| 4 ᠳ᠋ᠦ᠋ᠭᠡᠷ ᠰᠠᠷ᠎ᠠ ᠶᠢᠨ 23 ᠤ ᠡᠳᠦᠷ ᡁᠢ ᠹᠦ᠋ ᠪᠣᠣ ᠠᠴᠠ ᠰᠤᠷᠪᠤᠯᠵᠢᠯᠠᠭᠴᠢ ᠶᠢᠨ ᠣᠶᠢᠯᠠᠭᠠᠭᠰᠠᠨ ᠢᠶᠠᠷ᠂ | ᠪᠡᠭᠡᠵᠢᠩ ᠤᠨ ᠠᠯᠪᠠᠨ ᠠᠴᠠ ᠡᠷᠭᠢᠯᠡᠭᠰᠡᠨ 200 ᠰᠢᠬᠠᠮ ᠡᠮᠨᠡᠯᠭᠡ ᠶᠢᠨ ᠬᠤᠷᠢᠶ᠎ᠠ ᠳᠤ ᡁᠢ ᠹᠦ᠋ ᠪᠣᠣ ᠶᠢᠨ | ᠤᠷᠢᠳᠴᠢᠯᠠᠨ ᠪᠣᠯᠵᠣᠬᠤ ᠦᠢᠯᠡᠴᠢᠯᠡᠭᠡ ᠶᠢ ᠡᠬᠢᠯᠡᠭᠦᠯᠵᠡᠢ᠃ ᠬᠤᠲᠠ ᠶᠢᠨ ᠠᠷᠠᠳ ᡁᠢ ᠹᠦ᠋ ᠪᠣᠣ ᠶᠢᠨ App ᠶᠢᠨ | ᠡᠬᠢᠨ ᠤ ᠨᠢᠭᠤᠷ ᠲᠠᠬᠢ ︽ᠡᠮᠴᠢᠯᠡᠭᠡ ᠡᠷᠡᠭᠦᠯ ᠮᠡᠨᠳᠦ︾ ᠭᠡᠬᠦ ᠳᠠᠷᠤᠪᠴᠢ ᠶᠢ ᠰᠢᠭᠤᠳ ᠳᠠᠷᠤᠵᠤ ︽ᠳ᠋ᠤᠭᠠᠷᠯᠠᠨ | ᠡᠮᠴᠢᠯᠡᠭᠦᠯᠬᠦ︾ ᠶᠢ ᠰᠣᠩᠭᠤᠪᠠᠯ᠂ ᠪᠥᠬᠦ ᠬᠤᠲᠠ ᠶᠢᠨ 200 ᠰᠢᠬᠠᠮ ᠠᠯᠪᠠᠨ ᠠᠴᠠ ᠡᠷᠭᠢᠯᠡᠭᠰᠡᠨ ᠡᠮᠨᠡᠯᠭᠡ ᠶᠢᠨ | ᠬᠤᠷᠢᠶ᠎ᠠ ᠶᠢᠨ ᠳ᠋ᠤᠭᠠᠷ ᠢ ᠤᠷᠢᠳᠴᠢᠯᠠᠨ ᠪᠣᠯᠵᠤᠵᠤ ᠪᠣᠯᠤᠨ᠎ᠠ᠃ | ᠪᠡᠭᠡᠵᠢᠩ ᠤᠨ ᠰᠢᠶᠧ ᠾᠧ ᠡᠮᠨᠡᠯᠭᠡ ᠶᠢᠨ ᠬᠤᠷᠢᠶ᠎ᠠ᠂ ᠳᠤᠮᠳᠠᠳᠤ ᠤᠯᠤᠰ ᠤᠨ ᠠᠷᠠᠳ ᠤᠨ ᠴᠢᠯᠥᠭᠡᠯᠡᠬᠦ | ᠴᠡᠷᠢᠭ ᠤᠨ ᠶᠡᠷᠦᠩᠬᠡᠶ ᠡᠮᠨᠡᠯᠭᠡ ᠶᠢᠨ ᠬᠤᠷᠢᠶ᠎ᠠ ︵301 ᠡᠮᠨᠡᠯᠭᠡ ᠶᠢᠨ ᠬᠤᠷᠢᠶ᠎ᠠ︶᠂ ᠪᠡᠭᠡᠵᠢᠩ ᠤᠨ ᠬᠡᠦᠬᠡᠳ ᠤᠨ | ᠡᠮᠨᠡᠯᠭᠡ ᠶᠢᠨ ᠬᠤᠷᠢᠶ᠎ᠠ ᠵᠡᠷᠭᠡ ᠤᠯᠤᠰ ᠤᠨ ᠬᠠᠷᠢᠶᠠᠲᠤ ᠪᠠ ᠬᠤᠲᠠ ᠶᠢᠨ ᠬᠠᠷᠢᠶᠠᠲᠤ ᠭᠤᠣᠯᠳᠠᠯᠭ᠎ᠠ ᠲᠠᠢ ᠡᠮᠨᠡᠯᠭᠡ ᠶᠢᠨ | ᠬᠤᠷᠢᠶ᠎ᠠ ᠶᠢᠨ ᠡᠮᠴᠢᠯᠡᠭᠡᠨ ᠤ ᠳ᠋ᠤᠭᠠᠷ ᠢ ᠪᠦᠷ ᠤᠷᠢᠳᠴᠢᠯᠠᠨ ᠪᠣᠯᠵᠤᠵᠤ ᠪᠣᠯᠣᠨ᠎ᠠ᠃ | ᠰᠦᠯᠵᠢᠶᠡᠨ ᠳᠡᠭᠡᠷ᠎ᠡ ᠳ᠋ᠤᠭᠠᠷᠯᠠᠵᠤ ᠤᠷᠢᠳᠴᠢᠯᠠᠨ ᠪᠣᠯᠵᠣᠬᠤ ᠠᠴᠠ ᠭᠠᠳᠠᠨ᠎ᠠ᠂ ᠪᠡᠭᠡᠵᠢᠩ ᠬᠤᠲᠠ ᠶᠢᠨ ᠠᠷᠠᠳ | ᠪᠠᠰᠠ ᡁᠢ ᠹᠦ᠋ ᠪᠣᠣ ᠶᠢᠨ ᠡᠮ ᠡᠮᠨᠡᠯᠭᠡ ᠶᠢᠨ ᠳᠠᠭᠠᠳᠬᠠᠯ ᠤᠨ ᠡᠯᠧᠺᠳ᠋ᠷᠣᠨ ᠭᠡᠷᠡᠴᠢ ᠪᠠᠷᠢᠮᠲᠠ ᠪᠠᠷ ᠪᠡᠭᠡᠵᠢᠩ | ᠬᠤᠲᠠ ᠶᠢᠨ 200 ᠭᠠᠷᠤᠶ ᠡᠮᠨᠡᠯᠭᠡ ᠶᠢᠨ ᠬᠤᠷᠢᠶ᠎ᠠ ᠳᠤ ᠡᠮᠴᠢᠯᠡᠭᠦᠯᠵᠤ᠂ ᠡᠮ ᠤᠨ ᠳᠡᠯᠭᠡᠭᠦᠷ ᠠᠴᠠ ᠡᠮ | ᠬᠤᠳᠠᠯᠳᠤᠨ ᠠᠪᠴᠤ ᠪᠣᠯᠣᠨ᠎ᠠ᠃ ᠭᠠᠳᠠᠷ ᠣᠷᠣᠨ ᠤ ᠡᠪᠡᠳᠴᠢᠲᠡᠨ ᠪᠡᠭᠡᠵᠢᠩ ᠳᠤ ᠢᠷᠡᠵᠦ ᠡᠮᠴᠢᠯᠡᠭᠦᠯᠬᠦ ᠳᠡᠭᠡᠨ | ᠪᠠᠰᠠ ᡁᠢ ᠹᠦ᠋ ᠪᠣᠣ ᠶᠢᠨ ᠣᠨᠳᠣᠣ ᠭᠠᠵᠠᠷ ᠤᠨ ᠡᠮ ᠡᠮᠨᠡᠯᠭᠡ ᠶᠢᠨ ᠲᠠᠭᠠᠳᠬᠠᠯ ᠤᠨ ᠳᠠᠩᠰᠠᠯᠠᠯᠲᠠ ᠬᠢᠬᠦ ᠪᠠ ᠪᠡᠭᠡᠵᠢᠩ | ᠲᠢᠶᠠᠨᠵᠢᠨ ᠡ᠊ᡁᠧᠪᠸᠢ ᠶᠢᠨ ᠡᠪᠡᠳᠴᠢᠨ ᠦᠵᠡᠭᠦᠯᠬᠦ ᠶᠢ ᠨᠢᠭᠡ ᠴᠤᠬᠴᠠᠵᠢᠭᠤᠯᠤᠬᠰᠠᠨ ᠠᠷᠠᠳ ᠲᠤ ᠲᠦᠬᠦᠮ | ᠦᠵᠡᠭᠦᠯᠬᠦ ᠦᠢᠯᠡᠴᠢᠯᠡᠭᠡ ᠶᠢ ᠪᠡᠶᠡᠴᠢᠯᠡᠨ ᠣᠶᠢᠯᠠᠭᠠᠵᠤ ᠪᠣᠯᠤᠨ᠎ᠠ᠃ |