| ᠤᠳᠤ ᠦᠶ᠎ᠡ ᠶᠢᠨ ᠠᠮᠢᠳᠤᠷᠠᠯ ᠨᠢ ᠳᠠᠷᠤᠯᠲᠠ ᠶᠠᠬᠡᠲᠡᠢ ᠪᠠᠶᠢᠳᠠᠭ᠃ ᠠᠵᠢᠯ᠂ ᠭᠡᠷ ᠪᠦᠯᠢ᠂ ᠦᠷ᠎ᠡ ᠬᠡᠦᠬᠡᠳ᠂ | ᠭᠡᠷ ᠪᠠᠶᠢᠰᠢᠩ᠂ ᠲᠡᠷᠭᠡ ᠮᠠᠰᠢᠨ ᠁ ᠭᠡᠳ ᠬᠦᠮᠦᠰ ᠤᠨ ᠪᠡᠶ᠎ᠡ ᠰᠡᠳᠬᠢᠯ ᠢ ᠲᠦᠢᠯ ᠢᠶᠠᠷ ᠵᠦᠳᠡᠭᠡᠵᠤ ᠪᠠᠶᠢᠳᠠᠭ᠃ | ᠵᠣᠬᠢᠬᠤ ᠬᠡᠮᠵᠢᠶᠡᠨ ᠤ ᠳᠠᠷᠤᠯᠲᠠ ᠨᠢ ᠬᠦᠮᠦᠰ ᠤᠨ ᠠᠮᠢᠳᠤᠷᠠᠯ ᠠᠵᠢᠯ ᠦᠢᠯᠡᠰ ᠢ ᠨᠡᠩ ᠢᠯᠡᠭᠦᠦ ᠬᠥᠳᠡᠯᠭᠡᠬᠦ | ᠬᠦᠴᠦᠨ ᠲᠠᠢ ᠪᠣᠯᠭᠠᠵᠤ ᠪᠣᠯᠤᠨ᠎ᠠ᠂ ᠭᠡᠪᠡᠴᠦ ᠳᠠᠷᠤᠯᠲᠠ ᠬᠡᠲᠦᠷᠬᠡᠶ ᠶᠡᠭᠡ ᠪᠣᠯᠪᠠᠯ ᠣᠯᠵᠠ ᠨᠢ ᠭᠠᠷᠤᠵᠠ ᠳᠠᠭᠠᠨ | ᠬᠦᠷᠬᠦ ᠦᠭᠡᠢ ᠪᠣᠯᠤᠨ᠎ᠠ᠃ | ᠨᠠᠢᠮᠠᠨ ᠬᠤᠪᠢ ᠶᠢᠨ ᠡᠪᠡᠳᠴᠢᠨ ᠨᠢ ᠳᠠᠷᠤᠯᠲᠠ ᠠᠴᠠ ᠢᠷᠡᠯᠲᠡ ᠲᠠᠢ᠃ ᠡᠨᠡ ᠪᠣᠯ ᠠᠮᠧᠷᠢᠺᠠ ᠶᠢᠨ ᠰᠡᠳᠬᠢᠯ | ᠵᠦᠢ ᠶᠢᠨ ᠤᠬᠠᠭᠠᠨᠲᠠᠨ 2005 ᠣᠨ ᠳᠤ ᠣᠷᠴᠢᠮ ᠤᠨ 20 ᠵᠢᠯ ᠳᠤ ᠨᠡᠶᠢᠲᠡᠯᠡᠭᠰᠡᠨ ᠰᠤᠳᠤᠯᠭᠠᠨ ᠤ ᠦᠷ᠎ᠡ | ᠪᠦᠲᠦᠭᠡᠯ ᠢ ᠮᠥᠷᠳᠡᠨ ᠪᠠᠶᠢᠴᠠᠭᠠᠭᠰᠠᠨ ᠤ ᠳᠠᠷᠠᠭ᠎ᠠ ᠣᠯᠤᠭᠰᠠᠨ ᠳ᠋ᠦᠩᠨᠡᠯᠲᠡ ᠪᠣᠯᠤᠨ᠎ᠠ᠃ ᠡᠭᠦᠨ ᠠᠴᠠ ᠭᠠᠳᠠᠨ᠎ᠠ᠂ | ᠠᠮᠧᠷᠢᠺᠠ ᠶᠢᠨ ᠳᠠᠷᠤᠯᠲᠠ ᠶᠢᠨ ᠬᠠᠮᠢᠶᠠᠷᠤᠯᠲᠠ ᠶᠢᠨ ᠨᠡᠶᠢᠭᠡᠮᠯᠢᠭ ᠠᠴᠠ ᠪᠠᠰᠠ 75% ~ 90% ᠶᠢᠨ ᠡᠬᠢᠨ ᠤ | ᠬᠤᠭᠤᠴᠠᠭᠠᠨ ᠤ ᠳᠣᠲᠣᠷ ᠰᠠᠯᠠᠭᠠᠨ ᠤ ᠡᠪᠡᠳᠴᠢᠨ ᠪᠣᠯ ᠳᠠᠷᠤᠯᠲᠠ ᠠᠴᠠ ᠪᠣᠯᠤᠭᠰᠠᠨ ᠶᠤᠮ ᠭᠡᠵᠦ ᠵᠢᠭᠠᠵᠤ | ᠭᠠᠷᠭᠠᠵᠠᠶ᠃ | ᠥᠭᠡᠷ᠎ᠡ ᠪᠠᠷ ᠬᠡᠯᠡᠪᠡᠯ᠂ ᠳᠣᠲᠣᠷ ᠰᠠᠯᠠᠭᠠᠨ ᠤ ᠡᠪᠡᠳᠴᠢᠲᠡᠨ ᠤ ᠳᠣᠲᠣᠷᠠᠬᠢ ᠲᠤᠯᠤᠭᠠᠨ ᠬᠤᠪᠢ ᠠᠴᠠ ᠶᠢᠰᠦᠨ | ᠬᠤᠪᠢ ᠨᠢ ᠭᠤᠣᠯᠳᠠᠭᠤ ᠳᠠᠷᠤᠯᠲᠠ ᠠᠴᠠ ᠪᠤᠯᠵᠦ ᠡᠯ᠎ᠡ ᠵᠦᠢᠯ ᠤᠨ ᠪᠡᠶ᠎ᠡ ᠮᠠᠬᠠᠪᠣᠳ ᠤᠨ ᠡᠪᠡᠳᠴᠢᠨ ᠳᠤ | ᠨᠡᠷᠪᠡᠭᠳᠡᠳᠡᠭ ᠪᠠᠶᠢᠨ᠎ᠠ᠃ ᠡᠳᠡᠭᠡᠷ ᠡᠪᠡᠳᠴᠢᠨ ᠤ ᠣᠯᠠᠩᠬᠢ ᠨᠢ ᠳᠠᠷᠤᠯᠲᠠ ᠬᠡᠲᠦᠷᠬᠡᠶ ᠶᠡᠭᠡ ᠲᠠᠢ ᠬᠤᠯᠪᠤᠭ᠎ᠠ ᠲᠠᠢ᠃ | ᠬᠤᠳᠣᠭᠤᠳᠣ ᠡᠪᠡᠳᠬᠦ᠂ ᠬᠤᠳᠣᠭᠤᠳᠣ ᠴᠢᠨᠦᠷᠡᠬᠦ᠂ ᠴᠢᠨᠠᠭᠰᠢᠯᠠᠪᠠᠯ ᠬᠤᠳᠣᠭᠤᠳᠣᠨ ᠤ ᠰᠢᠷᠬᠠᠯᠠᠭ᠎ᠠ᠂ ᠨᠤᠭᠤᠯᠤᠭᠤᠷ | ᠭᠡᠳᠡᠰᠦᠨ ᠤ ᠰᠢᠷᠬᠠᠯᠠᠭ᠎ᠠ ᠵᠡᠷᠭᠡ ᠰᠢᠩᠭᠡᠭᠡᠯᠲᠡ ᠶᠢᠨ ᠰᠢᠰᠲ᠋ᠧᠮ ᠤᠨ ᠡᠪᠡᠳᠴᠢᠨ᠂ ᠲᠡᠷᠢᠬᠢ ᠵᠢᠷᠦᠭᠡᠨ ᠰᠤᠳᠠᠯ ᠤᠨ | ᠡᠪᠡᠳᠴᠢᠨ᠂ ᠬᠦᠬᠦᠨ ᠪᠤᠯᠴᠢᠷᠬᠠᠶ ᠶᠢᠨ ᠡᠪᠡᠳᠴᠢᠨ᠂ ᠰᠢᠬᠢᠷ ᠰᠢᠵᠢᠩ ᠡᠪᠡᠳᠴᠢᠨ᠂ ᠪᠠᠮᠪᠠᠢ ᠪᠤᠯᠴᠢᠷᠬᠠᠶ ᠶᠢᠨ | ᠡᠪᠡᠳᠴᠢᠨ᠂ ᠵᠢᠷᠮᠦᠰᠦᠯᠡᠬᠦ ᠦᠭᠡᠢ ᠡᠪᠡᠳᠴᠢᠨ᠂ ᠬᠤᠣᠷᠲᠤ ᠬᠠᠪᠤᠳᠠᠷ᠂ ᠭᠠᠩᠰᠠᠷᠠᠯ ᠤᠨ ᠭᠡᠮ᠂ ᠶᠠᠰᠤᠨ ᠤ ᠡᠳ᠋ | ᠠᠯᠳᠠᠭᠳᠠᠬᠤ᠂ ᠨᠦᠢᠷ ᠬᠤᠯᠵᠢᠬᠤ ᠵᠡᠷᠭᠡ ᠡᠪᠡᠳᠴᠢᠨ ᠨᠢ ᠪᠠᠷᠤᠭ ᠪᠦᠷ ᠳᠠᠷᠤᠯᠲᠠ ᠠᠴᠠ ᠪᠣᠯᠣᠭᠰᠠᠨ ᠶᠤᠮ ᠪᠠᠶᠢᠨ᠎ᠠ᠃ | ᠰᠤᠳᠤᠯᠭᠠᠨ ᠠᠴᠠ ᠦᠵᠡᠪᠡᠯ᠂ ᠨᠠᠮ ᠲᠣᠭᠲᠠᠭᠤᠨ ᠰᠠᠭᠤᠬᠤ᠂ ᠬᠥᠳᠡᠯᠭᠡᠭᠡᠨ ᠬᠢᠬᠦ᠂ ᠳᠠᠭᠤᠤ ᠬᠥᠭᠵᠢᠮ ᠰᠣᠨᠣᠰᠬᠤ | ᠂ ᠠᠩᠬᠠᠷᠤᠯ ᠢᠶᠠᠨ ᠰᠢᠯᠵᠢᠭᠦᠯᠬᠦ ᠵᠡᠷᠭᠡ ᠨᠢ ᠳᠠᠷᠤᠯᠲᠠ ᠶᠢ ᠪᠠᠭᠠᠰᠬᠠᠬᠤ ᠳᠤ ᠮᠠᠰᠢ ᠲᠤᠰᠠ ᠲᠠᠢ ᠪᠠᠶᠢᠳᠠᠭ᠃ | |