ᠳᠠᠶᠢᠵᠢ ᠶᠢᠨ ᠢᠷᠡᠯᠳᠡ
ᠨᠡᠶᠢᠲᠡᠯᠡᠭᠰᠡᠨ ᠴᠠᠭ᠄
2024/4/22
                            ᠨᠡᠶᠢᠲᠡᠯᠡᠭᠰᠡᠨ ᠴᠠᠭ᠄ 2024/3/8        ᠴᠢᠩᠭᠢᠰ ᠬᠠᠭᠠᠨ 1206 ᠣᠨ ᠳᠤ ᠶᠡᠭᠡ ᠮᠤᠩᠭᠤᠯ ᠬᠠᠭᠠᠨᠳᠤ ᠤᠯᠤᠰ ᠢ ᠪᠠᠶᠢᠭᠤᠯᠤᠭᠰᠠᠨ ᠤ ᠳᠠᠷᠠᠭ᠎ᠠ᠂ ᠳᠡᠬᠦᠨ ᠤ ᠦᠷᠡᠰ ᠪᠤᠷᠵᠢᠬᠢᠨ ᠠᠶᠢᠮᠠᠭ ᠤᠨ ᠪᠠᠶᠢᠷᠢ ᠰᠠᠭᠤᠷᠢ ᠶᠢ ᠤᠨᠴᠠᠭᠠᠶᠢᠯᠠᠨ ᠦᠨᠳᠡᠷᠵᠢᠬᠦᠯᠬᠦ ᠶᠢᠨ ᠲᠦᠯᠦᠬᠡ ︽ᠪᠠᠭ᠎ᠠ ᠬᠠᠳ︾ ᠭᠡᠮᠡᠵᠦ ᠪᠠᠶᠢᠭᠰᠠᠨ ᠢᠶᠠᠨ ᠪᠤᠯᠢᠭᠠᠳ ︽ᠳᠠᠶᠢᠵᠢ︾ ᠬᠡᠮᠡᠵᠦ ᠳᠠᠭᠤᠳᠠᠬᠤ ᠪᠤᠯᠪᠠ᠃ ᠡᠨᠡ ᠨᠢ ᠬᠢᠳᠡᠳ ᠬᠠᠭᠠᠳ ᠤᠨ ᠵᠠᠯᠭᠠᠮᠵᠢᠯᠠᠭᠴᠢ ᠬᠦᠪᠡᠬᠦᠨ ᠢᠶᠠᠨ ︽ᠳᠠᠶᠢᠽᠢ︾ ︵太子︶ ᠭᠡᠳᠡᠭ ᠦᠬᠡ ᠠᠴᠠ ᠤᠯᠠᠷᠢᠨ ᠢᠷᠡᠵᠦ᠂ ᠬᠤᠶᠢᠨ᠎ᠠ ᠨᠢ ︽ᠳᠠᠶᠢᠵᠢ︾ ᠬᠡᠮᠡᠨ ᠳᠠᠭᠤᠳᠠᠬᠤ ᠪᠤᠯᠪᠠ᠃ ᠢᠡᠭᠭᠢᠭᠡᠳ ᠬᠠᠮᠤᠭ ᠰᠡᠬᠦᠯᠡᠷ ᠨᠢ ᠬᠠᠭᠠᠨ ᠢᠵᠠᠭᠤᠷᠳᠠᠨ ᠤ ᠤᠳᠬ᠎ᠠ ᠪᠦᠬᠦᠢ ᠦᠬᠡ ᠪᠤᠯᠵᠤ ᠬᠤᠪᠢᠷᠠᠭᠰᠠᠨ ᠪᠠᠶᠢᠯ᠎ᠠ᠃    ᠴᠢᠩᠭᠢᠰ ᠬᠠᠭᠠᠨ ᠪᠠ ᠳᠡᠬᠦᠨ ᠤ ᠳᠡᠬᠦᠦ ᠨᠠᠷ ᠤᠨ ᠦᠷᠡᠰ ᠢ ᠴᠦᠮ ︽ᠳᠠᠶᠢᠵᠢ︾ ᠬᠡᠮᠡᠵᠦ ᠳᠠᠭᠤᠳᠠᠳᠠᠭ ᠶᠤᠮ᠃ ᠡᠶᠢᠮᠤ ᠠᠴᠠ ︽ᠳᠠᠶᠢᠵᠢ︾ ᠪᠦᠬᠦᠨ ᠨᠢ ᠪᠤᠭᠳᠠ ᠡᠵᠡᠨ ᠴᠢᠩᠭᠢᠰ ᠬᠠᠭᠠᠨ ᠪᠠ ᠳᠡᠬᠦᠨ ᠤ ᠳᠡᠬᠦᠦ ᠬᠠᠪᠤᠳᠤ ᠬᠠᠰᠠᠷ ᠤᠨ ᠬᠤᠶᠢᠴᠢ ᠦᠷᠡᠰ ᠪᠤᠯᠬᠤ ᠨᠢ ᠮᠡᠳᠡᠭᠡᠵᠢ ᠶᠢᠨ ᠭᠡᠷᠡᠭ᠃     ᠭᠡᠶ᠎ᠠ᠂ ︽ᠳᠠᠶᠢᠵᠢ︾ ᠶᠢᠨ ᠵᠡᠷᠭᠡ ᠳᠡᠰ ᠨᠢ ᠪᠠᠰᠠ ᠠᠳᠠᠯᠢ ᠦᠭᠡᠢ ᠪᠠᠶᠢᠳᠠᠭ᠃ ᠭᠤᠤᠯᠳᠠᠭᠤ ᠨᠢ᠄ ᠳᠡᠳᠡᠨᠤᠰ ᠤᠨ      ᠡᠮᠤᠰᠴᠤ ᠪᠠᠶᠢᠭ᠎ᠠ ︽ᠤᠳᠤᠭ᠎ᠠ ᠪᠦᠬᠦᠢ ᠵᠢᠩᠰᠠ ᠵᠠᠯᠠᠭ᠎ᠠ ᠲᠠᠢ ᠲᠢᠳᠢᠮ ︵ᠮᠠᠯᠠᠭᠠᠢ︶︾ ᠪᠠᠷ ᠢᠶᠠᠨ      ᠬᠡᠳᠤᠳᠤᠬᠡᠷ ᠬᠡᠷᠬᠡᠮ ᠵᠡᠷᠭᠡ ᠳᠡᠰ ᠤᠨ      ︽ᠳᠠᠶᠢᠵᠢ︾ ᠭᠡᠳᠡᠭ ᠢ ᠢᠯᠭᠠᠪᠤᠷᠢᠯᠠᠵᠤ ᠮᠡᠳᠡᠬᠦ ᠶᠤᠮ᠃    ᠬᠡᠷᠬᠡᠮᠳᠡᠨ ᠨᠤᠶᠠᠨ ᠪᠦᠬᠦᠢ ᠵᠡᠷᠭᠡ ᠲᠠᠢ ︽ᠳᠠᠶᠢᠵᠢ︾ ᠶᠢ ᠳᠤᠳᠤᠷ᠎ᠠ ᠨᠢ ᠪᠠᠰᠠ ᠲᠦᠷᠪᠡᠨ ᠳᠡᠰ ᠠᠩᠭᠢᠯᠠᠬᠤ ᠨᠢ᠄ ᠳᠡᠷᠢᠬᠦᠨ ᠳᠠᠶᠢᠵᠢ ᠨᠢ ᠪᠤᠯ ᠳᠤᠩᠭᠠᠯᠠᠭ ᠤᠯᠠᠭᠠᠨ ᠪᠠᠳᠮᠠᠷᠠᠭ᠎ᠠ ᠵᠢᠩᠰᠠ ᠪᠦᠬᠦᠢ ᠮᠠᠯᠠᠭᠠᠢ ᠲᠠᠢ ᠨᠤᠶᠠᠨ ᠪᠤᠯᠤᠨ᠎ᠠ᠃ ᠳᠡᠳ᠋ ᠳᠠᠶᠢᠵᠢ ᠨᠢ ᠲᠦᠯᠡᠢ ᠤᠯᠠᠭᠠᠨ ᠱᠢᠷᠤ ᠶᠢᠨ ᠵᠢᠩᠰᠠ ᠪᠦᠬᠦᠢ ᠮᠠᠯᠠᠭᠠᠢ ᠲᠠᠢ ᠨᠤᠶᠠᠨ ᠪᠤᠯᠤᠨ᠎ᠠ᠃ ᠭᠤᠳᠠᠭᠠᠷ ᠳᠠᠶᠢᠵᠢ ᠨᠢ ᠳᠤᠩᠭᠠᠯᠠᠭ ᠬᠦᠬᠡ ᠨᠤᠮᠢᠨ ᠵᠢᠩᠰᠠ ᠪᠦᠬᠦᠢ ᠮᠠᠯᠠᠭᠠᠢ ᠲᠠᠢ ᠨᠤᠶᠠᠨ ᠪᠤᠯᠬᠤ᠃ ᠲᠦᠳᠦᠬᠡᠷ ᠳᠠᠶᠢᠵᠢ ᠨᠢ ᠲᠦᠯᠡᠢ ᠬᠦᠬᠡ ᠴᠢᠯᠠᠭᠤᠨ ᠵᠢᠩᠰᠠ ᠪᠦᠬᠦᠢ ᠮᠠᠯᠠᠭᠠᠢ ᠲᠠᠢ ᠨᠤᠶᠠᠨ ᠪᠤᠯᠤᠨ᠎ᠠ᠃    ᠶᠠᠮᠠᠷ ᠴᠦ ᠤᠳᠤᠭ᠎ᠠ ᠪᠠ ᠵᠢᠩᠰᠠ ᠵᠠᠯᠠᠭ᠎ᠠ ᠪᠦᠬᠦᠢ ᠮᠠᠯᠠᠭᠠᠢ ᠦᠭᠡᠢ ᠳᠠᠶᠢᠵᠢ ᠶᠢ ᠶᠠᠷᠤᠮᠳᠡᠭ ᠳᠠᠶᠢᠵᠢ ᠭᠡᠳᠡᠭ᠃   ᠪᠢᠴᠢᠭ    ᠴᠡᠷᠢᠭ    ᠤᠨ    ᠨᠤᠶᠠᠳ ᠪᠤᠯᠬᠤ ᠨᠢ᠂ ᠳᠡᠬᠦᠨ ᠤ ᠡᠷᠳᠡᠮ ᠴᠢᠳᠠᠪᠤᠷᠢ ᠶᠢ ᠨᠢ ᠦᠵᠡᠬᠦ ᠳᠤᠯᠠ ᠶᠠᠮᠠᠷ ᠴᠦ ᠵᠡᠷᠭᠡ ᠳᠡᠰ ᠤᠨ ᠳᠠᠶᠢᠵᠢ ᠠᠴᠠ ᠴᠦᠮ ᠰᠤᠩᠭᠤᠵᠤ ᠠᠪᠴᠤ ᠪᠤᠯᠤᠨ᠎ᠠ᠃  
 
ᠢᠷᠡᠯᠲᠡ᠄ ᠬᠤᠯᠪᠤᠭ᠎ᠠ ᠪᠦᠷᠭᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号