ᠨᠠᠮᠤᠷ ᠭᠡᠵᠤ ᠁ | | | —— ᠵᠠ᠊᠂ ᠷᠢᠨᠴᠢᠨ | | | ᠨᠠᠮᠤᠷ ᠭᠡᠵᠤ | ᠦᠩᠭᠡ ᠨᠢ ᠤᠩᠭᠤᠭᠰᠠᠨ ᠲᠠᠰᠢᠨᠵᠠ ᠶᠢᠨ ᠰᠡᠮᠡᠷᠭᠡᠢ ᠬᠤᠷᠮᠤᠢ ᠶᠤᠮ | ᠬᠤᠨᠢᠶᠠᠰᠤᠨ ᠳᠤ ᠨᠢ ᠡᠬᠦᠷᠯᠡᠭᠰᠡᠨ ᠬᠤᠩᠭᠤᠷ ᠰᠠᠯᠬᠢᠨ ᠤ ᠤᠷᠤᠭᠤᠯ ᠤᠨ ᠤᠷᠤᠮ ᠶᠤᠮ | ᠨᠠᠮᠤᠷ ᠭᠡᠵᠤ | ᠢᠳᠡᠭᠡᠰᠢᠭᠰᠡᠨ ᠰᠦ ᠲᠠᠢ ᠴᠠᠢ ᠶᠢᠨ ᠬᠠᠩ ᠲᠠᠳᠠᠭᠰᠠᠨ ᠦᠨᠦᠷ ᠶᠤᠮ | ᠴᠠᠢ ᠰᠦᠯᠡᠬᠦ ᠲᠠᠩᠬᠢᠯ ᠪᠦᠰᠡᠬᠦᠢ ᠶᠢᠨ ᠨᠢᠭᠤᠷ ᠲᠤ ᠤᠶᠢᠭᠰᠠᠨ ᠪᠠᠭ᠋ᠠᠳᠤᠯ ᠤᠨ ᠭᠡᠭᠡ ᠶᠤᠮ | | ᠨᠠᠮᠤᠷ ᠭᠡᠵᠤ | ᠬᠠᠭ ᠤᠨ ᠨᠠᠭᠤᠷ ᠲᠤ ᠤᠩᠬᠤᠯᠢᠭᠰᠠᠨ ᠦᠳᠡᠰᠢ ᠶᠢᠨ ᠲᠤᠯᠤᠩ ᠶᠤᠮ | ᠨᠠᠮ ᠬᠦᠮ ᠨᠤᠶᠠᠯᠠᠭᠰᠠᠨ ᠪᠦᠳᠦᠨ ᠭᠡᠭᠡᠷ᠎ᠡ ᠶᠢᠨ ᠠᠮᠢᠰᠬᠤᠭ᠎ᠠ ᠶᠤᠮ | ᠨᠠᠮᠤᠷ ᠭᠡᠵᠤ | ᠭᠠᠷᠪᠤ ᠶᠡᠭᠡ ᠠᠪᠠᠭ᠎ᠠ ᠶᠢᠨ ᠪᠠᠭᠠᠬᠢᠭᠤᠯᠬᠤ ᠨᠠᠪᠴᠢᠨ ᠲᠠᠮᠠᠬᠢ ᠶᠢᠨ ᠡᠭᠡᠬᠦᠨ ᠤᠳᠤᠭ᠎ᠠ ᠶᠤᠮ | ᠰᠢᠷ ᠰᠢᠷ ᠤᠩᠭᠤᠰᠬᠤ ᠤᠯᠠᠰ ᠤᠯᠠᠰ ᠪᠤᠳᠤᠯᠭᠠᠰᠢᠷᠠᠯ ᠶᠤᠮ | | ᠨᠠᠮᠤᠷ ᠭᠡᠵᠤ | ᠪᠠᠩᠵᠠᠯ ᠢᠶᠠᠨ ᠲᠠᠶᠢᠯᠵᠤ ᠦᠯᠦ ᠲᠦᠪᠳᠡᠬᠦ ᠭᠡᠦᠭᠡᠨᠴᠦᠳ ᠤᠨ ᠡᠷᠭᠡᠯᠡᠬᠦᠢ ᠤᠯᠠᠷᠢᠯ ᠶᠤᠮ | ᠪᠠᠳᠠᠷᠠᠩᠭᠤᠢ ᠵᠤᠨ ᠳᠤ ᠬᠤᠷᠭᠤᠳᠠᠬᠤ ᠨᠢᠭᠤᠴᠠ ᠰᠡᠳᠬᠢᠯ ᠤᠨ ᠬᠢᠨᠢ ᠤᠨᠢᠰᠤᠭ᠎ᠠ ᠶᠤᠮ | ᠨᠠᠮᠤᠷ ᠭᠡᠵᠤ | ᠮᠤᠷᠢᠳ ᠤᠨ ᠬᠦᠯᠦᠰᠦ ᠦᠨᠦᠷᠳᠦᠭᠰᠡᠨ ᠤᠶᠠᠭᠠᠨ ᠤ ᠵᠦᠭᠡᠯᠡᠨ ᠰᠢᠷᠤᠢ ᠶᠤᠮ | ᠵᠠᠮ ᠤᠨ ᠲᠤᠭᠤᠰᠤᠨ ᠳᠤ ᠬᠦᠪᠦᠭᠰᠡᠨ ᠰᠢᠷ᠎ᠠ ᠪᠦᠷᠦᠢ ᠶᠤᠮ | | | ᠨᠠᠮᠤᠷ ᠭᠡᠵᠤ | ᠪᠤᠭᠤᠨᠢ ᠵᠢᠯᠤᠭᠤ ᠲᠡᠭᠡᠷ᠎ᠡ ᠬᠤᠷᠠᠮᠳᠤᠭᠰᠠᠨ ᠴᠠᠭ ᠬᠤᠭᠤᠴᠠᠭᠠᠨ ᠤ ᠭᠡᠮᠨᠡᠯ ᠶᠤᠮ | ᠴᠢᠮᠦᠭᠡ ᠨᠢ ᠲᠦᠬᠦᠷᠡᠩ ᠠᠷᠪᠠᠢ ᠭᠡᠭᠡᠷ᠎ᠡ ᠶᠢᠨ ᠰᠢᠨᠡᠳ ᠤᠨ ᠰᠠᠷᠠᠨ ᠶᠤᠮ | ᠨᠠᠮᠤᠷ ᠭᠡᠵᠤ | ᠡᠯᠪᠡᠭ ᠬᠤᠷᠢᠶᠠᠯᠳᠠ ᠵᠦᠭ ᠰᠤᠩᠭᠠᠭᠰᠠᠨ ᠮᠢᠩᠭᠠᠨ ᠬᠤᠤᠰ ᠭᠠᠷ ᠶᠤᠮ | ᠡᠷᠬᠢᠵᠦ ᠲᠤᠭᠤᠷᠢᠭᠰᠠᠭᠠᠷ ᠲᠡᠩᠴᠡᠬᠦᠷᠢ ᠪᠠᠨ ᠤᠯᠤᠭᠰᠠᠨ ᠬᠦᠨᠳᠦᠴᠡ ᠶᠤᠮ | | ᠨᠠᠮᠤᠷ ᠭᠡᠵᠤ | ᠪᠢᠴᠢᠭᠡ ᠦᠭᠡᠢ ᠮᠠᠰᠢ ᠤᠯᠠᠨ ᠰᠢᠯᠦᠭ ᠶᠤᠮ | ᠪᠢᠴᠢᠭᠡᠳ ᠬᠤᠷᠢᠶᠠᠵᠤ ᠪᠠᠶᠢᠭ᠎ᠠ ᠮᠠᠰᠢ ᠤᠯᠠᠨ ᠰᠢᠯᠦᠭ ᠶᠤᠮ | ᠨᠠᠮᠤᠷ ᠭᠡᠵᠤ ᠁ | | | | 2024.9.18 | |