ᠬᠤᠯᠪᠤᠭ᠎ᠠ | | ᠨᠠᠶᠢᠷ ᠤᠨ ᠵᠤᠳ | | — — ᠦᠯᠵᠡᠶᠢᠸ᠋ᠴᠢᠷ | | | | ᠬᠤᠭᠤᠷ ᠴᠤᠭᠤᠷ ᠢᠶᠠᠨ ᠴᠢᠳᠠᠬᠤ ᠦᠭᠡᠢ ᠪᠣᠯᠪᠠᠴᠤ ᠳ᠋ᠡ | ᠬᠤᠯᠪᠤᠭ᠎ᠠ ᠨᠢᠭᠡ ᠶᠢ ᠪᠠᠨ ᠬᠡᠯᠡᠶ᠎ᠡ ᠳ᠋ᠡ | ᠬᠤᠳᠠ ᠬᠦᠳᠡᠭᠡ ᠦᠭᠡᠢ ᠰᠠᠮᠠᠭᠤᠷᠠᠵᠤ ᠪᠠᠶᠢᠬᠤ | ᠬᠤᠷᠢᠮ ᠨᠠᠶᠢᠷ ᠠᠴᠠ ᠨᠢ ᠬᠤᠯᠪᠤᠶ᠎ᠠ ᠳ᠋ᠠ | ᠴᠠᠰᠤ ᠰᠢᠭᠤᠷᠭ᠎ᠠ ᠨᠢ ᠬᠡᠲᠦᠷᠡᠪᠡᠯ ᠳ᠋ᠠ | ᠴᠠᠭᠠᠨ ᠵᠤᠳ ᠨᠢ ᠪᠣᠯᠳᠠᠭ ᠪᠠ | ᠴᠠᠭᠠᠲᠠᠢ ᠨᠠᠭᠠᠲᠠᠢ ᠲᠠᠨᠢᠭᠳᠠᠬᠤ ᠦᠭᠡᠢ | ᠴᠠᠷᠢᠭᠤᠨ ᠶᠠᠷᠰᠢᠭ ᠪᠣᠯᠳᠠᠭ ᠪᠠ | ᠬᠤᠷ᠎ᠠ ᠪᠣᠷᠤᠭᠠᠨ ᠨᠢ ᠪᠠᠭᠤᠬᠤ ᠦᠭᠡᠢ ᠪᠣᠯ | ᠬᠠᠷ᠎ᠠ ᠵᠤᠳ ᠨᠢ ᠪᠣᠯᠳᠠᠭ ᠪᠠ | ᠬᠤᠨᠢ ᠮᠠᠯ ᠤᠨ ᠰᠦᠷᠦᠭ ᠨᠢ ᠳ᠋ᠠ | ᠬᠤᠬᠢᠷᠠᠵᠤ ᠰᠦᠢᠳᠦᠭᠡᠳ ᠪᠠᠷᠠᠳᠠᠭ ᠪᠠ | ᠪᠠᠶᠢᠭᠠᠯᠢ ᠶᠢᠨ ᠵᠤᠳ ᠠᠴᠠ ᠬᠡᠴᠡᠭᠦᠦ ᠨᠢ ᠳ᠋ᠠ | ᠪᠠᠶᠠᠷ ᠨᠠᠶᠢᠷ ᠤᠨ ᠵᠤᠳ ᠯᠠ ᠪᠠᠶᠢᠨ᠎ᠠ | ᠪᠠᠳᠠᠭ ᠰᠢᠯᠦᠭ ᠲᠤ ᠪᠠᠨ ᠬᠤᠷᠢᠶᠠᠩᠭᠤᠶᠢᠯᠠᠭᠠᠳ | ᠪᠠᠷᠤᠭ ᠢ ᠨᠢ ᠲᠠᠨ ᠳᠤ ᠪᠠᠨ ᠬᠡᠯᠡᠵᠦ ᠦᠭᠭᠦᠶ᠎ᠡ | ᠪᠠᠶᠠᠷ ᠨᠠᠶᠢᠷ ᠭᠡᠳᠡᠭ ᠴᠢᠨᠢ | ᠪᠠᠶᠠᠷ ᠪᠣᠯᠬᠤ ᠳᠤ ᠪᠠᠨ ᠲᠠᠭᠠᠷᠠᠬᠤ ᠶᠤᠮ | ᠪᠠᠭ᠋ᠠᠨ ᠠᠬᠠᠲᠠᠭᠠᠳ ᠤᠳᠣ ᠴᠢᠨᠢ | ᠵᠤᠳ ᠪᠣᠯᠣᠭᠠᠳ ᠵᠤᠪᠠᠭᠠᠵᠤ ᠪᠠᠶᠢᠨ᠎ᠠ | ᠨᠠᠰᠤᠨ ᠪᠠᠶᠠᠷ ᠤᠨ ᠨᠠᠶᠢᠷ ᠨᠢ ᠳ᠋ᠠ | ᠡᠳᠦᠷ ᠡᠳᠦᠷ ᠦᠷᠬᠦᠯᠵᠢᠯᠡᠵᠦ ᠪᠠᠶᠢᠨ᠎ᠠ | ᠨᠠᠭᠤᠢ ᠵᠠᠯᠠᠭᠤ ᠨᠢ ᠪᠣᠯᠪᠠᠴᠤ ᠳ᠋ᠠ | ᠨᠠᠶᠢᠷ ᠢᠶᠠᠨ ᠡᠷᠬᠢᠯᠡᠭᠡᠳ ᠪᠠᠶᠠᠷᠯᠠᠵᠤ ᠪᠠᠶᠢᠨ᠎ᠠ | ᠭᠤᠴᠢᠨ ᠲᠤᠯᠤᠭᠠᠨ ᠤ ᠪᠠᠶᠠᠷ ᠯᠠ ᠭᠡᠳ | ᠭᠤᠷᠪᠠ ᠲᠠᠪᠤᠨ ᠰᠢᠷᠡᠭᠡ ᠪᠡᠯᠡᠳᠭᠡᠵᠦ ᠪᠠᠶᠢᠨ᠎ᠠ | ᠭᠤᠸ᠎ᠠ ᠵᠢᠮᠢᠰ ᠠᠷᠢᠬᠢ ᠨᠤᠭᠤᠭ᠎ᠠ | ᠭᠤᠶᠤ ᠰᠠᠶᠢᠬᠠᠨ ᠵᠠᠰᠠᠵᠤ ᠪᠠᠶᠢᠨ᠎ᠠ | ᠳᠦᠴᠢ ᠶᠢᠰᠦᠨ ᠤ ᠪᠠᠶᠠᠷ ᠯᠠ ᠭᠡᠳ | ᠳᠦᠷᠪᠡ ᠲᠠᠪᠤᠨ ᠰᠢᠷᠡᠭᠡ ᠪᠠᠵᠠᠭᠠᠵᠤ ᠪᠠᠶᠢᠨ᠎ᠠ | ᠲᠡᠭᠦᠨ ᠠᠴᠠ ᠳᠤᠤᠷᠠᠳᠠᠬᠤ ᠤᠴᠢᠷ ᠦᠭᠡᠢ ᠭᠡᠳ | ᠲᠦᠭᠦᠰᠢ ᠪᠠᠨ ᠵᠠᠭᠤᠭᠠᠳ ᠶᠠᠷᠢᠵᠤ ᠯᠠ ᠪᠠᠶᠢᠨ᠎ᠠ | ᠵᠢᠷᠠᠨ ᠨᠢᠭᠡᠨ ᠤ ᠪᠠᠶᠠᠷ ᠯᠠ ᠭᠡᠳ | ᠵᠠᠬ᠎ᠠ ᠠᠴᠠ ᠨᠢ ᠠᠪᠤᠭᠠᠳ ᠵᠠᠯᠠᠵᠤ ᠯᠠ ᠪᠠᠶᠢᠨ᠎ᠠ | ᠵᠤᠭᠤᠰ ᠮᠦᠩᠭᠦ ᠨᠢ ᠭᠦᠢᠴᠡᠯᠳᠦᠬᠦ ᠦᠭᠡᠢ ᠴᠤ | ᠵᠢᠭᠡᠯᠡᠵᠦ ᠪᠠᠶᠢᠭᠠᠳ ᠡᠷᠬᠢᠯᠡᠵᠦ ᠪᠠᠶᠢᠨ᠎ᠠ | ᠳᠠᠯᠠᠨ ᠭᠤᠷᠪᠠᠨ ᠤ ᠪᠠᠶᠠᠷ ᠯᠠ ᠭᠡᠳ | ᠳᠠᠪᠠᠭᠤ ᠬᠦᠭᠵᠢᠶᠡᠨᠲᠡᠢ ᠲᠣᠬᠢᠷᠠᠭᠤᠯᠵᠤ ᠪᠠᠶᠢᠨ᠎ᠠ | ᠲᠡᠭᠦᠨ ᠠᠴᠠ ᠶᠠᠭᠠᠬᠢᠪᠠᠴᠤ ᠳᠠᠪᠠᠭᠤᠯᠤᠨ᠎ᠠ ᠭᠡᠳ | ᠲᠠᠭ᠎ᠠ ᠦᠭᠡᠢ ᠨᠢᠭᠡ ᠲᠠᠢ ᠪᠠᠨ ᠠᠲᠠᠭᠠᠷᠬᠠᠵᠤ ᠪᠠᠶᠢᠨ᠎ᠠ | ᠨᠠᠶᠠᠨ ᠲᠠᠪᠤᠨ ᠤ ᠪᠠᠶᠠᠷ ᠯᠠ ᠭᠡᠳ | ᠨᠡᠷᠭᠢᠶᠡᠨ ᠶᠡᠬᠡᠲᠡᠢ ᠡᠷᠬᠢᠯᠡᠵᠦ ᠪᠠᠶᠢᠨ᠎ᠠ | ᠨᠠᠭᠠᠳᠤᠮ ᠤᠷᠤᠯᠳᠤᠭᠠᠨ ᠲᠠᠢ ᠤᠶᠠᠯᠳᠤᠭᠤᠯᠤᠭᠠᠳ | ᠨᠠᠶᠢᠷ ᠢ ᠤᠷᠭᠢᠯ ᠳᠤ ᠬᠦᠷᠭᠡᠵᠦ ᠪᠠᠶᠢᠨ᠎ᠠ | ᠦᠨᠳᠦᠷ ᠨᠠᠰᠤᠨ ᠤ ᠪᠠᠶᠠᠷ ᠯᠠ ᠭᠡᠳ | ᠦᠯᠡᠮᠵᠢ ᠪᠠᠶᠠᠷ ᠪᠣᠯᠭᠠᠵᠤ ᠪᠠᠶᠢᠨ᠎ᠠ | ᠡᠷᠦᠬᠡ ᠪᠣᠯᠭᠠᠨ ᠢ ᠵᠠᠯᠠᠭᠠᠳ ᠬᠦᠢ | ᠦᠨᠡᠬᠡᠷ ᠨᠠᠶᠢᠷᠯᠠᠯᠳᠤᠨ ᠪᠠᠶᠠᠰᠤᠯᠴᠠᠵᠤ ᠪᠠᠶᠢᠨ᠎ᠠ | ᠦᠭᠭᠦᠭᠰᠡᠨ ᠵᠤᠭᠤᠰ ᠢᠶᠠᠨ ᠡᠷᠭᠢᠭᠦᠯᠦᠶ᠎ᠡ ᠭᠡᠳ | ᠡᠯᠳᠡᠪ ᠤᠨ ᠨᠠᠶᠢᠷ ᠪᠠᠰᠠ ᠡᠷᠬᠢᠯᠡᠵᠦ ᠪᠠᠶᠢᠨ᠎ᠠ | ᠦᠨᠢᠶ᠎ᠡ ᠨᠢ ᠢᠬᠡᠷᠯᠡᠭᠰᠡᠨ ᠪᠠᠶᠠᠷ ᠯᠠ ᠭᠡᠳ | ᠦᠯᠡᠳᠡᠭᠡᠯ ᠦᠭᠡᠢ ᠵᠠᠯᠠᠵᠤ ᠯᠠ ᠪᠠᠶᠢᠨ᠎ᠠ | ᠮᠡᠭᠡᠵᠢ ᠨᠢ ᠠᠷᠪᠢᠨ ᠲᠤᠷᠤᠶᠢᠯᠠᠯᠠ ᠭᠡᠳ | ᠮᠡᠭᠡ ᠵᠢᠭᠲᠡᠢ ᠠᠭᠠᠰᠢᠯᠠᠵᠤ ᠪᠠᠶᠢᠨ᠎ᠠ | ᠮᠦᠩᠭᠦ ᠵᠤᠭᠤᠰ ᠢ ᠨᠢ ᠬᠤᠷᠢᠶᠠᠨ᠎ᠠ ᠭᠡᠳ | ᠮᠠᠶᠢᠮᠠᠢ ᠶᠢᠨ ᠲᠠᠷᠢᠬᠢ ᠬᠦᠳᠡᠯᠭᠡᠵᠦ ᠪᠠᠶᠢᠨ᠎ᠠ | ᠰᠢᠷᠡᠭᠡ ᠳᠦᠭᠦᠷᠡᠩ ᠨᠤᠭᠤᠭ᠎ᠠ ᠦᠷᠦᠭᠡᠳ | ᠱᠠᠯᠢᠨ ᠪᠦᠷᠢᠯᠭᠡᠬᠦ ᠬᠡᠴᠡᠭᠦᠳᠡᠵᠦ ᠪᠠᠶᠢᠨ᠎ᠠ | ᠴᠢᠨᠡᠭᠡ ᠮᠡᠳᠡᠨ ᠠᠷᠢᠬᠢ ᠪᠠᠯᠭᠤᠭᠠᠳ | ᠱᠠᠯᠰᠢᠶᠠ ᠰᠤᠭᠲᠤᠭᠤ ᠤᠯᠠᠰᠢᠷᠠᠵᠤ ᠪᠠᠶᠢᠨ᠎ᠠ | ᠵᠦᠳᠡᠵᠦ ᠣᠯᠤᠭᠰᠠᠨ ᠵᠤᠭᠤᠰ ᠢᠶᠠᠨ ᠳ᠋ᠡ | ᠵᠦᠪ ᠵᠦᠭᠡᠷ ᠦᠷᠦᠵᠦ ᠯᠠ ᠪᠠᠶᠢᠨ᠎ᠠ | ᠬᠦᠳᠡᠯᠮᠦᠷᠢᠯᠡᠵᠦ ᠣᠯᠤᠭᠰᠠᠨ ᠮᠦᠩᠭᠦ ᠪᠠᠨ ᠬᠦᠢ | ᠬᠤᠭᠤᠯᠠᠨ ᠭᠡᠷ ᠲᠤ ᠪᠠᠨ ᠡᠷᠭᠦᠵᠦ ᠯᠠ ᠪᠠᠶᠢᠨ᠎ᠠ | ᠵᠣᠴᠢᠨ ᠢᠶᠠᠨ ᠲᠡᠷᠭᠡ ᠪᠠᠷ ᠵᠦᠭᠡᠭᠡᠵᠦ ᠯᠠ ᠪᠠᠶᠢᠨ᠎ᠠ | ᠵᠤᠭᠰᠤᠭ᠎ᠠ ᠦᠭᠡᠢ ᠳᠠᠪᠬᠢᠵᠤ ᠯᠠ ᠪᠠᠶᠢᠨ᠎ᠠ | ᠵᠤᠭᠤᠰ ᠢ ᠴᠠᠭᠠᠰᠤ ᠮᠡᠲᠦ ᠦᠵᠡᠭᠡᠳ ᠬᠦᠢ | ᠵᠠᠭᠤᠢ ᠪᠠᠶᠠᠨ ᠰᠢᠭ᠋ ᠠᠭᠠᠰᠢᠯᠠᠵᠤ ᠪᠠᠶᠢᠨ᠎ᠠ | ᠡᠳᠦᠷ ᠲᠤ ᠬᠤᠶᠠᠷ ᠤᠳᠠᠭ᠎ᠠ ᠨᠠᠶᠢᠷᠯᠠᠯᠳᠤᠨᠠ | ᠦᠩᠬᠦᠷᠢᠵᠦ ᠤᠨᠠᠲᠠᠯ᠎ᠠ ᠰᠤᠭᠲᠤᠨᠠ ᠬᠦᠢ | ᠦᠬᠡᠷ ᠬᠤᠨᠢ ᠪᠠᠨ ᠬᠠᠮᠢᠶᠠᠷᠤᠯ ᠦᠭᠡᠢ | ᠦᠯᠢᠭᠡᠷᠲᠦ ᠳᠠᠭᠤᠤ ᠪᠠᠨ ᠬᠠᠩᠭᠢᠨᠠᠭᠤᠯᠤᠨ᠎ᠠ | ᠨᠠᠶᠢᠷ ᠤᠨ ᠰᠢᠷᠡᠭᠡ ᠨᠢ ᠲᠠᠭᠤᠰᠲᠠᠯ᠎ᠠ ᠬᠦᠢ | ᠨᠠᠭᠠᠳᠤᠮ ᠤᠨ ᠰᠢᠷᠡᠭᠡ ᠨᠢ ᠦᠷᠬᠦᠯᠵᠢᠯᠡᠵᠦ ᠪᠠᠶᠢᠨ᠎ᠠ | ᠨᠠᠰᠤᠲᠠᠨ ᠵᠠᠯᠠᠭᠤ ᠦᠭᠡᠢ ᠶᠠᠭᠠᠷᠠᠯᠳᠤᠭᠠᠳ | ᠨᠠᠷᠭᠢᠶᠠᠨ ᠬᠦᠭᠵᠢᠶᠡᠨ ᠡᠭᠦᠰᠭᠡᠵᠦ ᠪᠠᠶᠢᠨ᠎ᠠ | ᠠᠷᠪᠢᠨ ᠨᠠᠶᠢᠷ ᠲᠤ ᠵᠠᠯᠠᠭᠳᠠᠭᠰᠠᠭᠠᠷ ᠬᠦᠢ | ᠠᠮᠢᠨ ᠤ ᠪᠠᠨ ᠬᠢᠬᠦ ᠵᠠᠪ ᠦᠭᠡᠢ ᠯᠠᠢ ᠬᠦᠢ | ᠠᠷᠢᠬᠢᠨ ᠳᠤ ᠰᠤᠭᠲᠤᠵᠤ ᠶᠠᠪᠤᠭᠰᠠᠭᠠᠷ ᠬᠦᠢ | ᠠᠪᠠᠯᠢ ᠶᠢᠨ ᠡᠬᠡᠨᠡᠷ ᠢᠶᠠᠨ ᠠᠯᠳᠠᠴᠢᠬᠠᠵᠠᠢ | ᠠᠵᠢᠯ ᠠᠮᠢᠳᠤᠷᠠᠯ ᠢᠶᠠᠨ ᠬᠠᠶᠠᠴᠢᠬᠠᠭᠠᠳ ᠬᠦᠢ | ᠤᠳᠣ ᠶᠠᠭᠠᠬᠢᠵᠤ ᠴᠤ ᠠᠮᠢᠳᠤᠷᠠᠶ᠎ᠠ ᠳ᠋ᠠ | ᠤᠨᠳᠤᠤ ᠬᠦᠮᠦᠨ ᠲᠠᠢ ᠰᠠᠭᠤᠴᠢᠬᠠᠭᠰᠠᠨ | ᠠᠮᠠᠷᠠᠭ ᠢᠶᠠᠨ ᠶᠠᠭᠠᠬᠢᠵᠤ ᠴᠤ ᠠᠪᠴᠢᠷᠠᠶ᠎ᠠ ᠳ᠋ᠠ | ᠬᠤᠨᠢ ᠮᠠᠯ ᠨᠢ ᠤᠮᠳᠠ ᠲᠠᠰᠤᠷᠠᠭᠠᠳ | ᠬᠠᠲᠠᠵᠤ ᠦᠬᠦᠬᠦ ᠳᠤ ᠪᠠᠨ ᠣᠶᠢᠷᠠᠳᠴᠤ ᠪᠠᠶᠢᠨ᠎ᠠ | ᠬᠠᠵᠠᠵᠤ ᠢᠳᠡᠬᠦ ᠶᠠᠭᠤᠮ᠎ᠠ ᠤᠯᠬᠤ ᠦᠭᠡᠢ | ᠬᠠᠲᠠᠭᠠᠭᠰᠠᠨ ᠵᠢᠭᠠᠰᠤ ᠰᠢᠭ᠋ ᠳᠦᠷᠢᠯᠡᠵᠦ ᠪᠠᠶᠢᠨ᠎ᠠ | ᠭᠠᠳᠠᠭᠰᠢ ᠪᠠᠨ ᠬᠠᠨᠳᠤᠭᠰᠠᠨ ᠡᠭᠦᠳᠡ ᠲᠠᠢ ᠰᠢᠤ | ᠭᠠᠷᠴᠤ ᠤᠷᠤᠬᠤ ᠨᠢ ᠲᠠᠭᠠᠷᠠᠨ᠎ᠠ ᠭᠡᠳ | ᠭᠠᠳᠠᠨ᠎ᠠ ᠪᠠᠨ ᠨᠢᠭᠤᠷ ᠲᠡᠮᠡᠴᠡᠵᠦ ᠪᠠᠶᠢᠨ᠎ᠠ | ᠳᠤᠲᠤᠷ᠎ᠠ ᠪᠠᠨ ᠠᠮᠢ ᠲᠡᠮᠡᠴᠡᠵᠦ ᠪᠠᠶᠢᠨ᠎ᠠ | ᠪᠤᠷᠳᠤᠭᠠᠨ ᠤ ᠲᠦᠷᠦᠯ ᠨᠢ ᠠᠷᠪᠢᠳᠠᠭᠠᠳ ᠬᠦᠢ | ᠪᠣᠯᠣᠮᠠᠷ ᠢ ᠨᠢ ᠬᠡᠨ ᠴᠤ ᠮᠡᠳᠡᠬᠦ ᠦᠭᠡᠢ ᠯᠠᠢ ᠬᠦᠢ | ᠪᠤᠬ᠎ᠠ ᠶᠢᠨ ᠦᠨ᠎ᠡ ᠬᠠᠩᠰᠢ ᠨᠢ ᠪᠠᠭᠤᠷᠠᠭᠠᠳ | ᠪᠦᠬᠦᠯᠢ ᠪᠠᠷ ᠨᠢ ᠭᠡᠭᠡᠬᠦ ᠶᠢ ᠬᠦᠷᠬᠦ ᠦᠭᠡᠢ ᠯᠠᠢ ᠰᠢᠤ | ᠣᠯᠤᠭᠰᠠᠨ ᠪᠠᠭ᠎ᠠ ᠰᠠᠭ᠎ᠠ ᠵᠤᠭᠤᠰ ᠢᠶᠠᠨ ᠳ᠋ᠠ | ᠤᠷᠠᠯᠢᠭ ᠤᠨ ᠠᠩᠭᠢ ᠳᠤ ᠦᠭᠴᠦ ᠯᠠ ᠪᠠᠶᠢᠨ᠎ᠠ | ᠤᠣᠭᠤᠵᠤ ᠢᠳᠡᠭᠰᠡᠨ ᠵᠤᠭᠤᠰ ᠯᠠ ᠭᠡᠳ | ᠤᠰᠣ ᠴᠠᠰᠤ ᠠᠳᠠᠯᠢ ᠵᠠᠷᠤᠵᠤ ᠯᠠ ᠪᠠᠶᠢᠨ᠎ᠠ | ᠦᠢᠯᠡ ᠪᠠᠨ ᠦᠵᠡᠵᠦ ᠣᠯᠣᠭᠰᠠᠨ ᠮᠦᠩᠭᠦ ᠪᠠᠨ | ᠢᠳᠡᠵᠦ ᠤᠣᠭᠤᠬᠤ ᠳᠤ ᠪᠠᠨ ᠴᠢᠳᠬᠤᠵᠤ ᠯᠠ ᠪᠠᠶᠢᠨ᠎ᠠ | ᠡᠷᠭᠢᠬᠦ ᠬᠠᠪᠤᠷ ᠤᠨ ᠵᠠᠷᠤᠳᠠᠯ ᠮᠦᠩᠭᠦ ᠪᠠᠨ | ᠢᠳᠡᠭᠡᠮᠵᠢ ᠶᠢᠨ ᠬᠤᠷᠰᠢᠶ᠎ᠠ ᠠᠴᠠ ᠵᠢᠭᠡᠯᠡᠵᠦ ᠯᠠ ᠪᠠᠶᠢᠨ᠎ᠠ | ᠪᠠᠶᠠᠷ ᠨᠠᠶᠢᠷ ᠨᠢ ᠣᠯᠠᠰᠢᠷᠠᠵᠤ ᠪᠠᠶᠢᠨ᠎ᠠ | ᠪᠠᠶᠢᠳᠠᠭ ᠢᠶᠠᠨ ᠬᠦᠨᠳᠦᠷᠡᠭᠡᠳ ᠬᠤᠭᠤᠰᠤᠷᠠᠵᠤ ᠪᠠᠶᠢᠨ᠎ᠠ | ᠪᠢ ᠴᠢᠨᠢ ᠪᠠᠰᠠ ᠪᠣᠯᠵᠤ ᠪᠠᠶᠢᠨ᠎ᠠ ᠭᠡᠳ | ᠪᠠᠷᠳᠠᠮ ᠰᠠᠭᠰᠠᠭᠤ ᠠᠪᠤᠷᠢᠯᠠᠵᠤ ᠪᠠᠶᠢᠨ᠎ᠠ | ᠠᠷᠢᠬᠢᠨ ᠰᠢᠷᠡᠭᠡᠨ ᠳᠤ ᠨᠢ ᠰᠠᠭᠤᠴᠢᠬᠠᠭᠠᠳ | ᠠᠮᠢ ᠪᠠᠷ ᠢᠶᠠᠨ ᠢᠳᠡᠬᠦ ᠨᠢ ᠭᠠᠶᠢᠭᠤᠢ ᠰᠢᠤ | ᠠᠯᠢ ᠪᠠᠶᠢᠭᠰᠠᠨ ᠢ ᠨᠢ ᠬᠠᠷᠠᠮᠠᠨᠯᠠᠭᠠᠳ ᠬᠦᠢ | ᠠᠶᠢᠯᠤᠤ ᠪᠣᠯᠵᠤ ᠪᠠᠶᠢᠨ᠎ᠠ ᠮᠠᠨ ᠤ ᠬᠢᠨ ᠳ᠋ᠠ | ᠬᠤᠪᠳᠤᠭ ᠮᠠᠭᠤᠬᠠᠢ ᠵᠠᠩ ᠰᠤᠷᠲᠠᠯ ᠢᠶᠠᠨ | ᠬᠤᠷᠳᠤᠨ ᠲᠦᠷᠭᠡᠨ ᠬᠠᠶᠠᠭᠠᠷᠠᠢ | ᠬᠦᠮᠦᠨ ᠨᠢᠭᠤᠷ ᠲᠠᠢ ᠮᠤᠳᠤ ᠬᠠᠯᠢᠰᠤ ᠲᠠᠢ | ᠬᠤᠯᠠᠭᠠᠶᠢᠴᠢ ᠠᠴᠠ ᠳᠡᠭᠡᠷ᠎ᠡ ᠦᠭᠡᠢ ᠠᠪᠳᠠᠯ ᠳ᠋ᠠ | ᠤᠯᠠᠮᠵᠢᠯᠠᠯᠲᠤ ᠰᠠᠶᠢᠬᠠᠨ ᠵᠠᠩᠰᠢᠯ ᠢᠶᠠᠷ ᠪᠣᠯ | ᠤᠷᠢᠳᠠᠪᠠᠷ ᠵᠢᠯ ᠢᠶᠠᠨ ᠤᠷᠤᠭᠤᠯᠳᠠᠭ ᠶᠤᠮ | ᠤᠤᠭᠤᠵᠤ ᠢᠳᠡᠬᠦ ᠯᠠ ᠤᠴᠢᠷ ᠪᠢᠰᠢ | ᠠᠭᠤᠯᠵᠠᠵᠤ ᠵᠣᠯᠭᠠᠬᠤ ᠨᠢ ᠴᠢᠬᠤᠯᠠ ᠶᠤᠮ | ᠨᠠᠶᠢᠷ ᠤᠨ ᠵᠤᠳ ᠠᠴᠠ ᠰᠡᠭᠡᠭᠡᠷᠡᠵᠦ ᠪᠣᠯᠣᠨ᠎ᠠ | ᠨᠡᠶᠢᠲᠡ ᠲᠦᠮᠡᠨ ᠢᠶᠠᠨ ᠪᠤᠳᠤᠵᠤ ᠪᠣᠯᠣᠨ᠎ᠠ | ᠨᠠᠨᠳᠢᠨ ᠮᠤᠷᠠᠯ ᠢ ᠳᠡᠯᠭᠡᠷᠡᠭᠦᠯᠦᠭᠡᠳ | ᠨᠡᠶᠢᠭᠡᠮ ᠤᠨ ᠰᠠᠬᠢᠯᠭ᠎ᠠ ᠶᠢ ᠵᠢᠷᠤᠮᠯᠠᠵᠤ ᠪᠣᠯᠣᠨ᠎ᠠ | ᠪᠠᠶᠠᠷ ᠨᠠᠶᠢᠷ ᠢ ᠪᠠᠭ᠎ᠠ ᠬᠢᠶ᠎ᠡ | ᠪᠣᠯᠪᠠᠰᠤᠨ ᠰᠠᠶᠢᠬᠠᠨ ᠠᠮᠢᠳᠤᠷᠠᠵᠠᠭᠠᠶ᠎ᠠ | ᠪᠦᠷᠢᠯᠭᠡᠵᠦ ᠰᠦᠢᠳᠭᠡᠬᠦ ᠶᠢ ᠴᠡᠭᠡᠷᠯᠡᠵᠡᠭᠡᠶᠡ | ᠪᠦᠯᠬᠦᠮᠳᠡᠨ ᠨᠢᠭᠲᠠᠷᠠᠵᠤ ᠠᠵᠢᠯᠯᠠᠵᠠᠭᠠᠶ᠎ᠠ | | | | 2024ᠣᠨ ᠤ 1 ᠰᠠᠷ᠎ᠠ ᠶᠢᠨ 24 ᠤ ᠡᠳᠦᠷ | | |