ᠭᠤᠨᠢᠭ ᠤᠨ ᠦᠭᠡᠳᠡᠰᠦ ᠵᠦᠢᠵᠦ ᠨᠠᠮᠣᠷ ᠢ ᠪᠢ ᠤᠷᠠᠯᠠᠳᠠᠭ | | —— ᠯ᠊᠂ ᠰᠠᠷᠠᠯᠠᠩ | | | | ᠨᠠᠮᠣᠷ ᠲᠤ ᠪᠢ ᠵᠦᠩᠳᠡᠭᠡᠨ ᠰᠣᠭᠲᠤᠭᠤᠷᠠᠳᠠᠭ | ᠬᠤᠩᠭᠤᠷᠬᠠᠨ ᠰᠠᠯᠬᠢ ᠵᠠᠯᠬᠢᠯᠠᠭᠰᠠᠨ ᠬᠦᠨᠳᠦᠬᠡᠨ ᠰᠡᠳᠬᠢᠯ ᠢᠶᠠᠷ | ᠠᠶᠠᠷᠬᠠᠨ ᠵᠤᠯᠭᠠᠷᠠᠬᠤ ᠴᠡᠴᠡᠭᠡᠰ ᠤᠨ ᠳᠡᠯᠪᠢ ᠶᠢ | ᠠᠯᠠᠭᠠᠨ ᠳᠡᠭᠡᠷ᠎ᠡ ᠪᠠᠨ ᠨᠢᠯᠬᠠᠷᠠᠲᠠᠯᠠ ᠦᠨᠦᠰᠦᠨ | ᠳᠣᠯᠣᠩ ᠤᠨ ᠶᠠᠭᠠᠨ ᠦᠩᠭᠡ ᠪᠠᠷ ᠭᠡᠭᠡᠯᠡᠨ | ᠭᠤᠨᠳᠠᠭᠰᠠᠨ ᠲᠡᠷᠯᠢᠭ ᠤᠨ ᠡᠩᠭᠡᠷ ᠢᠶᠠᠷ ᠪᠠᠷᠢᠨᠳᠢᠭᠯᠠᠵᠤ | ᠳᠤᠯᠳᠤ ᠵᠢᠷᠦᠬᠡᠨ ᠤ ᠨᠢᠭᠤᠴᠠᠬᠠᠨ ᠴᠤᠮᠴᠤᠭ ᠲᠤ ᠪᠠᠨ | ᠭᠤᠨᠢᠭ ᠤᠨ ᠦᠭᠡᠳᠡᠰᠦ ᠵᠦᠢᠵᠦ ᠨᠠᠮᠤᠷ ᠢ ᠪᠢ ᠤᠷᠠᠯᠠᠳᠠᠭ | | | | ᠨᠠᠮᠤᠷ ᠲᠤ ᠪᠢ ᠵᠦᠩᠳᠡᠭᠡᠨ ᠳᠤᠷᠠᠯᠠᠳᠠᠭ | ᠬᠠᠳᠠᠭ ᠤᠨ ᠦᠩᠭᠡ ᠲᠠᠢ ᠤᠭᠲᠠᠷᠭᠤᠢ ᠳᠤ | ᠬᠠᠷᠢᠬᠤ ᠭᠠᠯᠠᠭᠤᠳ ᠤᠨ ᠵᠡᠯᠡᠯᠡᠭᠡᠨ ᠤ ᠪᠠᠷ᠎ᠠ ᠶᠢ | ᠳᠡᠷᠲᠡᠭᠡ ᠠᠯᠤᠰ ᠲᠣᠯᠪᠣᠷᠠᠲᠠᠯᠠ ᠦᠳᠡᠬᠦ ᠳᠡᠭᠡᠨ | ᠬᠦᠮᠦᠨ ᠵᠠᠶᠠᠭᠠᠨ ᠤ ᠢᠷᠡᠵᠦ ᠪᠤᠴᠠᠬᠤ ᠵᠢᠮ ᠳᠤ | ᠰᠡᠳᠬᠢᠯᠭᠡ ᠶᠢᠨ ᠤᠶᠠᠷᠠᠭᠤᠨ ᠬᠦᠭ ᠲᠠᠢ | ᠰᠠᠯᠤᠯᠲᠠ ᠶᠢᠨ ᠦᠨᠦᠴᠢᠨ ᠨᠢᠯᠪᠣᠰᠣᠨ ᠲᠠᠢ | ᠭᠤᠨᠢᠭ ᠤᠨ ᠦᠭᠡᠳᠡᠰᠦ ᠵᠦᠢᠵᠦ ᠨᠠᠮᠤᠷ ᠢ ᠤᠷᠠᠯᠠᠳᠠᠭ | | | | ᠨᠠᠮᠤᠷ ᠲᠤ ᠪᠢ ᠵᠦᠩᠳᠡᠭᠡᠨ ᠬᠤᠷᠭᠤᠳᠠᠳᠠᠭ | ᠵᠤᠯᠭᠠᠷᠠᠬᠤ ᠨᠠᠪᠴᠢᠰ ᠤᠨ ᠪᠤᠲᠠᠷᠠᠬᠤ ᠠᠨᠢᠷ ᠴᠢᠩᠨᠠᠨ | ᠬᠠᠷ᠎ᠠ ᠨᠢᠳᠦᠨ ᠤ ᠴᠡᠴᠡᠭᠡᠢ ᠪᠠᠨ ᠬᠠᠪᠢᠷᠭᠠᠯᠠᠲᠠᠯᠠ ᠰᠡᠭᠦᠷᠡᠰᠦᠯᠡᠵᠦ | ᠬᠢᠷᠠᠭᠤᠲᠤ ᠰᠦᠨᠢ ᠶᠢᠨ ᠤᠯᠠᠷᠢᠯ ᠤᠨ ᠰᠢᠷᠭᠠᠯ ᠦᠷᠲᠡᠭᠡ ᠮᠠᠨᠠᠵᠤ | ᠬᠢᠵᠠᠭᠠᠷ ᠦᠭᠡᠢ ᠦᠭᠡᠶᠢᠯᠡᠬᠦ ᠮᠦᠷᠦᠭᠡᠳᠦᠯ ᠤᠨ ᠵᠦᠷᠢᠭ ᠲᠤ | ᠦᠭᠡᠳᠡᠩ ᠬᠠᠷ᠎ᠠ ᠦᠰᠦᠨ ᠤ ᠲᠣᠭᠠᠯᠠᠩ ᠪᠠᠷ | ᠭᠤᠨᠢᠭ ᠤᠨ ᠦᠭᠡᠳᠡᠰᠦ ᠵᠦᠢᠵᠦ ᠨᠠᠮᠤᠷ ᠢ ᠪᠢ ᠤᠷᠠᠯᠠᠳᠠᠭ | | | | ᠲᠡᠷᠭᠡᠯ ᠰᠠᠷᠠᠨ ᠲᠠᠢ ᠰᠢᠷᠭᠠᠯᠬᠠᠨ ᠨᠠᠮᠤᠷ ᠡ | ᠬᠠᠶᠢᠷ᠎ᠠ ᠶᠢᠨ ᠰᠠᠷᠠᠭᠤᠯ ᠳᠡᠯᠡᠬᠡᠢ ᠳᠤ ᠴᠢᠨᠢ | ᠪᠢ ᠳᠠᠩᠳᠠ ᠪᠠᠨ | ᠨᠠᠪᠴᠢ ᠰᠢᠭ᠋ ᠬᠠᠭᠳᠠᠷᠠᠨ ᠡᠷᠬᠡᠯᠡᠬᠦ ᠡᠷᠬᠡ ᠴᠢᠯᠦᠭᠡ ᠶᠢ ᠡᠷᠢᠳᠡᠭ︕ | ᠬᠤᠩᠭᠤᠷ ᠰᠠᠯᠬᠢ ᠲᠠᠢ ᠨᠠᠯᠠᠭᠠᠷᠬᠠᠨ ᠨᠠᠮᠤᠷ ᠡ | ᠴᠢᠨᠦ ᠬᠠᠷᠠᠴᠠᠨ ᠤ ᠲᠣᠩᠭᠠᠯᠠᠭ ᠨᠠᠭᠤᠷ ᠲᠤ ᠴᠢᠨᠢ | ᠪᠢ ᠳᠠᠩᠳᠠ ᠪᠠᠨ | ᠵᠡᠭᠡᠰᠦᠨ ᠤ ᠠᠩᠬᠢᠷ ᠰᠢᠭ᠋ ᠵᠢᠷᠭᠠᠨ ᠱᠣᠮᠪᠠᠭ᠋ᠤ ᠲᠠᠪᠢᠯᠠᠩ ᠢ ᠬᠦᠰᠡᠳᠡᠭ︕ | ᠲᠡᠶᠢᠮᠦ ᠳᠤ ᠪᠠᠨ | ᠨᠠᠮᠤᠷ ᠨᠠᠮᠤᠷ ᠤᠨ ᠵᠢᠷᠤᠭ ᠢ ᠪᠢ | ᠭᠤᠨᠢᠭ ᠤᠨ ᠦᠭᠡᠳᠡᠰᠦ ᠪᠠᠷ ᠤᠷᠠᠯᠠᠳᠠᠭ ᠮᠢᠨᠢ ᠦᠨᠡᠨ︕ |