᠢ᠄ ᠵᠢᠭᠠᠰᠤᠨ ᠤ ᠰᠥᠰᠥ ᠶᠢ ᠶᠠᠭᠠᠬᠢᠭᠰᠠᠨ ᠴᠤ ᠢᠳᠡᠵᠦ | ᠪᠤᠯᠬᠤ ᠦᠭᠡᠢ︕ ᠵᠢᠭᠠᠰᠤᠨ ᠤ ᠰᠥᠰᠥᠨ ᠳᠤ ᠶᠡᠭᠡ ᠬᠡᠮᠵᠢᠶᠡᠨ ᠤ ᠰᠥᠰᠥᠨ ᠳᠠᠪᠤᠰᠤ᠂ ᠬᠤᠣᠷᠲᠤ ᠡᠳ᠋ ᠪᠠ | ᠨᠡᠬᠡᠳᠡᠰᠦ ᠶᠢᠨ ᠠᠮᠢᠨ ᠠᠭᠤᠯᠤᠭᠳᠠᠵᠤ ᠪᠠᠶᠢᠳᠠᠭ ᠪᠤᠯᠬᠤᠷ ᠠᠳᠡᠭᠦᠷᠡᠨ ᠢᠳᠡᠪᠡᠯ ᠪᠥᠭᠡᠷ᠎ᠡ ᠶᠢ ᠮᠠᠭᠤᠳᠠᠭᠤᠯᠬᠤ ᠪᠤᠶᠤ | ᠡᠯᠢᠭᠡᠨ ᠡᠪᠡᠳᠴᠢᠨ ᠡᠭᠦᠰᠭᠡᠵᠦ ᠮᠡᠳᠡᠨ᠎ᠡ᠂ ᠴᠢᠨᠠᠬᠰᠢᠯᠠᠪᠠᠯ ᠠᠮᠢ ᠨᠠᠰᠤᠨ ᠤ ᠠᠶᠤᠯ ᠲᠠᠢ ᠶᠤᠮ᠂ ᠡᠶᠢᠮᠦ ᠠᠴᠠ | ᠶᠠᠭᠠᠬᠢᠭᠰᠠᠨ ᠴᠤ ᠢᠳᠡᠵᠦ ᠪᠣᠯᠬᠤ ᠦᠭᠡᠶ︕ ᠭᠠᠷᠠᠭ ᠲᠤ ᠬᠡᠳᠦᠢ ᠵᠢᠭᠠᠰᠤ ᠢᠳᠡᠪᠡᠯ ᠵᠣᠬᠢᠯᠳᠠᠢ ᠪᠤᠢ︖ ︽ | ᠳᠤᠮᠳᠠᠳᠤ ᠤᠯᠤᠰ ᠤᠨ ᠰᠠᠭᠤᠭᠠᠯᠢ ᠠᠷᠠᠳ ᠤᠨ ᠢᠳᠡᠭᠡᠨ ᠤᠮᠳᠠᠭᠠᠨ ᠤ ᠵᠦᠭᠯᠡᠭᠦᠷ ︵2022︶︾ ᠢ | ᠦᠨᠳᠦᠰᠦᠯᠡᠪᠡᠯ᠂ ᠭᠠᠷᠠᠭ ᠲᠤ 2 ᠤᠳᠠᠭ᠎ᠠ ᠵᠢᠭᠠᠰᠤ ᠢᠳᠡᠬᠦ ᠪᠤᠶᠤ 300 ~ 500 ᠭᠷᠠᠮ ᠵᠢᠭᠠᠰᠤ ᠢᠳᠡᠪᠡᠯ | ᠬᠠᠮᠤᠭ ᠰᠠᠶᠢᠨ ᠭᠡᠵᠡᠢ᠃ ᠵᠢᠭᠠᠰᠤᠨ ᠤ ᠮᠢᠬ᠎ᠠ ᠢᠳᠡᠬᠦ ᠪᠠᠨ ᠵᠣᠬᠢᠬᠤ ᠬᠡᠮᠵᠢᠶ᠎ᠡ ᠪᠠᠷ ᠨᠡᠮᠡᠭᠳᠡᠭᠦᠯᠪᠡᠯ ᠪᠠᠰᠠ ᠨᠠᠰᠤᠨ ᠳᠤ | ᠬᠦᠷᠦᠭᠰᠡᠳ ᠤᠨ ᠲᠠᠷᠢᠬᠢᠨ ᠰᠠ ᠳᠤ ᠳᠠᠭᠠᠷᠢᠬᠳᠠᠬᠤ ᠲᠦᠭᠰᠢᠭᠦᠷᠢ ᠶᠢ ᠪᠠᠭᠠᠰᠬᠠᠵᠤ ᠴᠢᠳᠠᠨ᠎ᠠ᠃ ᠵᠢᠭᠠᠰᠤᠨ ᠤ | ᠮᠢᠬ᠎ᠠ ᠶᠢ ᠢᠯᠡᠭᠦᠬᠡᠨ ᠰᠢᠭ ᠢᠳᠡᠪᠡᠯ ᠢᠳᠡᠷ ᠥᠲᠡᠯᠦᠭᠡ ᠨᠠᠰᠤᠨ ᠤ ᠬᠦᠮᠦᠰ ᠤᠨ ᠠᠯᠽᠧᠶᠢᠮᠧᠷ ᠡᠪᠡᠳᠴᠢᠨ ᠵᠢᠴᠢ | ᠲᠠᠨᠢᠨ ᠮᠡᠳᠡᠬᠦᠶ ᠶᠢᠨ ᠴᠢᠳᠠᠮᠵᠢ ᠶᠢᠨ ᠰᠠᠭᠠᠲᠠᠯ ᠤᠨ ᠡᠪᠡᠳᠴᠢᠨ ᠳᠤ ᠨᠡᠷᠪᠡᠭᠳᠡᠬᠦ ᠲᠦᠭᠰᠢᠭᠦᠷᠢ ᠶᠢ ᠪᠠᠭᠤᠷᠠᠭᠤᠯᠵᠤ | ᠴᠢᠳᠠᠨ᠎ᠠ᠃ | ᠡᠨᠡ 3 ᠵᠦᠢᠯ ᠤᠨ ᠵᠢᠭᠠᠰᠤ ᠶᠢ ᠢᠳᠡᠬᠦ ᠦᠭᠡᠶ ᠪᠣᠯ ᠰᠠᠶᠢᠨ | 1. ᠴᠢᠨᠠᠵᠤ ᠪᠤᠯᠭᠤᠬᠰᠠᠨ ᠥᠬᠡᠶ ᠵᠢᠭᠠᠰᠤ | 2. ᠲᠣᠰᠣᠨ ᠳᠤ ᠭᠡᠳᠦ ᠪᠤᠴᠠᠯᠭᠠᠭᠰᠠᠨ ᠵᠢᠭᠠᠰᠤ | 3. ᠳᠠᠪᠤᠰᠤᠯᠠᠭᠰᠠᠨ ᠵᠢᠭᠠᠰᠤ | |