︽ᠰᠦᠮ᠎ᠡ︾ ᠶᠢᠨ ᠨᠡᠷᠡᠶᠢᠲᠤᠯ | | ᠰᠦᠮ᠎ᠡ ᠶᠢ ᠰᠠᠨᠰᠺᠷᠢᠨᠲ ᠢᠶᠠᠷ ᠯᠧᠨᠢᠨ ᠸᠠᠾᠢᠷᠡ ᠭᠡᠲᠡᠭ᠂ ᠯᠠᠮᠠ ᠬᠤᠸᠠᠷᠠᠭ ᠤᠳ ᠤᠨ ᠤᠷᠤᠨ ᠰᠠᠭᠤᠴᠠ | ᠭᠡᠰᠡᠨ ᠤᠳᠬ᠎ᠠ ᠲᠠᠢ᠂ ᠰᠦᠮ᠎ᠡ ᠶᠢ ᠪᠠᠰᠠ ᠬᠡᠶᠢᠳ ᠪᠤᠶᠤ ᠵᠤᠤ ᠭᠡᠲᠡᠭ᠂ ᠵᠤᠤ ᠭᠡᠲᠡᠭ ᠨᠢ ᠲᠦᠪᠡᠳ ᠦᠭᠡ᠂ | ᠱᠠᠬᠵᠠᠮᠤᠨᠢ ᠪᠤᠷᠬᠠᠨ ᠤ ᠬᠦᠷᠦᠭ ᠢ ᠵᠤᠤ ᠪᠤᠶᠤ ᠵᠤᠤ ᠱᠠᠬᠵᠠᠮᠤᠨᠢ ᠭᠡᠲᠡᠭ᠃ ᠪᠤᠷᠬᠠᠨ ᠤ ᠱᠠᠰᠢᠨ ᠤ ᠰᠦᠮ᠎ᠡ ᠳᠤ | ᠦᠭᠡᠷ᠎ᠡ ᠪᠠᠰᠠ ᠠᠷᠪᠠᠨ ᠨᠡᠷᠡᠶᠢᠲᠤᠯ ᠪᠤᠢ᠄ | 1. ᠰᠦᠮ᠎ᠡ᠄ ① ᠤᠯᠠᠨ ᠪᠤᠷᠰᠠᠩ ᠬᠤᠸᠠᠷᠠᠭ ᠴᠤᠬᠯᠠᠷᠠᠨ ᠰᠠᠭᠤᠵᠤ᠂ ᠪᠤᠷᠬᠠᠨ ᠲᠠᠬᠢᠵᠤ᠂ ᠪᠤᠳ᠋ᠳ᠋ᠾᠨ ᠶᠢᠨ | ᠱᠠᠰᠢᠨ ᠤ ᠨᠤᠮ ᠰᠤᠷᠭᠠᠯ ᠦᠢᠯᠡᠳᠬᠦ ᠲᠤᠭᠠᠩ᠂ ᠰᠤᠪᠤᠷᠭ᠎ᠠ ᠵᠡᠷᠭᠡ ᠪᠠᠷᠢᠯᠭ᠎ᠠ ᠪᠦᠬᠦᠢ ᠭᠠᠵᠠᠷ᠃ ② ᠠᠯᠢᠪᠠ | ᠱᠠᠰᠢᠨ ᠤ ᠮᠦᠷᠭᠦᠯ ᠲᠠᠬᠢᠯᠭ᠎ᠠ ᠦᠢᠯᠡᠳᠬᠦ ᠤᠷᠲᠤᠨ ᠲᠠᠩᠬᠢᠮ᠃ | 2. ᠴᠡᠪᠡᠷ ᠰᠠᠭᠤᠴᠠ᠄ ᠠᠯᠢᠪᠠ ᠪᠤᠵᠠᠷ ᠪᠤᠷᠲᠠᠭ ᠶᠠᠭᠤᠮᠠᠰ ᠲᠠᠢ ᠬᠠᠮᠲᠤ ᠰᠠᠭᠤᠵᠤ ᠪᠤᠯᠤᠰᠢ ᠦᠭᠡᠢ ᠭᠡᠰᠡᠨ | ᠤᠳᠬ᠎ᠠ ᠲᠠᠢ᠃ | 3. ᠨᠤᠮ ᠤᠨ ᠶᠢᠷᠲᠢᠨᠴᠦ᠄ | 4. ᠲᠤᠨᠢᠯᠠᠬᠤᠢ ᠭᠡᠲᠤᠯᠬᠦᠢ ᠤᠷᠤᠨ᠄ ᠡᠭᠡᠯ ᠶᠢᠷᠲᠢᠨᠴᠦ ᠠᠴᠠ ᠲᠤᠨᠢᠯᠠᠬᠤᠢ ᠭᠡᠲᠤᠯᠬᠦᠢ ᠶᠢ ᠪᠢᠰᠢᠯᠭᠠᠬᠤ ᠭᠠᠵᠠᠷ | ᠭᠡᠰᠡᠨ ᠤᠳᠬ᠎ᠠ ᠲᠠᠢ᠃ | 5. ᠠᠷᠢᠭᠤᠨ ᠰᠠᠶᠢᠨ ᠪᠠᠯᠭᠠᠳ᠄ ᠰᠠᠨᠰᠺᠷᠢᠨᠲ ᠢᠶᠠᠷ ᠸᠠᠾᠢᠷᠡ ᠭᠡᠲᠡᠭ᠂ ᠲᠦᠪ ᠬᠢᠴᠢᠶᠡᠩᠭᠦᠢ ᠪᠢᠰᠢᠯᠭᠠᠯ ᠤᠨ | ᠭᠠᠵᠠᠷ ᠭᠡᠰᠡᠨ ᠤᠳᠬ᠎ᠠ ᠲᠠᠢ᠃ | 6. ᠠᠷᠢᠭᠤᠨ ᠰᠡᠯᠡᠭᠦᠨ ᠬᠦᠷᠢᠶᠡᠯᠡᠩ᠄ ᠪᠡᠶ᠎ᠡ᠂ ᠬᠡᠯᠡ᠂ ᠰᠡᠳᠬᠢᠯ ᠭᠤᠷᠪᠠᠨ ᠵᠦᠢᠯ ᠤᠨ ᠦᠢᠯᠡ ᠬᠦᠨᠲᠡᠵᠤ | ᠬᠦᠷᠲᠡᠭᠡᠲᠦᠢ ᠠᠷᠢᠭᠤᠨ ᠰᠡᠯᠡᠭᠦᠨ ᠭᠠᠵᠠᠷ ᠭᠡᠰᠡᠨ ᠤᠳᠬ᠎ᠠ ᠲᠠᠢ᠃ | 7. ᠸᠴᠢᠷᠲᠤ ᠯᠠᠺᠰᠠᠲᠠ᠄ ᠪᠤᠷᠬᠠᠨ ᠪᠤᠳᠢᠰᠠᠳ᠋ᠸ᠎ᠠ ᠪᠤᠷᠰᠠᠩ ᠬᠤᠸᠠᠷᠠᠭ ᠤᠳ ᠤᠨ ᠣᠷᠣᠰᠢᠵᠣ ᠰᠠᠭᠤᠲᠠᠭ ᠪᠠᠲᠤ | ᠪᠠᠬᠢ ᠬᠦᠴᠦᠲᠤ ᠭᠠᠵᠠᠷ ᠭᠡᠰᠡᠨ ᠤᠳᠬ᠎ᠠ ᠲᠠᠢ᠃ | 8. ᠨᠢᠷᠸᠠᠨ ᠳᠤ ᠤᠷᠤᠬᠤ ᠤᠷᠤᠨ᠄ ᠪᠤᠷᠬᠠᠨ ᠪᠤᠳᠢᠰᠠᠳ᠋ᠸ᠎ᠠ ᠨᠠᠷ ᠤᠨ ᠨᠢᠷᠸᠠᠨ ᠳᠤ ᠤᠷᠤᠬᠤᠢ ᠶᠢᠨ ᠰᠠᠶᠢᠨ | ᠰᠠᠶᠢᠬᠠᠨ ᠤᠷᠤᠨ ᠭᠡᠰᠡᠨ ᠤᠳᠬ᠎ᠠ ᠲᠠᠢ᠃ | 9. ᠬᠤᠯᠠᠳᠠᠬᠤᠢ ᠭᠠᠵᠠᠷ᠄ ᠰᠦᠮ᠎ᠡ ᠬᠡᠶᠢᠳ ᠲᠤ ᠤᠷᠤᠰᠢᠨ ᠰᠠᠭᠤᠬᠴᠢᠳ ᠪᠣᠯ ᠨᠢᠰᠸᠠᠨᠢᠰ ᠠᠴᠠ ᠬᠤᠯᠠᠲᠠᠵᠤ | ᠨᠢᠷᠸᠠᠨ ᠳᠤ ᠤᠷᠤᠬᠤ ᠳᠤ ᠤᠶᠢᠷᠠᠲᠤᠨ᠎ᠠ ᠭᠡᠰᠡᠨ ᠤᠳᠬ᠎ᠠ ᠲᠠᠢ᠃ | 10. ᠤᠶᠢᠷᠠᠲᠤᠬᠤᠢ ᠭᠠᠵᠠᠷ᠄ ᠠᠮᠤᠷᠯᠢᠩᠭᠤᠢ ᠶᠢᠨ ᠪᠢᠰᠢᠯᠭᠠᠯ ᠭᠡᠲᠡᠭ ᠯᠡ ᠶᠤᠮ ᠪᠣᠯ ᠪᠤᠷᠬᠠᠨ ᠨᠤᠮ ᠳᠤ ᠯᠠᠪᠲᠠᠢ | ᠤᠶᠢᠷᠠᠲᠤᠨ᠎ᠠ ᠭᠡᠰᠡᠨ ᠤᠳᠬ᠎ᠠ ᠲᠠᠢ᠃ | ᠢᠷᠡᠯᠲᠡ᠄ ᠬᠤᠯᠪᠤᠭ᠎ᠠ ᠪᠦᠷᠬᠡ |