ᠨᠢᠬᠡ᠂ ᠦᠷᠯᠦᠬᠡ ᠪᠦᠷᠢ ᠪᠤᠰᠤᠭᠰᠠᠨ ᠤ ᠲᠠᠷᠠᠭ᠎ᠠ ᠦᠯᠦᠨ ᠢᠶᠠᠷ 200g ᠰᠦ ᠤᠤᠭᠤᠨ᠎ᠠ᠂ 30 ᠬᠤᠨᠤᠭ | ᠢᠡᠭᠭᠢᠵᠦ ᠰᠦ ᠤᠤᠭᠤᠪᠠᠯ ᠬᠦᠮᠦᠨ ᠤ ᠪᠡᠶ᠎ᠡ ᠶᠢᠨ ᠴᠢᠰᠤᠨ ᠤ ᠤᠯᠠᠭᠠᠨ ᠡᠰ ᠤᠨ ᠲᠤᠭ᠎ᠠ ᠨᠡᠮᠡᠭᠳᠡᠵᠦ᠂ ᠴᠢᠰᠤ | ᠲᠤᠳᠠᠭᠳᠠᠬᠤ᠂ ᠰᠢᠮ᠎ᠠ ᠲᠡᠵᠢᠬᠡᠯ ᠲᠤᠳᠠᠭᠳᠠᠬᠤ ᠵᠡᠷᠬᠡ ᠡᠪᠡᠳᠴᠢᠨ ᠡᠮᠬᠡᠭ ᠢ ᠵᠠᠰᠠᠨ᠎ᠠ᠃ | ᠬᠤᠶᠠᠷ᠂ 250g ᠰᠦᠨ ᠳᠤ 50g ᠯᠤᠬᠠᠱᠸᠡᠭ ᠨᠢᠴᠠᠯᠤᠨ ᠬᠢᠵᠦ ᠪᠤᠴᠠᠯᠭᠠᠭᠠᠳ ᠡᠳᠦᠷ ᠪᠦᠷᠢ ᠪᠠᠯ ᠢᠶᠠᠷ | ᠲᠠᠷᠤᠭᠤᠯᠵᠤ ᠤᠤᠭᠤᠨ᠎ᠠ᠃ 30 ᠬᠤᠨᠤᠭ ᠢᠡᠭᠭᠢᠵᠦ ᠤᠤᠭᠤᠪᠠᠯ ᠬᠤᠳᠤᠭᠤᠳᠤᠨ ᠤ ᠰᠢᠩᠭᠡᠭᠡᠯᠳᠡ ᠶᠢ | ᠰᠠᠶᠢᠵᠢᠷᠠᠭᠤᠯᠤᠨ᠎ᠠ᠃ | ᠭᠤᠷᠪᠠ᠂ 250g ᠰᠢᠨ᠎ᠠ ᠰᠦᠨ ᠳᠤ ᠪᠠᠭ᠎ᠠ ᠬᠡᠮᠵᠢᠶᠡᠨ ᠤ ᠲᠦᠬᠦᠬᠡᠢ ᠭᠠ ᠬᠢᠵᠦ ᠪᠤᠴᠠᠯᠭᠠᠭᠠᠳ ᠡᠳᠦᠷ ᠲᠤ | 2 ᠤᠳᠠᠭ᠎ᠠ ᠤᠤᠭᠤᠪᠠᠯ ᠲᠤᠷ᠎ᠠ ᠪᠤᠯᠬᠢᠵᠤ ᠪᠦᠬᠡᠯᠵᠢᠬᠦ ᠶᠢ ᠵᠠᠰᠠᠨ᠎ᠠ᠃ | ᠲᠦᠷᠪᠡ᠂ 250g ᠰᠦᠨ ᠳᠤ 1 ᠪᠦᠬᠦᠯᠢ ᠦᠨᠳᠡᠭᠡ ᠶᠢ ᠬᠠᠭᠠᠯᠵᠤ ᠴᠢᠨᠠᠭᠠᠳ ᠦᠷᠯᠦᠬᠡ ᠡᠷᠳᠡ | ᠦᠯᠦᠨ ᠢᠶᠠᠷ ᠢᠳᠡᠨ᠎ᠠ᠂ ᠢᠡᠭᠭᠢᠵᠦ ᠨᠡᠯᠢᠶᠡᠳ ᠬᠡᠳᠦᠨ ᠡᠳᠦᠷ ᠵᠠᠯᠭᠠᠵᠤ ᠢᠳᠡᠪᠡᠯ ᠤᠳᠠᠭᠠᠨ ᠴᠢᠨᠠᠷᠳᠠᠢ | ᠬᠤᠳᠤᠭᠤᠳᠤᠨ ᠦᠷᠪᠢᠰᠦᠯ ᠢ ᠵᠠᠰᠠᠬᠤ ᠳᠤ ᠰᠡᠶᠢᠨ ᠪᠠᠶᠢᠳᠠᠭ᠃ | ᠲᠠᠪᠤ᠂ 250g ᠰᠦ ᠶᠢ ᠪᠤᠴᠠᠯᠭᠠᠭᠠᠳ 50g ᠪᠠᠯ᠂ ᠨᠢᠰᠢᠩᠭᠦ ᠶᠢᠨ ᠲᠠᠯᠬ᠎ᠠ ᠬᠢᠵᠦ ᠤᠤᠭᠤᠪᠠᠯ | ᠬᠤᠳᠤᠭᠤᠳᠤᠨ ᠤ ᠰᠢᠷᠬᠠᠯᠠᠭ᠎ᠠ ᠪᠠ ᠨᠤᠭᠤᠯᠤᠭᠤᠷ ᠬᠡᠳᠡᠰᠦᠨ ᠤ ᠰᠢᠷᠬᠠᠯᠠᠭ᠎ᠠ ᠶᠢ ᠵᠠᠰᠠᠬᠤ ᠳᠤ ᠲᠤᠰᠠᠳᠠᠢ᠃ | ᠵᠢᠷᠭᠤᠭ᠎ᠠ᠂ 500g ᠰᠦᠨ ᠳᠤ 15g ᠴᠢᠪᠠᠭ᠎ᠠ᠂ 100g ᠲᠤᠲᠤᠷᠭ᠎ᠠ ᠬᠢᠵᠦ ᠴᠢᠨᠠᠭᠠᠳ ᠢᠳᠡᠪᠡᠯ ᠲᠠᠮᠢᠷ | ᠮᠠᠭᠤᠳᠠᠬᠤ᠂ ᠴᠢᠰᠤ ᠬᠦᠷᠦᠯᠴᠡᠬᠦ ᠦᠬᠡᠢ᠂ ᠶᠠᠳᠠᠷᠠᠵᠤ ᠲᠠᠮᠢᠷᠳᠠᠬᠤ ᠳᠤ ᠵᠠᠰᠠᠯ ᠪᠤᠯᠤᠨ᠎ᠠ᠃ | ᠲᠤᠯᠤᠭ᠎ᠠ᠂ ᠲᠤᠲᠤᠷᠭ᠎ᠠ ᠶᠢᠨ ᠰᠢᠩᠭᠡᠨ ᠪᠤᠳᠠᠭᠠᠨ ᠳᠤ ᠰᠦ ᠬᠢᠵᠦ ᠪᠤᠴᠠᠯᠭᠠᠭᠠᠳ ᠦᠷᠯᠦᠬᠡ᠂ ᠤᠷᠤᠢ ᠳᠠᠭᠠᠨ | ᠪᠦᠯᠢᠶᠡᠨ ᠢᠶᠠᠷ ᠢᠳᠡᠪᠡᠯ ᠢᠳᠡᠷᠴᠤᠳ ᠪᠠ ᠨᠠᠰᠤᠳᠠᠶᠢᠴᠤᠳ ᠤᠨ ᠪᠡᠶ᠎ᠡ ᠲᠠᠮᠢᠷ ᠰᠤᠯᠠ ᠲᠤᠷᠤᠢ᠂ ᠲᠠᠮᠢᠷ ᠴᠢᠰᠤ ᠶᠢᠨ | ᠬᠤᠷᠤᠭᠳᠠᠯ ᠪᠠ ᠡᠪᠡᠳᠴᠢᠯᠡᠬᠡᠳ ᠡᠴᠡᠵᠦ ᠲᠤᠷᠠᠬᠤ᠂ ᠠᠮᠠ ᠬᠠᠳᠠᠵᠤ ᠤᠮᠳᠠᠭᠠᠰᠬᠤ᠂ ᠬᠤᠳᠤᠭᠤᠳᠤ ᠤᠷᠪᠠᠨ | ᠵᠠᠩᠭᠢᠷᠠᠬᠤ᠂ ᠬᠤᠷᠭᠤᠰᠤᠯᠠᠬᠤ ᠵᠡᠷᠬᠡ ᠡᠪᠡᠳᠴᠢᠨ ᠠᠷᠬᠠᠭ ᠢ ᠵᠠᠰᠠᠬᠤ ᠳᠤ ᠲᠤᠰᠠᠳᠠᠢ᠃ | ᠨᠠᠢᠮᠠ᠂ 250g ᠰᠦ ᠶᠢ ᠪᠤᠴᠠᠯᠭᠠᠭᠠᠳ 6g ᠪᠤᠭᠤ ᠶᠢᠨ ᠡᠪᠡᠷ ᠤᠨ ᠴᠠᠪᠠᠤ ᠬᠢᠵᠦ ᠬᠠᠶᠢᠯᠤᠭᠤᠯᠤᠨ ᠪᠠᠭ᠎ᠠ | ᠪᠠᠯ ᠬᠢᠵᠦ ᠬᠤᠳᠬᠤᠯᠠᠭᠰᠠᠨ ᠤ ᠬᠤᠶᠢᠨ᠎ᠠ ᠡᠳᠦᠷ ᠲᠤ 2 ᠤᠳᠠᠭ᠎ᠠ ᠤᠤᠭᠤᠪᠠᠯ ᠪᠦᠬᠡᠷ᠎ᠡ ᠶᠢᠨ ᠬᠡᠢ ᠪᠠ ᠨᠢᠷᠤᠭᠤ | ᠡᠪᠡᠳᠬᠦ᠂ ᠲᠤᠯᠤᠭᠠᠢ ᠡᠷᠬᠢᠨ ᠨᠢᠳᠦ ᠡᠷᠢᠶᠡᠯᠵᠡᠬᠦ᠂ ᠴᠢᠷᠠᠢ ᠬᠤᠵᠶᠢᠬᠤ ᠵᠡᠷᠬᠡ ᠡᠪᠡᠳᠴᠢᠨ ᠠᠷᠬᠠᠭ ᠢ ᠵᠠᠰᠠᠬᠤ ᠳᠤ | ᠲᠤᠰᠠᠳᠠᠢ᠃ | ᠶᠢᠰᠤ᠂ ᠰᠦ ᠪᠠᠰᠠ ᠵᠠᠷᠢᠮ ᠡᠪᠡᠳᠴᠢᠨ ᠢ ᠰᠡᠷᠬᠡᠶᠢᠯᠡᠬᠦ ᠴᠢᠳᠠᠪᠤᠷᠢ ᠲᠠᠢ ᠶᠤᠮ᠃ ᠰᠦᠨ ᠲᠤᠲᠤᠷ᠎ᠠ ᠶᠡᠭᠡ | ᠬᠡᠮᠵᠢᠶᠡᠨ ᠤ ᠤᠭᠤᠷᠠᠭ ᠡᠳ᠋ ᠠᠭᠤᠯᠤᠭᠳᠠᠵᠤ᠂ ᠲᠡᠷᠡ ᠨᠢ ᠬᠦᠮᠦᠨ ᠤ ᠬᠤᠳᠤᠭᠤᠳᠤ ᠬᠡᠳᠡᠰᠦᠨ ᠳᠤ ᠤᠷᠤᠭᠰᠠᠨ | ᠲᠤᠭᠤᠯᠭ᠎ᠠ᠂ ᠮᠦᠡᠭᠭᠦᠨ ᠤᠰᠤ ᠵᠡᠷᠬᠡ ᠪᠡᠶᠡᠨ ᠳᠤ ᠬᠤᠤᠷᠳᠠᠢ ᠲᠡᠮᠦᠷᠯᠢᠭ ᠪᠤᠳᠠᠰ ᠲᠠᠢ ᠨᠡᠶᠢᠯᠡᠵᠦ᠂ ᠠᠭᠤᠰᠬᠤ | ᠴᠢᠨᠠᠷ ᠢᠶᠠᠷ ᠮᠠᠭᠤ ᠨᠢᠬᠡᠳᠦᠮᠡᠯ ᠪᠤᠳᠠᠰ ᠪᠤᠯᠤᠭᠠᠳ ᠰᠢᠬᠡᠰᠦ ᠪᠠᠷ ᠲᠠᠮᠵᠢᠨ ᠭᠠᠳᠠᠭᠰᠢᠯᠠᠨ᠎ᠠ᠃ | ᠠᠷᠪᠠ᠂ ᠰᠦᠨ ᠲᠤᠲᠤᠷ᠎ᠠ ᠲᠤᠭᠳᠠᠭᠰᠠᠨ ᠬᠡᠮᠵᠢᠶᠡᠨ ᠤ ᠬᠡᠦᠬᠡᠳ ᠤᠨ ᠰᠠ ᠡᠪᠡᠳᠴᠢᠨ ᠤ ᠬᠤᠤᠷ᠂ ᠰᠠᠪᠬᠠᠨᠴᠢᠷ | ᠪᠠᠺᠲ᠋ᠧᠷᠢ ᠶᠢ ᠡᠰᠡᠷᠬᠦᠴᠡᠬᠦ ᠪᠤᠳᠠᠰ ᠠᠭᠤᠯᠤᠭᠳᠠᠵᠤ ᠪᠠᠶᠢᠬᠤ ᠲᠤᠯᠠ ᠨᠢᠯᠬ᠎ᠠ ᠬᠡᠦᠬᠡᠳ ᠲᠤ ᠰᠦ ᠤᠤᠭᠤᠯᠭᠠᠪᠠᠯ | ᠲᠡᠲᠡᠬᠡᠷ ᠪᠠᠺᠲ᠋ᠧᠷᠢ ᠪᠠ ᠡᠪᠡᠳᠴᠢᠨ ᠤ ᠬᠤᠤᠷ ᠢ ᠡᠰᠡᠷᠬᠦᠴᠡᠬᠦ ᠴᠢᠳᠠᠪᠤᠷᠢ ᠶᠢ ᠨᠡᠮᠡᠭᠳᠡᠬᠦᠯᠦᠨ᠎ᠠ᠃ | ᠠᠷᠪᠠᠨ ᠨᠢᠬᠡ᠂ ᠰᠠᠶ᠋ᠢ ᠲᠦᠷᠦᠭᠰᠡᠨ ᠨᠢᠷᠡᠢ ᠬᠡᠦᠬᠡᠳ ᠢ ᠬᠦᠬᠦᠬᠦᠯᠬᠦ ᠠᠴᠠ ᠡᠮᠦᠨ᠎ᠡ ᠰᠢᠷ᠎ᠠ ᠲᠤᠰᠤ ᠶᠢ | ᠠᠮᠠᠨ ᠳᠤᠨᠢ ᠬᠢᠵᠦ ᠤᠤᠭᠤᠯᠭᠠᠪᠠᠯ ᠵᠤᠩᠭᠠᠭ ᠢ ᠨᠢ ᠠᠷᠢᠯᠭᠠᠵᠤ᠂ ᠬᠡᠳᠡᠰᠦ ᠶᠢ ᠨᠢ ᠴᠡᠪᠡᠷᠰᠢᠬᠦᠯᠳᠡᠭ᠃ | ᠠᠷᠪᠠᠨ ᠬᠤᠶᠠᠷ᠂ ᠰᠠᠯᠬᠢ ᠠᠪᠤᠭᠰᠠᠨ ᠠᠴᠠ ᠪᠤᠯᠵᠤ ᠬᠡᠦᠬᠡᠳ ᠤᠨ ᠬᠡᠳᠡᠰᠦ ᠬᠦᠬᠡᠬᠡᠪᠡᠯ ᠰᠢᠷ᠎ᠠ ᠲᠤᠰᠤ ᠶᠢ | ᠬᠠᠶᠢᠯᠤᠭᠤᠯᠤᠭᠠᠳ ᠭᠠᠷ ᠲᠡᠭᠡᠷ᠎ᠡ ᠪᠠᠨ ᠲᠦᠷᠬᠢᠵᠦ ᠬᠡᠳᠡᠰᠦ ᠶᠢ ᠨᠢ ᠢᠯᠢᠪᠡᠯ ᠰᠡᠶᠢᠨ ᠪᠤᠯᠳᠠᠭ᠃ | ᠠᠷᠪᠠᠨ ᠭᠤᠷᠪᠠ᠂ ᠰᠢᠷ᠎ᠠ ᠲᠤᠰᠤ ᠶᠢ ᠪᠤᠷᠠᠮ ᠲᠠᠢ ᠬᠤᠯᠢᠵᠤ ᠤᠤᠭᠤᠪᠠᠯ ᠬᠠᠨᠢᠶᠠᠬᠤ ᠶᠢ ᠵᠤᠭᠰᠤᠭᠠᠳᠠᠭ᠃ | ᠠᠷᠪᠠᠨ ᠲᠦᠷᠪᠡ᠂ ᠵᠦᠬᠡᠢ᠂ ᠰᠢᠮᠠᠭᠤᠯ ᠳᠤ ᠬᠠᠳᠬᠤᠭᠳᠠᠭᠰᠠᠨ ᠭᠠᠵᠠᠷ ᠲᠤ ᠠᠶᠢᠷᠠᠭ ᠲᠠᠷᠠᠭ ᠲᠦᠷᠬᠢᠪᠡᠯ | ᠬᠤᠤᠷ ᠢ ᠨᠢ ᠲᠠᠶᠢᠯᠳᠠᠭ᠃ | ᠠᠷᠪᠠᠨ ᠲᠠᠪᠤ᠂ ᠨᠠᠰᠤᠳᠠᠢ ᠬᠦᠮᠦᠨ ᠦᠷᠬᠦᠯᠵᠢ ᠰᠢᠷ᠎ᠠ ᠲᠤᠰᠤ ᠢᠳᠡᠪᠡᠯ ᠬᠡᠳᠡᠰᠦ ᠬᠦᠬᠡᠬᠡᠬᠦ ᠳᠤ ᠰᠡᠶᠢᠨ | ᠮᠦᠷᠳᠡᠬᠡᠨ ᠰᠢᠮ᠎ᠠ ᠲᠡᠵᠢᠬᠡᠯ ᠬᠦᠷᠳᠡᠵᠦ᠂ ᠲᠠᠮᠢᠷ ᠲᠡᠩᠭᠡᠭᠡ ᠨᠢ ᠰᠠᠶᠢᠵᠢᠷᠠᠨ᠎ᠠ᠃ | ᠠᠷᠪᠠᠨ ᠵᠢᠷᠭᠤᠭ᠎ᠠ᠂ ᠰᠤᠭᠳᠤᠭᠰᠠᠨ ᠪᠤᠶᠤ ᠰᠢᠷᠠᠳᠤᠭᠰᠠᠨ ᠬᠦᠮᠦᠨ ᠠᠶᠢᠷᠠᠭ ᠲᠠᠷᠠᠭ ᠤᠤᠭᠤᠪᠠᠯ ᠠᠮᠠᠷᠬᠠᠨ | ᠰᠡᠷᠬᠦᠨ᠎ᠠ᠃ | ᠠᠷᠪᠠᠨ ᠲᠤᠯᠤᠭ᠎ᠠ᠂ ᠴᠠᠭᠠᠨ ᠢᠳᠡᠭᠡ ᠢᠯᠡᠬᠦᠬᠡᠨ ᠢᠳᠡᠪᠡᠯ ᠰᠦᠰᠦᠨ ᠤ ᠴᠢᠯᠠᠭᠤᠵᠢᠯ ᠠᠴᠠ ᠰᠡᠷᠬᠡᠶᠢᠯᠡᠵᠦ | ᠲᠡᠶᠢᠯᠦᠨ᠎ᠠ᠃ | ᠠᠷᠪᠠᠨ ᠨᠠᠶᠢᠮᠨ᠂ ᠡᠮ ᠳᠤ ᠬᠤᠤᠷᠳᠠᠭᠰᠠᠨ ᠬᠦᠮᠦᠨ ᠠᠶᠢᠷᠠᠭ ᠲᠠᠷᠠᠭ ᠤᠤᠭᠤᠪᠠᠯ ᠰᠡᠶᠢᠨ ᠪᠤᠯᠳᠠᠭ᠃ | |