ᠡᠪᠤᠯ ᠤᠨ ᠤᠯᠠᠷᠢᠯ ᠤᠨ ᠭᠤᠷᠪᠠᠨ ᠲᠤᠯᠠᠭᠠᠯᠠᠬᠤ ᠠᠷᠭ᠎ᠠ
ᠨᠡᠶᠢᠲᠡᠯᠡᠭᠰᠡᠨ ᠴᠠᠭ᠄
2018/12/25
 ᠬᠢᠷᠠᠭᠤ ᠤᠨᠠᠭᠰᠠᠨ ᠠᠴᠠ ᠰᠡᠭᠦᠯᠡᠷ ᠵᠢᠩᠬᠢᠨᠢ ᠡᠪᠤᠯ ᠤᠨ ᠤᠯᠠᠷᠢᠯ ᠳᠤ ᠤᠷᠤᠵᠤ᠂ ᠠᠭᠠᠷ ᠤᠨ ᠳᠤᠯᠠᠭᠠᠨ ᠠᠯᠭᠤᠷ  ᠳᠤᠷᠤᠭᠰᠢᠯᠠᠵᠤ᠂ ᠬᠦᠮᠤᠨ ᠤ ᠪᠡᠶ᠎ᠡ ᠶᠢᠨ ᠰᠢᠨ᠎ᠡ ᠬᠠᠭᠤᠴᠢᠨ ᠤ ᠰᠤᠯᠢᠯᠴᠠᠭ᠎ᠠ ᠠᠭᠠᠵᠢᠮ ᠢᠶᠠᠷ ᠤᠳᠠᠭᠠᠰᠢᠷᠠᠬᠤ  ᠮᠥᠷᠲᠡᠭᠡᠨ ᠪᠡᠶ᠎ᠡ ᠶᠢᠨ ᠳᠤᠯᠠᠭᠠᠨ ᠢᠶᠠᠨ ᠲᠤᠬᠢᠷᠠᠭᠤᠯᠬᠤ ᠴᠢᠳᠠᠪᠤᠷᠢ ᠪᠠᠰᠠ ᠳᠤᠷᠤᠭᠰᠢᠯᠠᠨ᠎ᠠ᠃ ᠡᠶᠢᠮᠤ ᠠᠴᠠ ᠡᠪᠤᠯ  ᠪᠤᠯᠪᠠᠯ ᠬᠥᠮᠤᠨ ᠠᠮᠠᠷᠬᠠᠨ ᠵᠢᠩᠬᠢᠨᠠᠵᠤ ᠡᠪᠡᠳᠴᠢᠨ ᠳᠤ ᠨᠡᠷᠪᠡᠭᠳᠡᠨ᠎ᠡ᠂ ᠤᠨᠴᠠᠭᠠᠢᠢᠯᠠᠨ ᠨᠠᠰᠤᠲᠠᠶᠢᠴᠤᠳ ᠪᠠ ᠲᠠᠮᠢᠷ  ᠲᠡᠩᠬᠡᠭᠡ ᠮᠠᠭᠤᠲᠠᠢ ᠬᠥᠮᠥᠰ ᠨᠠᠩ ᠬᠢᠴᠢᠶᠡᠬᠦ ᠬᠡᠷᠡᠭᠳᠡᠢ᠃ ᠲᠡᠭᠡᠪᠠᠯ᠂ ᠡᠪᠤᠯ ᠤᠨ ᠤᠯᠠᠷᠢᠯ ᠪᠢᠳᠡ ᠪᠡᠶ᠎ᠡ  ᠮᠠᠬᠠᠪᠤᠳ ᠢᠶᠠᠨ ᠬᠡᠷᠬᠢᠨ ᠰᠤᠪᠢᠯᠠᠪᠠᠯ ᠵᠤᠬᠢᠬᠤ ᠪᠤᠢ︖     ᠡᠪᠤᠯ ᠤᠨ ᠬᠦᠢᠳᠡᠨ ᠳᠤ ᠲᠤᠯᠤᠭᠠᠢ᠂ ᠨᠢᠷᠤᠭᠤ᠂ ᠬᠥᠯ ᠭᠤᠷᠪᠠᠨ ᠬᠡᠰᠡᠭ ᠭᠠᠵᠠᠷ ᠤᠨ ᠳᠤᠯᠠᠭᠠᠨ ᠢ  ᠪᠠᠲᠤᠯᠠᠬᠤ ᠶᠢ ᠠᠩᠬᠠᠷᠬᠤ ᠬᠡᠷᠡᠭᠳᠡᠢ᠂ ᠡᠭᠦᠨ ᠢ ᠪᠠᠰᠠ ᠡᠪᠤᠯ ᠤᠨ ᠤᠯᠠᠷᠢᠯ ᠤᠨ ᠪᠡᠶ᠎ᠡ ᠰᠤᠪᠢᠯᠠᠬᠤ — ︽ᠭᠤᠷᠪᠠᠨ  ᠳᠤᠯᠠᠭᠠᠯᠠᠬᠤ︾ ᠠᠷᠭ᠎ᠠ ᠭᠡᠳᠡᠭ᠃     ᠨᠢᠬᠡ᠂ ᠳᠤᠯᠤᠭᠠᠢ ᠳᠤᠯᠠᠭᠠᠯᠠᠬᠤ ᠠᠷᠭ᠎ᠠ      ᠬᠢᠲᠠᠳ ᠡᠮᠨᠡᠯᠭᠡ ᠳᠡᠭᠡᠷ᠎ᠡ ᠲᠤᠯᠤᠭᠠᠢ ᠪᠤᠯ ᠬᠥᠮᠥᠨ ᠤ ᠪᠡᠶ᠎ᠡ ᠶᠢᠨ ︽ᠠᠷᠭ᠎ᠠ ᠬᠡᠢ ᠬᠠᠳᠠᠭᠠᠯᠠᠬᠤ ᠲᠥᠪ︾  ᠪᠤᠯᠤᠨ᠎ᠠ᠃ ᠪᠡᠶ᠎ᠡ ᠲᠤᠲᠤᠷᠠᠬᠢ ᠠᠷᠭ᠎ᠠ ᠬᠡᠢ ᠲᠤᠯᠤᠭᠠᠢ ᠠᠴᠠ ᠰᠠᠷᠨᠢᠨ ᠭᠠᠷᠤᠨ᠎ᠠ᠂ ᠡᠪᠤᠯ ᠤᠨ ᠴᠠᠭ ᠬᠡᠷᠪᠡ  ᠲᠤᠯᠤᠭᠠᠢ ᠪᠠᠨ ᠳᠤᠯᠠᠭᠠᠯᠠᠬᠤ ᠶᠢ ᠠᠩᠬᠠᠷᠬᠤ ᠥᠭᠡᠢ ᠪᠤᠯ ᠪᠡᠶ᠎ᠡ ᠲᠤᠲᠤᠷᠠᠬᠢ ᠠᠷᠭ᠎ᠠ ᠬᠡᠢ ᠠᠮᠠᠷᠬᠠᠨ ᠰᠠᠷᠨᠢᠵᠤ  ᠬᠥᠢᠳᠡᠨ ᠠᠭᠠᠷ ᠳᠥᠷᠢᠨ ᠤᠷᠤᠬᠤ ᠠᠴᠠ ᠪᠤᠯᠵᠤ ᠬᠠᠯᠠᠭᠤᠨ ᠬᠥᠢᠲᠡᠨ ᠬᠠᠷᠭᠤᠬᠤ᠂ ᠲᠤᠯᠤᠭᠠᠢ ᠡᠪᠡᠳᠬᠦ᠂  ᠭᠤᠷᠪᠠᠯᠠᠭᠰᠠᠨ ᠮᠡᠳᠡᠷᠡᠯ ᠡᠪᠡᠳᠬᠦ᠂ ᠲᠠᠷᠢᠬᠢᠨ ᠤ ᠴᠢᠰᠤᠨ ᠰᠤᠳᠠᠯ ᠤᠨ ᠡᠪᠡᠳᠴᠢᠨ ᠳᠤ ᠠᠮᠠᠷᠬᠠᠨ ᠨᠡᠷᠪᠡᠭᠳᠡᠨ᠎ᠡ᠃  ᠡᠪᠤᠯ ᠪᠤᠯᠪᠠᠯ ᠪᠢᠳᠡ ᠬᠤᠷᠠᠮᠠᠯ ᠪᠠᠯᠴᠢᠷ ᠢ ᠳᠠᠷᠤᠬᠤ ᠠᠷᠭ᠎ᠠ ᠪᠠᠷ ᠠᠷᠭ᠎ᠠ ᠬᠡᠢ ᠨᠥᠬᠦᠪᠥᠷᠢᠯᠡᠳᠡᠭ᠃ ᠬᠤᠷᠠᠮᠠᠯ  ᠪᠠᠯᠴᠢᠷ ᠢ ᠪᠠᠰᠠ ᠤᠷᠲᠤ ᠨᠠᠰᠤᠯᠠᠬᠤ ᠪᠠᠯᠴᠢᠷ ᠭᠡᠳᠡᠭ᠂ ᠬᠤᠷᠠᠮᠠᠯ ᠪᠠᠯᠴᠢᠷ ᠢ ᠡᠷᠡᠭᠦᠯᠵᠢᠭᠦᠯᠬᠦ ᠪᠠ ᠲᠠᠪᠲᠠᠨ  ᠪᠤᠯᠪᠠᠰᠤᠷᠠᠭᠤᠯᠬᠤ ᠪᠠᠷ ᠳᠠᠮᠵᠢᠨ ᠬᠥᠮᠥᠨ ᠤ ᠪᠡᠶ᠎ᠡ ᠶᠢᠨ ᠠᠷᠭ᠎ᠠ ᠬᠡᠢ ᠶᠢ ᠨᠡᠮᠡᠭᠳᠡᠭᠦᠯᠵᠤ᠂ ᠵᠢᠷᠥᠭᠡ ᠲᠠᠷᠢᠬᠢᠨ  ᠰᠢᠰᠲᠧᠮ ᠤᠨ ᠴᠢᠳᠠᠮᠵᠢ ᠶᠢ ᠳᠡᠭᠡᠭᠰᠢᠯᠡᠭᠦᠯᠵᠤ᠂ ᠲᠤᠯᠤᠭᠠᠢ ᠡᠪᠡᠳᠬᠦ᠂ ᠨᠢᠳᠤ ᠡᠷᠢᠶᠡᠯᠵᠡᠬᠦ ᠵᠡᠷᠭᠡ ᠡᠪᠡᠳᠴᠢᠨ ᠢ  ᠵᠠᠰᠠᠵᠤ ᠪᠤᠯᠤᠨ᠎ᠠ᠃  ᠬᠤᠷᠠᠮᠠᠯ ᠪᠠᠯᠴᠢᠷ ᠢ ᠳᠠᠷᠤᠬᠤ ᠠᠷᠭ᠎ᠠ᠄ ᠥᠷᠯᠥᠭᠡ ᠡᠷᠲᠡ ᠪᠤᠰᠤᠭᠰᠠᠨ ᠤ ᠳᠠᠷᠠᠭ᠎ᠠ ᠭᠠᠷ ᠤᠨ ᠠᠯᠠᠭ᠎ᠠ ᠪᠠᠨ  ᠨᠤᠬᠤᠯᠠᠨ ᠬᠠᠯᠠᠭᠤᠯᠵᠤ ᠬᠤᠷᠠᠮᠠᠯ ᠪᠠᠯᠴᠢᠷ ᠢᠶᠠᠨ ᠳᠠᠷᠤᠵᠤ᠂ ᠴᠠᠭ ᠤᠨ ᠵᠡᠭᠦᠥ ᠶᠢᠨ ᠴᠢᠭᠯᠡᠯ ᠳᠠᠭᠠᠤ ᠠᠷᠪᠠᠨ ᠮᠢᠨᠦ᠋ᠲ  ᠳᠠᠷᠤᠨ᠎ᠠ᠃ ᠠᠩᠬᠠᠷᠬᠤ ᠨᠢ᠂ ᠬᠤᠷᠠᠮᠠᠯ ᠪᠠᠯᠴᠢᠷ ᠢ ᠬᠥᠨᠳᠤ ᠳᠠᠷᠤᠵᠤ ᠪᠤᠯᠬᠤ ᠥᠭᠡᠢ᠂ ᠬᠥᠡᠭᠭᠡᠬᠡᠨ ᠳᠠᠷᠤᠪᠠᠯ  ᠪᠤᠯᠴᠢᠬᠠᠨ᠎ᠠ᠃     ᠬᠤᠶᠠᠷ᠂ ᠨᠢᠷᠤᠭᠤ ᠳᠤᠯᠠᠭᠠᠯᠠᠬᠤ ᠠᠷᠭ᠎ᠠ     ᠬᠥᠮᠥᠨ ᠤ ᠪᠡᠶ᠎ᠡ ᠶᠢᠨ ᠨᠢᠷᠤᠭᠤᠨ ᠳᠡᠭᠡᠷ᠎ᠡ ᠲᠠᠷᠬᠠᠵᠤ ᠪᠠᠶᠢᠭ᠎ᠠ ᠨᠢ ᠥᠨᠳᠥᠰᠤᠨ ᠳᠡᠭᠡᠨ ᠪᠥᠷ ᠠᠷᠭ᠎ᠠ ᠰᠤᠳᠠᠯ᠂  ᠰᠡᠭᠡᠷ ᠨᠢᠷᠤᠭᠤ ᠪᠥᠬᠦ ᠪᠡᠶ᠎ᠡ ᠶᠢᠨ ᠠᠷᠭ᠎ᠠ ᠰᠤᠳᠠᠯ ᠢ ᠶᠡᠷᠤᠩᠬᠡᠶᠢᠯᠡᠨ ᠵᠠᠬᠢᠷᠴᠤ ᠪᠠᠶᠢᠨ᠎ᠠ᠂ ᠡᠶᠢᠮᠤ ᠠᠴᠠ ᠰᠡᠭᠡᠷ  ᠨᠢᠷᠤᠭᠤ ᠶᠢ ᠪᠠᠰᠠ ︽ᠠᠷᠭ᠎ᠠ ᠰᠤᠳᠠᠯ ᠤᠨ ᠳᠠᠯᠠᠢ︾ ᠭᠡᠳᠡᠭ᠃ ᠤᠳᠤ ᠥᠶ᠎ᠡ ᠶᠢᠨ ᠡᠮᠨᠡᠯᠭᠡ ᠶᠢᠨ ᠤᠬᠠᠭᠠᠨ ᠤ  ᠲᠤᠳᠤᠷᠬᠠᠢᠢᠯᠠᠭᠰᠠᠨ ᠢᠶᠠᠷ᠂ ᠰᠡᠭᠡᠷ ᠨᠢᠷᠤᠭᠤ ᠪᠤᠯ ᠲᠠᠷᠢᠬᠢ᠂ ᠨᠤᠭᠤᠰᠤ ᠶᠢ ᠪᠡᠶ᠎ᠡ ᠶᠢᠨ ᠡᠯ᠎ᠡ ᠡᠷᠬᠡᠲᠡᠨ ᠳᠤ ᠬᠥᠷᠭᠡᠬᠦ  ᠪᠠ ᠨᠡᠬᠡᠳᠡᠰᠤ ᠠᠴᠠ ᠮᠡᠳᠡᠷᠡᠯ ᠤᠨ ᠤᠭ ᠲᠤ ᠬᠦᠷᠬᠡᠬᠦ ᠨᠡᠪᠲᠡᠷᠡᠯ ᠤᠨ ᠵᠠᠮ ᠪᠤᠯᠤᠨ᠎ᠠ᠂ ᠰᠡᠭᠡᠷ ᠨᠢᠷᠤᠭᠤᠨ ᠤ ᠬᠤᠶᠠᠷ  ᠬᠠᠵᠠᠭᠤ ᠪᠠᠷ ᠲᠤᠲᠤᠷ᠎ᠠ ᠡᠷᠬᠡᠳᠡᠨ ᠢ ᠲᠤᠬᠢᠷᠠᠭᠤᠯᠵᠤ ᠪᠠᠶᠢᠭ᠎ᠠ ᠥᠪᠡᠷ ᠤᠨ ᠡᠷᠬᠡᠳᠤ ᠮᠡᠳᠡᠷᠡᠯ ᠤᠨ ᠵᠠᠩᠭᠢᠯᠠᠭ᠎ᠠ  ᠲᠠᠷᠬᠠᠵᠤ ᠪᠠᠶᠢᠳᠠᠭ᠃ ᠬᠡᠷᠪᠡ ᠡᠪᠤᠯ ᠳᠡᠭᠡᠨ ᠥᠷᠭᠦᠯᠵᠢ ᠨᠢᠷᠤᠭᠤᠨ ᠠᠷᠤ ᠶᠢᠨ ᠪᠠᠯᠴᠢᠷ ᠲᠤ ᠰᠡᠳᠡᠯᠲᠡ ᠥᠭᠪᠡᠯ  ᠬᠥᠮᠥᠨ ᠤ ᠤᠮᠤᠭ ᠰᠥᠷ ᠢ ᠪᠠᠳᠠᠷᠠᠭᠤᠯᠵᠤ᠂ ᠴᠢᠰᠤ ᠲᠠᠮᠢᠷ ᠢ ᠵᠤᠬᠢᠴᠠᠭᠤᠯᠵᠤ᠂ ᠲᠤᠲᠤᠷ᠎ᠠ ᠡᠷᠬᠡᠳᠡᠨ ᠢ ᠵᠠᠰᠠᠨ  ᠰᠠᠶᠢᠵᠢᠷᠠᠭᠤᠯᠬᠤ ᠥᠢᠯᠡᠳᠤᠯ ᠲᠠᠢ᠃ ᠬᠡᠷᠪᠡ ᠡᠪᠤᠯ ᠠᠷᠤ ᠨᠢᠷᠤᠭᠤ ᠵᠢᠩᠭᠢᠨᠡᠪᠡᠯ ᠬᠥᠢᠲᠡᠨ ᠵᠢᠪᠠᠷ ᠳᠤᠩ ᠠᠮᠠᠷᠬᠠᠨ  ᠨᠢᠷᠤᠭᠤᠨ ᠠᠷᠤ ᠶᠢᠨ ᠰᠠᠯᠳᠠᠷ ᠲᠡᠭᠡᠷᠡᠬᠢ ᠤᠯᠠᠨ ᠠᠷᠪᠢᠨ ᠪᠠᠯᠴᠢᠷ ᠢᠶᠠᠷ ᠳᠠᠮᠵᠢᠨ ᠬᠥᠮᠥᠨ ᠤ ᠪᠡᠶ᠎ᠡ ᠳᠤ ᠳᠥᠷᠢᠨ  ᠤᠷᠤᠵᠤ᠂ ᠠᠷᠭ᠎ᠠ ᠬᠡᠢ ᠶᠢ ᠭᠡᠮᠲᠤᠭᠡᠵᠤ᠂ ᠠᠷᠭ᠎ᠠ ᠪᠢᠯᠢᠭ ᠬᠡᠢ ᠶᠢᠨ ᠲᠡᠩᠴᠡᠭᠦᠷᠢ ᠶᠢ ᠡᠪᠳᠡᠵᠤ᠂ ᠬᠥᠮᠤᠨ ᠤ  ᠪᠡᠶ᠎ᠡ ᠶᠢᠨ ᠡᠬᠡᠯᠢᠯᠡᠬᠦ ᠴᠢᠳᠠᠪᠤᠷᠢ ᠶᠢ ᠳᠤᠷᠤᠭᠰᠢᠯᠠᠭᠤᠯᠵᠤ᠂ ᠡᠪᠡᠳᠴᠢᠨ ᠡᠰᠡᠷᠭᠦᠴᠡᠬᠦ ᠴᠢᠳᠠᠪᠤᠷᠢ ᠶᠢ  ᠳᠤᠷᠤᠭᠰᠢᠯᠠᠭᠤᠯᠤᠨ᠂ ᠤᠯᠠᠨ ᠵᠥᠢᠯ ᠤᠨ ᠡᠪᠡᠳᠴᠢᠨ ᠢ ᠥᠳᠥᠭᠡᠬᠦ ᠪᠤᠶᠤ ᠤᠤᠯ ᠳᠠᠭᠠᠨ ᠪᠠᠶᠢᠭᠰᠠᠨ ᠬᠠᠭᠤᠴᠢᠨ  ᠡᠪᠡᠳᠴᠢᠨ ᠢ ᠬᠥᠨᠳᠥᠷᠡᠭᠦᠯᠥᠨ᠎ᠡ᠃ ᠸᠠᠨ ᠮᠢᠩ ᠴᠢᠤᠸᠠᠨ ᠪᠠᠭᠰᠢ ᠶᠢᠨ ︽ᠪᠡᠶ᠎ᠡ ᠰᠤᠪᠢᠯᠠᠬᠤ ᠳᠥᠷᠪᠡᠨ  ᠴᠢᠬᠤᠯᠠᠴᠢᠯᠠᠯ — ᠬᠢᠴᠢᠶᠡᠩᠭᠦ᠋ᠢᠯᠡᠨ ᠬᠥᠳᠡᠯᠬᠦ︾ ᠭᠡᠬᠦ ᠨᠤᠮ ᠲᠤᠲᠤᠷ᠎ᠠ ᠪᠠᠨ ︽ᠠᠷᠤ ᠨᠢᠷᠤᠭᠤ ᠪᠤᠯ ᠬᠥᠮᠥᠨ ᠤ  ᠪᠡᠶ᠎ᠡ ᠶᠢᠨ ᠲᠠᠪᠤᠨ ᠴᠤᠯᠤ ᠶᠢ ᠬᠠᠪᠰᠤᠷᠭᠠᠵᠤ ᠪᠠᠶᠢᠳᠠᠭ᠂ ᠨᠢᠷᠤᠭᠤ ᠪᠠᠨ ᠬᠡᠵᠢᠶᠡᠳᠡ ᠳᠤᠯᠠᠭᠠᠨ ᠪᠠᠶᠢᠯᠭᠠᠬᠤ ᠬᠡᠷᠡᠭᠲᠠᠢ᠂ ᠬᠡᠷᠪᠡ ᠨᠢᠷᠤᠭᠤᠨ ᠠᠷᠤ ᠳᠤᠯᠠᠭᠠᠨ ᠪᠠᠶᠢᠪᠠᠯ ᠴᠤᠯᠤ ᠡᠷᠬᠡᠲᠡᠨ ᠭᠡᠮᠲᠤᠬᠦ ᠥᠭᠡᠢ︾ ᠭᠡᠵᠤ ᠬᠡᠯᠡᠭᠰᠡᠨ ᠪᠠᠶᠢᠨ᠎ᠠ᠃     ᠡᠪᠤᠯ ᠤᠨ ᠤᠯᠠᠷᠢᠯ ᠳᠤ ᠳᠤᠤᠷᠠᠬᠢ ᠮᠡᠲᠤ ᠶᠢᠨ ᠠᠷᠭ᠎ᠠ ᠪᠠᠷ ᠨᠢᠷᠤᠭᠤ ᠪᠠᠨ ᠳᠤᠯᠠᠭᠠᠯᠠᠵᠤ ᠪᠤᠯᠤᠨ᠎ᠠ᠄ ᠬᠤᠶᠠᠷ  ᠬᠥᠯ ᠤᠨ ᠬᠤᠭᠤᠷᠤᠨᠳᠤᠬᠢ ᠵᠠᠢ ᠶᠢ ᠳᠠᠯᠤ ᠮᠥᠷᠥ ᠶᠢᠨ ᠥᠷᠭᠡᠨ ᠲᠠᠢ ᠠᠳᠠᠯᠢ ᠪᠠᠶᠢᠯᠭᠠᠵᠤ᠂ ᠬᠡᠷᠡᠮ ᠠᠴᠠ 20 ~  40 ᠰᠡᠨᠲ᠋ᠢᠮᠧᠲᠷ ᠬᠤᠯᠠ ᠵᠤᠭᠰᠤᠨ᠎ᠠ᠂ ᠪᠥᠬᠦ ᠪᠡᠶ᠎ᠡ ᠪᠠᠨ ᠰᠤᠯᠠ ᠲᠠᠯᠪᠢᠵᠤ᠂ ᠬᠤᠶᠢᠰᠢ ᠪᠠᠨ ᠭᠡᠳᠡᠶᠢᠵᠤ᠂  ᠨᠢᠷᠤᠭᠤ ᠪᠠᠷ ᠢᠶᠠᠨ ᠬᠡᠷᠡᠮ ᠢ ᠮᠥᠷᠭᠦᠨ᠎ᠡ᠂ ᠬᠡᠲᠤᠷᠬᠡᠢ ᠬᠥᠴᠥᠯᠡᠬᠦ ᠬᠡᠷᠡᠭ ᠥᠭᠡᠢ᠃ ᠳᠤᠤᠷ᠎ᠠ ᠨᠢᠷᠤᠭᠤ ᠪᠠᠷ ᠬᠡᠷᠡᠮ  ᠮᠥᠷᠭᠦᠬᠦ ᠥᠶᠡᠰ ᠳᠡᠭᠡᠷ᠎ᠡ ᠪᠡᠶ᠎ᠡ ᠪᠠᠨ ᠡᠮᠤᠨᠡᠰᠢ ᠪᠠᠨ ᠬᠠᠵᠠᠶᠢᠵᠤ᠂ ᠳᠤᠤᠷ᠎ᠠ ᠲᠠᠯ᠎ᠠ ᠶᠢᠨ ᠨᠢᠷᠤᠭᠤ ᠪᠠᠨ ᠪᠠᠭ᠎ᠠ  ᠬᠤᠶᠢᠰᠢ ᠪᠠᠨ ᠭᠥᠳᠦ᠋ᠢᠯᠭᠡᠵᠤ ᠬᠡᠷᠡᠮ ᠢ ᠮᠥᠷᠭᠦᠨ᠎ᠡ᠃ ᠮᠥᠷᠭᠦᠬᠦ ᠥᠶᠡᠰ ᠲᠡᠭᠡᠨ ᠪᠤᠳᠤᠯ ᠰᠠᠨᠠᠭ᠎ᠠ ᠪᠠᠨ ᠳᠠᠯᠤ  ᠨᠢᠷᠤᠭᠤᠨ ᠳᠡᠭᠡᠷ᠎ᠡ ᠪᠠᠨ ᠲᠥᠪᠯᠡᠷᠡᠭᠦᠯᠵᠤ᠂ ᠵᠠᠭᠤ ᠤᠷᠴᠢᠮ ᠮᠥᠷᠭᠦᠨ᠎ᠡ᠃     ᠭᠤᠷᠪᠠ᠂ ᠬᠦᠯ ᠳᠤᠯᠠᠭᠠᠯᠠᠬᠤ ᠠᠷᠭ᠎ᠠ     ᠬᠢᠲᠠᠳ ᠡᠮᠨᠡᠯᠭᠡ ᠳᠡᠭᠡᠷ᠎ᠡ ᠥᠷᠭᠦᠯᠵᠢ ︽ᠪᠤᠯᠴᠢᠩ ᠨᠢᠭᠡ ᠢᠮᠠᠬᠤ ᠵᠥᠭᠡᠯᠡᠨ ᠪᠤᠯ ᠢᠯᠡᠭᠦᠥ ᠠᠷᠪᠠᠨ ᠵᠢᠯ ᠤᠷᠲᠤ  ᠨᠠᠰᠤᠯᠠᠨ᠎ᠠ︾ ᠭᠡᠵᠤ ᠬᠡᠯᠡᠳᠡᠭ᠂ ᠬᠥᠯ ᠤᠨ ᠪᠤᠯᠴᠢᠩ ᠤᠯᠠᠮ ᠵᠥᠭᠡᠯᠡᠨ ᠪᠤᠯ ᠤᠯᠠᠮ ᠤᠷᠲᠤ ᠨᠠᠰᠤᠯᠠᠨ᠎ᠠ᠂ ᠬᠥᠯ ᠤᠨ  ᠪᠤᠯᠴᠢᠩ ᠢᠶᠠᠨ ᠵᠥᠭᠡᠯᠡᠷᠡᠭᠦᠯᠪᠡᠯ ᠤᠷᠲᠤ ᠨᠠᠰᠤᠯᠠᠬᠤ ᠪᠠᠷ ᠪᠠᠷᠠᠬᠤ ᠥᠭᠡᠢ ᠪᠠᠰᠠ ᠡᠪᠡᠳᠴᠢᠨ ᠢ ᠠᠷᠢᠯᠭᠠᠨ᠎ᠠ᠃  ᠡᠪᠤᠯ ᠤᠨ ᠴᠠᠭ ᠠᠷᠪᠢᠨ ᠡᠪᠡᠳᠴᠢᠨ ᠪᠥᠷ ᠬᠥᠢᠲᠡᠨ ᠠᠴᠠ ᠤᠯᠳᠠᠭ᠂ ᠬᠥᠢᠲᠡᠨ ᠨᠢ ᠬᠥᠯ ᠠᠴᠠ ᠡᠬᠢᠯᠡᠨ ᠡᠭᠦᠰᠳᠡᠭ᠂ ᠤᠴᠢᠷ ᠨᠢ ᠬᠤᠶᠠᠷ ᠬᠥᠯ ᠵᠢᠷᠤᠬᠡᠨ ᠠᠴᠠ ᠬᠤᠯᠠ᠂ ᠴᠢᠰᠤᠨ ᠤ ᠬᠠᠨᠭ᠍ᠭᠠᠯᠲᠠ ᠭᠥᠢᠴᠡᠳ ᠥᠭᠡᠢ ᠂ ᠤᠷᠲᠤ  ᠬᠤᠭᠤᠴᠠᠭ᠎ᠠ ᠳᠤᠷᠤᠭᠰᠢ ᠤᠨᠵᠢᠵᠤ ᠴᠢᠰᠤᠨ ᠤ ᠡᠷᠭᠢᠯᠲᠡ ᠰᠢᠯᠤᠭᠤᠨ ᠪᠤᠰᠤ᠂ ᠠᠷᠠᠰᠤᠨ ᠳᠤᠤᠷᠠᠬᠢ ᠥᠭᠡᠭᠦᠨ  ᠳᠠᠪᠬᠤᠷᠭ᠎ᠠ ᠨᠢᠮᠬᠡᠨ᠂ ᠳᠤᠯᠠᠭᠠᠨ ᠬᠠᠳᠠᠭᠠᠯᠠᠬᠤ ᠴᠢᠨᠠᠷ ᠪᠠᠭᠤᠷᠠᠢ ᠤᠴᠢᠷ ᠠᠴᠠ ᠠᠮᠠᠷᠬᠠᠨ ᠳᠠᠭᠠᠷᠠᠳᠠᠭ᠃ ᠬᠡᠷᠪᠡ  ᠬᠥᠯ ᠤᠨ ᠬᠡᠰᠡᠭ ᠳᠠᠭᠠᠷᠠᠪᠠᠯ ᠮᠡᠳᠡᠷᠡᠯ ᠤᠨ ᠤᠢᠢᠯᠲᠠ ᠶᠢᠨ ᠤᠢᠢᠯᠡᠳᠤᠯ ᠢᠶᠠᠷ ᠳᠠᠮᠵᠢᠨ ᠠᠮᠢᠰᠬᠤᠯ ᠤᠨ ᠵᠠᠮ ᠤᠨ  ᠰᠠᠯᠢᠰᠤᠲᠤ ᠪᠥᠷᠬᠦᠪᠴᠢ ᠶᠢᠨ ᠴᠢᠰᠤ ᠰᠤᠳᠠᠰᠤ ᠠᠪᠴᠢᠵᠤ᠂ ᠴᠢᠰᠤᠨ ᠤ ᠤᠷᠤᠰᠬᠠᠯ ᠤᠨ ᠬᠡᠮᠵᠢᠶ᠎ᠡ ᠪᠠᠭᠠᠰᠴᠤ᠂  ᠡᠪᠡᠳᠴᠢᠨ ᠢ ᠡᠰᠡᠷᠭᠦᠴᠡᠬᠦ ᠴᠢᠳᠠᠮᠵᠢ ᠳᠤᠷᠤᠭᠰᠢᠯᠠᠨ ᠬᠠᠮᠠᠷ ᠵᠠᠯᠭᠢᠭᠤᠷ ᠲᠤᠲᠤᠷᠠᠬᠢ ᠨᠢᠭᠤᠭᠳᠠᠮᠠᠯ ᠡᠪᠡᠳᠴᠢᠨ ᠤ  ᠬᠤᠤᠷ᠂ ᠪᠠᠺᠲᠧᠷᠢ ᠵᠡᠷᠭᠡ ᠶᠡᠭᠡ ᠬᠡᠮᠵᠢᠶ᠎ᠡ ᠪᠠᠷ ᠥᠷᠡᠵᠢᠬᠦ ᠠᠴᠠ ᠪᠤᠯᠵᠤ ᠬᠥᠮᠥᠨ ᠠᠮᠠᠷᠬᠠᠨ ᠬᠢᠮᠤᠷᠠᠬᠤ ᠪᠤᠶᠤ  ᠮᠥᠭᠡᠷᠰᠤᠨ ᠬᠤᠭᠤᠯᠠᠢ ᠶᠢᠨ ᠡᠪᠡᠳᠴᠢᠨ᠂ ᠰᠠᠭᠭᠠᠭ᠎ᠠ ᠡᠪᠡᠳᠴᠢᠨ᠂ ᠥᠶ᠎ᠡ ᠬᠡᠰᠢᠭᠦᠨ ᠤ ᠥᠷᠪᠢᠰᠤᠯ᠂ ᠰᠠᠷ᠎ᠠ ᠶᠢᠨ  ᠭᠬᠢᠷ ᠢᠶᠠᠷ ᠡᠪᠡᠳᠬᠦ ᠪᠠ ᠬᠥᠯ ᠨᠢᠷᠤᠭᠤ ᠡᠪᠡᠳᠬᠦ ᠵᠡᠷᠭᠡ ᠬᠠᠭᠤᠴᠢᠨ ᠡᠪᠡᠳᠴᠢᠨ ᠠᠮᠠᠷᠬᠠᠨ ᠳᠠᠬᠢᠨ᠎ᠠ᠃ ᠡᠶᠢᠮᠤ ᠠᠴᠠ  ᠡᠪᠤᠯ ᠤᠨ ᠤᠯᠠᠷᠢᠯ ᠪᠤᠯᠪᠠᠯ ᠢᠯᠡᠭᠦᠥ ᠬᠥᠳᠡᠯᠵᠤ᠂ ᠢᠯᠡᠭᠦᠥ ᠨᠤᠬᠤᠯᠠᠬᠤ ᠪᠠᠷ ᠳᠠᠮᠵᠢᠨ ᠬᠥᠯ ᠤᠨ ᠬᠡᠰᠡᠭ ᠤᠨ  ᠴᠢᠰᠤᠨ ᠤ ᠡᠷᠭᠢᠯᠲᠡ ᠶᠢ ᠠᠬᠢᠭᠤᠯᠤᠨ᠎ᠠ᠃      ᠪᠤᠲᠠᠲᠠᠢ ᠨᠤᠬᠤᠯᠠᠬᠤ ᠠᠷᠭ᠎ᠠ᠄ ᠲᠥᠪ ᠰᠠᠭᠤᠵᠤ ᠪᠠᠶᠢᠭᠠᠳ ᠨᠤᠬᠤᠯᠠᠵᠤ ᠪᠤᠯᠤᠨ᠎ᠠ᠂ ᠪᠠᠰᠠ ᠤᠷᠤ  ᠳᠡᠭᠡᠷ᠎ᠡ ᠪᠠᠨ ᠬᠡᠪᠲᠡᠵᠤ ᠬᠥᠯ ᠤᠨ ᠥᠯᠮᠡᠢ ᠶᠢᠨ ᠬᠤᠲᠦ᠋ᠢᠭ᠌ᠰᠠᠨ ᠬᠡᠰᠡᠭ ᠢ ᠨᠤᠬᠤᠯᠠᠵᠤ ᠪᠤᠯᠤᠨ᠎ᠠ᠂ ᠤᠴᠢᠷ ᠨᠢ  ᠥᠯᠮᠡᠢ ᠶᠢᠨ ᠬᠤᠲᠦ᠋ᠢᠭ᠌ᠰᠠᠨ ᠭᠠᠵᠠᠷ ᠤᠯᠠᠨ ᠠᠷᠪᠢᠨ ᠪᠠᠯᠴᠢᠷ ᠪᠠᠶᠢᠳᠠᠭ᠂ ᠴᠢᠳᠠᠬᠤ ᠶᠢᠨ ᠬᠢᠷᠢ ᠲᠤᠲᠤᠷ᠎ᠠ ᠬᠥᠴᠥᠲᠠᠢ  ᠲᠤᠲᠤᠭᠰᠢ ᠪᠠᠨ ᠳᠠᠷᠤᠨ᠎ᠠ᠃ ᠬᠡᠳᠤ ᠤᠳᠠᠭ᠎ᠠ ᠨᠤᠬᠤᠯᠠᠬᠤ ᠶᠢ ᠱᠠᠭᠠᠷᠳᠠᠬᠤ ᠥᠭᠡᠢ᠂ ᠬᠥᠯ ᠬᠠᠯᠠᠭᠤᠨ ᠤᠷᠭᠢᠵᠤ᠂  ᠰᠤᠳᠠᠯ ᠰᠤᠷᠪᠢᠰᠤ ᠲᠠᠭᠠᠲᠠᠢ ᠪᠤᠯᠲᠠᠯ᠎ᠠ ᠨᠤᠬᠤᠯᠠᠪᠠᠯ ᠪᠤᠯᠴᠢᠬᠠᠨ᠎ᠠ᠃ ᠶᠡᠷᠤᠳᠡᠭᠡᠨ ᠬᠤᠷᠤᠭᠤᠨ ᠥᠨᠳᠡᠭᠡ ᠪᠠᠷ ᠢᠶᠠᠨ  ᠨᠤᠬᠤᠯᠠᠵᠤ ᠪᠤᠯᠬᠤ ᠮᠥᠷᠲᠡᠭᠡᠨ ᠪᠠᠰᠠ ᠨᠢᠳᠤᠷᠭ᠎ᠠ ᠪᠠᠷ ᠢᠶᠠᠨ ᠴᠤᠬᠢᠵᠤ ᠪᠤᠯᠤᠨ᠎ᠠ᠃ ᠡᠭᠦᠨ ᠠᠴᠠ ᠭᠠᠳᠠᠨ᠎ᠠ᠂  ᠤᠨᠲᠠᠬᠤ ᠠᠴᠠ ᠪᠠᠨ ᠡᠮᠤᠨ᠎ᠡ ᠬᠠᠯᠠᠭᠤᠨ ᠤᠰᠤ ᠪᠠᠷ ᠬᠥᠯ ᠢᠶᠠᠨ ᠤᠭᠢᠶᠠᠵᠤ ᠭᠠᠷ ᠤᠨ ᠠᠯᠠᠭ᠎ᠠ ᠪᠠᠷ ᠢᠶᠠᠨ ᠬᠥᠯ ᠤᠨ  ᠤᠯᠠ ᠪᠠᠨ ᠠᠷᠪᠠᠨ ᠮᠢᠨᠥ᠋ᠲ ᠨᠤᠬᠤᠯᠠᠪᠠᠯ ᠪᠠᠰᠠ ᠪᠡᠶ᠎ᠡ ᠰᠤᠪᠢᠯᠠᠬᠤ ᠬᠠᠷᠠᠯᠲᠠ ᠳᠠᠭᠠᠨ ᠬᠥᠷᠴᠤ ᠪᠤᠯᠤᠨ᠎ᠠ᠃       ᠢᠷᠡᠯᠲᠡ᠄   ᠲᠦᠩᠯᠢᠶᠤᠤ ᠮᠤᠩᠭᠤᠯ ᠰᠦᠯᠵᠢᠶ᠎ᠡ  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号