70% ᠶᠢᠨ ᠡᠪᠡᠳᠴᠢᠨ ᠦᠪᠡᠰᠦᠪᠡᠨ ᠡᠳᠡᠭᠡᠷᠡᠳᠡᠭ
ᠨᠡᠶᠢᠲᠡᠯᠡᠭᠰᠡᠨ ᠴᠠᠭ᠄
2024/4/9
    ᠭᠧᠷᠮᠠᠨ ᠤ ᠡᠷᠡᠬᠦᠯ ᠮᠡᠨᠳᠦ ᠰᠡᠳᠬᠦᠯ ᠲᠡᠭᠡᠷ᠎ᠡ ᠬᠦᠮᠦᠨ ᠤ ᠪᠡᠶ᠎ᠡ 60%  — 70 % ᠶᠢᠨ ᠲᠠᠭᠠᠯᠠᠮᠵᠢ ᠦᠬᠡᠢ ᠪᠠᠶᠢᠳᠠᠯ ᠪᠠ ᠡᠪᠡᠳᠴᠢᠨ ᠬᠢᠵᠢᠭ ᠢ ᠦᠪᠡᠰᠦᠪᠡᠨ ᠡᠳᠡᠭᠡᠷᠡᠬᠦᠯᠬᠦ ᠴᠢᠳᠠᠪᠤᠷᠢ ᠲᠠᠢ ᠬᠡᠵᠥ ᠮᠡᠳᠡᠭᠡᠯᠡᠪᠡ᠃  ᠰᠤᠳᠤᠯᠭᠠᠨ ᠳᠤ ᠬᠠᠷᠠᠭᠤᠯᠤᠬᠰᠠᠨ ᠢᠶᠠᠷ ᠬᠦᠮᠦᠨ ᠤ ᠪᠡᠶ᠎ᠡ ᠲᠠᠭᠠᠯᠠᠮᠵᠢ ᠦᠬᠡᠢ ᠪᠤᠶᠤ ᠡᠪᠡᠳᠴᠢᠯᠡᠬᠦ ᠦᠶᠡᠰ ᠪᠡᠶ᠎ᠡ ᠮᠠᠬᠠᠪᠤᠳ ᠦᠪᠡᠷ ᠤᠨ ᠪᠡᠶ᠎ᠡ ᠶᠢᠨ ᠡᠮ ᠤᠨ ᠬᠠᠶᠢᠷᠴᠠᠭ ᠠᠴᠠ ᠪᠠᠨ 30 —40 ᠵᠦᠢᠯ ᠤᠨ ᠤᠨᠴᠠ ᠲᠤᠰᠠᠳᠠᠢ ᠡᠮ ᠭᠠᠷᠭᠠᠵᠥ ᠡᠪᠡᠳᠴᠢᠨ ᠳᠤᠨᠢ ᠲᠤᠬᠢᠷᠠᠭᠤᠯᠤᠨ ᠡᠮᠨᠡᠳᠡᠭ ᠶᠤᠮ ᠪᠠᠶᠢᠨ᠎ᠠ᠃ ᠡᠳᠡᠭᠡᠷ ᠤᠨᠴᠠ ᠲᠤᠰᠠᠳᠠᠢ ᠡᠮ ᠪᠤᠯ ᠬᠦᠮᠦᠨ ᠤ ᠪᠡᠶ᠎ᠡ ᠶᠢᠨ ᠰᠢᠬᠦᠷᠡᠬᠦᠯᠦᠭᠰᠡᠨ ᠬᠤᠷᠮᠤᠨ᠂ ᠡᠭᠡᠯᠢᠯᠡᠭᠡ ᠶᠢᠨ ᠲᠠᠭᠠᠭᠠᠴᠠ ᠵᠡᠷᠭᠡ ᠪᠤᠳᠠᠰ ᠬᠠᠮᠳᠤᠪᠠᠷ ᠪᠦᠷᠢᠯᠳᠦᠵᠥ ᠦᠢᠯᠡᠳᠦᠯ ᠢᠶᠠᠨ ᠪᠠᠳᠠᠷᠠᠭᠤᠯᠤᠬᠰᠠᠨ ᠠᠴᠠ ᠪᠤᠯᠵᠠᠢ᠃  ᠠᠮᠧᠷᠺᠡ ᠶᠢᠨ ᠡᠮ ᠤᠨ ᠨᠡᠶᠢᠭᠡᠮᠯᠢᠭ ᠤᠨ ᠰᠤᠳᠤᠯᠭᠠᠨ ᠳᠤ ᠬᠠᠷᠠᠭᠤᠯᠤᠬᠰᠠᠨ ᠢᠶᠠᠷ᠂  10% ᠤᠷᠴᠢᠮ ᠤᠨ ᠦᠮᠡᠨ ᠡᠪᠡᠳᠴᠢᠨ ᠪᠦᠷ ᠡᠳᠡᠭᠡᠷᠡᠵᠥ ᠲᠡᠶᠢᠯᠳᠡᠭ ᠪᠠᠶᠢᠨ᠎ᠠ᠃ ᠤᠤᠯ ᠨᠢ ᠬᠦᠮᠦᠨ ᠤ ᠪᠡᠶ᠎ᠡ ᠲᠤᠳᠤᠷ᠎ᠠ ᠲᠦᠭᠦᠷᠵᠢᠭᠰᠡᠨ ᠡᠷᠡᠬᠦᠯ ᠢ ᠬᠠᠮᠠᠭᠠᠯᠠᠬᠤ ᠪᠠᠶᠢᠭᠤᠯᠤᠮᠵᠢ ᠲᠠᠢ᠂ ᠦᠬᠡᠷ᠎ᠡ ᠪᠠᠷ ᠬᠡᠯᠡᠪᠡᠯ ᠡᠭᠡᠯᠢᠯᠡᠭᠡ ᠶᠢᠨ ᠰᠢᠰᠲ᠋ᠧᠮ ᠪᠠᠶᠢᠵᠥ᠂ ᠬᠦᠮᠦᠨ ᠤ ᠪᠡᠶ᠎ᠡ ᠶᠢᠨ ᠡᠭᠡᠯᠢᠯᠡᠭᠡ ᠶᠢᠨ ᠰᠢᠰᠲ᠋ᠧᠮ ᠡᠶ᠎ᠡ ᠵᠤᠬᠢᠴᠠᠩᠭᠤᠢ ᠪᠠᠶᠢᠬᠤ ᠪᠤᠯ ᠦᠮᠡᠨ ᠡᠪᠡᠳᠴᠢᠨ ᠠᠶᠠᠨᠳᠠᠭᠠᠨ ᠤᠰᠠᠳᠬᠤ ᠶᠢᠨ ᠭᠤᠤᠯ ᠰᠢᠯᠳᠠᠭᠠᠨ ᠪᠤᠯᠤᠨ᠎ᠠ ᠭᠡᠰᠡᠨ  ᠢ ᠰᠤᠳᠤᠯᠭᠠᠨ ᠬᠠᠷᠭᠠᠤᠯᠪᠠ᠃ ᠬᠦᠮᠦᠨ ᠤ ᠪᠡᠶ᠎ᠡ ᠶᠢᠨ ᠡᠭᠡᠯᠢᠯᠡᠭᠡ ᠶᠢᠨ ᠴᠢᠳᠠᠯ ᠨᠢ ᠭᠤᠤᠯᠳᠠᠭᠤ ᠴᠠᠭᠠᠨ ᠡᠰ ᠳᠤ ᠲᠦᠰᠢᠭᠯᠡᠳᠡᠭ ᠶᠤᠮ ᠪᠠᠶᠢᠨ᠎ᠠ᠃  ᠡᠳᠦᠷ  ᠪᠦᠷᠢ 2 —3 ᠬᠡᠪ ᠤᠨ ᠪᠤᠰᠤ ᠡᠰ ᠪᠤᠢ ᠪᠤᠯᠤᠨ᠎ᠠ᠂ ᠡᠨᠡ ᠬᠡᠳᠦᠨ ᠬᠡᠪ  ᠤᠨ ᠪᠤᠰᠤ ᠡᠰ ᠨᠢ ᠦᠮᠡᠨ ᠡᠪᠡᠳᠴᠢᠨ ᠤ ᠡᠰ ᠪᠤᠯᠵᠥ ᠬᠤᠪᠢᠷᠠᠵᠥ ᠮᠡᠳᠡᠨ᠎ᠡ᠃  ᠬᠡᠪ ᠤᠨ ᠪᠠᠶᠢᠳᠠᠯ ᠲᠤᠤᠷ᠎ᠠ ᠡᠭᠡᠯᠢᠯᠡᠭᠡ ᠶᠢᠨ ᠡᠰ ᠨᠢ ᠦᠮᠡᠨ ᠤ ᠡᠰ ᠢ ᠢᠯᠡᠷᠡᠬᠦᠯᠦᠭᠰᠡᠭᠡᠷ ᠲᠠᠷᠤᠢ ᠳᠤᠨᠢ ᠵᠢᠩᠬᠢᠨᠢ ᠴᠡᠷᠢᠭ    ᠠᠩᠬᠢ ᠪᠠᠨ   ᠬᠦᠳᠡᠯᠭᠡᠨ ᠦᠮᠡᠨ ᠡᠪᠡᠳᠴᠢᠨ ᠤ ᠡᠰ ᠢ ᠲᠠᠷᠤᠢ ᠳᠤᠨᠢ ᠤᠰᠠᠳᠬᠠᠳᠠᠭ᠃   ᠲᠡᠭᠡᠪᠡᠯ ᠬᠦᠮᠦᠨ ᠤ ᠪᠡᠶ᠎ᠡ ᠶᠢᠨ ᠡᠬᠡᠯᠢᠯᠡᠭᠡ ᠶᠢᠨ ᠴᠢᠳᠠᠪᠤᠷᠢ ᠪᠠᠨ ᠭᠡᠷᠬᠢᠨ ᠲᠡᠭᠡᠭᠰᠢᠯᠡᠬᠦᠯᠬᠦ ᠪᠤᠢ︖ ᠡᠪᠡᠳᠴᠢᠨ  ᠢ ᠰᠡᠷᠭᠡᠶᠢᠯᠡᠬᠦ ᠴᠢᠳᠠᠪᠤᠷᠢ ᠪᠠᠨ ᠭᠡᠷᠬᠢᠨ ᠲᠡᠭᠡᠭᠰᠢᠯᠡᠬᠦᠯᠬᠦ ᠪᠤᠢ︖ ᠪᠡᠶ᠎ᠡ ᠮᠠᠬᠠᠪᠤᠳ ᠤᠨ ᠦᠪᠡᠰᠦᠪᠡᠨ ᠡᠪᠡᠳᠴᠢᠨ ᠵᠠᠰᠠᠬᠤ ᠴᠢᠳᠠᠪᠤᠷᠢ ᠶᠢ ᠬᠡᠷᠬᠢᠨ ᠲᠡᠭᠡᠭᠰᠢᠯᠡᠬᠦᠯᠬᠦ ᠪᠤᠢ︖ ᠡᠬᠦᠨ ᠳᠤ ᠲᠤᠰᠬᠠᠢ ᠮᠡᠷᠭᠡᠵᠢᠯᠳᠡᠳ ᠲᠤᠤᠷ᠎ᠠ ᠭᠡᠳᠦᠨ ᠰᠠᠨᠠᠭᠤᠯᠤᠮᠵᠢ ᠶᠢ ᠲᠡᠨ ᠳᠤ ᠦᠭᠴᠦ ᠪᠠᠶᠢᠨ᠎ᠠ᠃    ᠨᠢᠭᠡ ᠳᠤ᠂  ᠶᠠᠭᠤᠨ ᠤ ᠡᠮᠦᠨ᠎ᠡ ᠨᠤᠶᠢᠷ ᠢ ᠬᠦᠢᠴᠡᠳ ᠪᠠᠳᠤᠯᠠᠬᠤ ᠭᠡᠷᠡᠭᠳᠡᠢ᠃  ᠨᠤᠶᠢᠷ ᠮᠠᠭᠤᠳᠠᠬᠤ ᠪᠠ  ᠡᠭᠡᠯᠢᠯᠡᠭᠡ ᠶᠢᠨ ᠰᠢᠰᠲ᠋ᠧᠮ ᠤᠨ ᠴᠢᠳᠠᠮᠵᠢ ᠮᠠᠭᠤᠳᠠᠬᠤ ᠨᠢ ᠬᠤᠯᠪᠤᠭᠠᠳᠠᠢ ᠪᠠᠶᠢᠳᠠᠭ᠃ ᠨᠤᠶᠢᠷ ᠲᠤᠳᠠᠬᠳᠠᠬᠤ᠂ ᠨᠤᠶᠢᠷ ᠠᠯᠳᠠᠬᠤ ᠠᠴᠠ ᠪᠤᠯᠵᠥ ᠬᠦᠮᠦᠨ ᠤ ᠪᠡᠶ᠎ᠡ ᠶᠢᠨ ᠡᠪᠡᠳᠴᠢᠨ ᠢ ᠰᠡᠷᠭᠡᠶᠢᠯᠡᠬᠦ ᠴᠢᠳᠠᠪᠤᠷᠢ ᠶᠡᠬᠡᠪᠡᠷ ᠪᠠᠭᠤᠷᠠᠳᠠᠭ᠂ ᠪᠡᠶ᠎ᠡ ᠲᠤᠳᠤᠷᠠᠬᠢ T ᠡᠰ ᠨᠢ ᠸᠢᠷᠦ᠋ᠰ ᠪᠠ ᠬᠠᠪᠤᠳᠠᠷ ᠢ ᠭᠠᠷᠭᠠᠵᠥ ᠴᠢᠳᠠᠳᠠᠭ᠃  ᠬᠡᠷᠪᠡ ᠨᠤᠶᠢᠷ ᠢᠶᠠᠨ ᠬᠦᠢᠴᠡᠳ  ᠪᠠᠳᠤᠯᠠᠬᠤ ᠦᠬᠡᠢ ᠪᠤᠯ T ᠡᠰ ᠤᠨ ᠲᠤᠭ᠎ᠠ ᠶᠡᠬᠡᠪᠡᠷ ᠬᠠᠰᠤᠭᠳᠠᠨ᠎ᠠ᠂ ᠡᠬᠦᠨ ᠤ ᠤᠯᠠᠮ ᠢᠶᠠᠷ ᠡᠪᠡᠳᠴᠢᠯᠡᠬᠦ ᠨᠤᠷᠮ᠎ᠠ ᠪᠠᠰᠠ ᠲᠠᠭᠠᠯᠳᠤᠨ ᠲᠡᠭᠡᠭᠰᠢᠯᠡᠳᠡᠭ᠃ ᠡᠶᠢᠮᠦ ᠠᠴᠠ ᠡᠳᠦᠷ ᠪᠦᠷᠢ ᠵᠠᠪᠠᠯ 8 ᠴᠠᠭ ᠤᠨ ᠨᠤᠶᠢᠷ ᠢ  ᠵᠠᠪᠠᠯ ᠪᠠᠳᠤᠯᠠᠬᠤ ᠭᠡᠰᠡᠨ ᠶᠠᠪᠤᠳᠠᠯ  ᠪᠢᠰᠢ᠂ ᠦᠷᠯᠦᠭᠡ ᠰᠡᠷᠢᠭᠰᠡᠨ ᠤ ᠲᠠᠷᠠᠭ᠎ᠠ ᠴᠤᠭ ᠵᠢᠪᠬᠤᠯᠠᠩ ᠲᠠᠢ ᠲᠠᠭᠠᠯᠠᠮᠵᠢ ᠲᠠᠢ ᠪᠠᠶᠢᠳᠠᠯ ᠪᠤᠯᠴᠢᠬᠠᠨ᠎ᠠ᠃    ᠬᠤᠶᠠᠷ ᠲᠤ᠂  ᠪᠡᠶ᠎ᠡ ᠶᠢᠨ ᠲᠠᠮᠢᠷ ᠤᠨ ᠬᠦᠳᠡᠯᠭᠡᠭᠡᠨ ᠰᠠᠶᠢᠨ ᠬᠢᠬᠦ ᠭᠡᠷᠡᠭᠳᠡᠢ᠃  ᠡᠳᠦᠷ ᠪᠦᠷᠢ 30 —45 ᠮᠢᠨᠦ᠋ᠲ  ᠤᠨ ᠬᠦᠳᠡᠯᠭᠡᠭᠡᠨ ᠬᠢᠪᠡᠯ ᠡᠬᠡᠯᠢᠯᠡᠭᠡ ᠶᠢᠨ ᠡᠰ ᠤᠨ ᠲᠤᠭ᠎ᠠ ᠨᠡᠮᠡᠭᠳᠡᠵᠥ ᠡᠪᠡᠳᠴᠢᠨ ᠢ ᠡᠰᠡᠷᠬᠦᠴᠡᠬᠦ ᠴᠢᠳᠠᠪᠤᠷᠢ ᠲᠡᠭᠡᠭᠰᠢᠯᠡᠳᠡᠭ᠂  ᠬᠦᠳᠡᠯᠭᠡᠭᠡᠨ ᠨᠢ ᠭᠡᠳᠦᠷᠭᠡᠢ ᠰᠢᠷᠦᠬᠦᠨ ᠪᠤᠶᠤ ᠨᠢᠭᠡ ᠴᠠᠭ ᠢ ᠬᠡᠳᠦᠷᠡᠪᠡᠯ  ᠪᠡᠶ᠎ᠡ ᠮᠠᠬᠠᠪᠤᠳ‌‍ᠭᠡᠳᠡᠷᠬᠦ ᠪᠠᠨ ᠨᠢᠭᠡ ᠪᠦᠯᠦᠭ ᠬᠤᠷᠮᠤᠨ ᠡᠬᠦᠰᠭᠡᠵᠥ᠂ ᠡᠨᠡ ᠨᠢ ᠡᠬᠡᠯᠢᠯᠡᠭᠡ ᠶᠢᠨ ᠰᠢᠰᠲ᠋ᠧᠮ ᠤᠨ ᠠᠵᠢᠯᠯᠠᠭ᠎ᠠ  ᠶᠢ ᠬᠤᠷᠢᠬᠯᠠᠳᠠᠭ᠃  ᠡᠪᠡᠳᠴᠢᠨ   ᠢ    ᠡᠰᠡᠷᠬᠦᠴᠡᠬᠦ ᠴᠢᠳᠠᠪᠤᠷᠢ ᠶᠢ ᠪᠠᠭᠤᠷᠠᠭᠤᠯᠳᠠᠭ᠃     ᠭᠤᠷᠪᠠ ᠳᠤ᠂  ᠢᠯᠢᠵᠥ ᠨᠤᠬᠤᠯᠬᠤ ᠶᠢ ᠬᠢᠬᠦ ᠭᠡᠷᠡᠭᠳᠡᠢ᠃  ᠢᠯᠢᠵᠥ ᠨᠤᠬᠤᠯᠬᠤ ᠨᠢ ᠪᠡᠶ᠎ᠡ ᠮᠠᠬᠠᠪᠤᠳ ᠢ ᠲᠠᠶᠢᠪᠤᠰᠢᠷᠠᠭᠤᠯᠵᠥ᠂ ᠲᠠᠷᠤᠭᠠᠰᠦ ᠶᠢ ᠬᠦᠩᠭᠡᠷᠡᠬᠦᠯᠳᠡᠭ᠃ ᠡᠳᠦᠷ ᠪᠦᠷᠢ 45 ᠮᠢᠨᠦ᠋ᠲ  ᠤᠨ ᠢᠯᠢᠯᠡᠭᠡ ᠨᠤᠬᠤᠯᠤᠭ᠎ᠠ ᠶᠢ ᠰᠡᠷ᠎ᠠ ᠪᠠᠷᠢᠮᠳᠠᠯᠠᠪᠠᠯ ᠦᠪᠡᠷ ᠤᠨ ᠪᠡᠶ᠎ᠡ ᠶᠢᠨ ᠡᠪᠡᠳᠴᠢᠨ ᠢ  ᠡᠰᠡᠷᠬᠦᠴᠡᠬᠦ ᠴᠢᠳᠠᠪᠤᠷᠢ ᠶᠡᠬᠡᠪᠡᠷ ᠲᠡᠭᠡᠭᠰᠢᠯᠡᠵᠥ ᠡᠬᠡᠯᠢᠯᠡᠭᠡ ᠶᠢᠨ ᠴᠢᠳᠠᠪᠤᠷᠢ ᠢᠯᠡᠷᠭᠡᠢ ᠰᠠᠶᠢᠵᠢᠷᠠᠳᠠᠭ᠃     ᠲᠦᠷᠪᠡ ᠳᠤ᠂  ᠰᠠᠶᠢᠬᠠᠨ ᠬᠦᠰᠡᠯ ᠳᠡᠭᠡᠨ ᠰᠤᠬᠳᠤᠭᠤᠷᠠᠵᠥ ᠪᠠᠶᠢᠭᠠᠷᠠᠢ᠃  ᠡᠳᠦᠷ ᠪᠦᠷᠢ 5 ᠮᠢᠨᠦ᠋ᠲ ᠤᠨ ᠡᠳᠦᠷ ᠤᠨ ᠵᠡᠬᠦᠳᠦ ᠠᠪᠴᠦ ᠨᠢᠭᠡ ᠲᠠᠯ᠎ᠠ ᠪᠠᠷ ᠬᠦᠨ ᠠᠮᠢᠰᠬᠤᠨ ᠨᠦᠬᠦᠭᠡ ᠲᠠᠯ᠎ᠠ ᠪᠠᠷ ᠰᠠᠶᠢᠬᠠᠨ ᠬᠦᠰᠡᠯ  ᠳᠡᠭᠡᠨ ᠰᠤᠬᠳᠤᠭᠤᠷᠠᠵᠥ ᠪᠠᠶᠠᠷ ᠪᠠᠶᠠᠰᠤᠯ ᠲᠠᠢ ᠵᠢᠷᠤᠭ ᠲᠦᠷᠰᠦ ᠶᠢ ᠲᠠᠷᠢᠬᠢᠨ᠎ᠠ ᠦᠩᠭᠡᠷᠡᠬᠦ  ᠬᠤᠷᠤᠮ ᠳᠤ ᠡᠭᠡᠯᠢᠯᠡᠭᠡ ᠶᠢᠨ ᠡᠰ ᠤᠨ ᠲᠤᠭ᠎ᠠ ᠪᠠ ᠬᠦᠳᠡᠯᠭᠡᠭᠡᠨ ᠤ ᠴᠢᠳᠠᠪᠤᠷᠢ ᠲᠠᠭᠠᠯᠳᠤᠨ ᠨᠡᠮᠡᠭᠳᠡᠳᠡᠭ ᠪᠠᠶᠢᠨ᠎ᠠ᠃  ᠡᠶᠢᠮᠦ ᠠᠴᠠ ᠰᠠᠶᠢᠨ ᠰᠠᠶᠢᠬᠠᠨ ᠬᠦᠰᠡᠯ ᠲᠠᠢ ᠪᠠᠶᠢᠬᠤ ᠪᠤᠯ ᠦᠪᠡᠷ ᠤᠨ ᠪᠡᠶ᠎ᠡ ᠶᠢᠨ ᠡᠪᠡᠳᠴᠢᠨ ᠢ ᠡᠰᠡᠷᠬᠦᠴᠡᠬᠦ ᠴᠢᠳᠠᠪᠤᠷᠢ ᠪᠠᠨ    ᠲᠡᠭᠡᠭᠰᠢᠯᠡᠬᠦᠯᠦᠨ    ᠴᠢᠨᠠᠬᠰᠢᠯᠠᠨ ᠡᠪᠡᠳᠴᠢᠨ ᠢ ᠬᠤᠷᠢᠬᠯᠠᠨ᠂ ᠡᠷᠡᠬᠦᠯ ᠮᠡᠨᠳᠦ ᠪᠠᠶᠢᠯᠭᠠᠬᠤ ᠶᠢᠨ ᠴᠢᠬᠤᠯᠠ ᠰᠢᠯᠳᠠᠭᠠᠨ ᠪᠤᠯᠳᠠᠭ ᠠᠵᠠᠢ᠃     ᠲᠠᠪᠤ ᠳᠤ᠂  ᠤᠷᠠᠯᠢᠭ ᠤᠨ ᠠᠵᠢᠯᠯᠠᠭ᠎ᠠ ᠳᠤ ᠤᠷᠤᠯᠴᠠᠬᠤ ᠭᠡᠷᠡᠭᠳᠡᠢ᠃  ᠬᠦᠮᠦᠨ ᠢᠨᠢᠶᠡᠪᠡᠯ ᠡᠬᠡᠯᠢᠯᠡᠭᠡ ᠶᠢᠨ ᠡᠰ ᠨᠡᠩ ᠠᠮᠢᠳᠤᠯᠢᠬᠵᠢᠵᠥ᠂ ᠡᠪᠡᠳᠴᠢᠨ ᠢ ᠡᠰᠡᠷᠬᠦᠴᠡᠬᠦ ᠴᠢᠳᠠᠪᠤᠷᠢ ᠨᠡᠩ ᠲᠡᠭᠡᠭᠰᠢᠯᠡᠳᠡᠭ᠃  ᠬᠡᠷᠪᠡ ᠦᠪᠡᠷ ᠤᠨ ᠪᠡᠶ᠎ᠡ ᠴᠢᠨᠢ ᠶᠦᠮᠦᠷᠯᠢᠭ ᠲᠦᠷᠦᠭᠳᠡᠯ ᠲᠤᠳᠠᠭᠳᠠᠳᠠᠭ ᠪᠤᠯ    ᠬᠤᠱᠤᠩ    ᠵᠦᠴᠦᠭᠡ᠂ ᠱᠤᠭ       ᠵᠢᠷᠤᠭ ᠢᠯᠡᠬᠦᠭᠡᠨ ᠦᠵᠡᠭᠡᠷᠡᠢ᠃  ᠲᠠᠭᠤᠤ ᠬᠦᠭᠵᠢᠮ ᠨᠢ ᠪᠠᠰᠠ ᠦᠮᠡᠨ ᠡᠪᠡᠳᠴᠢᠨ ᠤ ᠲᠠᠭᠠᠭᠠᠴᠠ ᠶᠢ ᠨᠡᠮᠡᠭᠳᠡᠬᠦᠯᠳᠡᠭ᠃  ᠶᠡᠮᠠᠷᠪᠠ ᠬᠦᠭᠵᠢᠮ ᠴᠦ ᠭᠡᠳ ᠡᠷᠡᠬᠦᠯ ᠹᠢᠽᠢᠯᠦᠺᠢ ᠶᠢᠨ ᠲᠤᠰᠬᠠᠯ ᠳᠤ ᠰᠡᠳᠡᠯᠳᠡ ᠦᠭᠳᠡᠭ᠃ ᠡᠶᠢᠮᠦ ᠠᠴᠠ ᠬᠦᠮᠦᠨ  ᠤ ᠡᠷᠡᠬᠦᠯ ᠮᠡᠨᠳᠦ ᠶᠢᠨ ᠬᠡᠮᠵᠢᠶ᠎ᠡ ᠶᠢ ᠲᠡᠭᠡᠭᠰᠢᠯᠡᠬᠦᠯᠳᠡᠭ᠃    ᠵᠢᠷᠭᠤᠭ᠎ᠠ ᠳᠤ᠂  ᠰᠡᠳᠬᠢᠯ ᠤᠨ ᠮᠡᠳᠡᠭᠴᠢ ᠲᠠᠢ ᠪᠠᠨ ᠰᠤᠯᠢᠯᠴᠠᠵᠥ᠂ ᠰᠠᠨᠠᠭ᠎ᠠ ᠪᠤᠳᠤᠯ ᠢᠶᠠᠨ ᠤᠯᠤᠯᠴᠠᠬᠤ ᠭᠡᠷᠡᠭᠳᠡᠢ᠃  ᠨᠠᠶᠢᠵᠠ ᠤᠯᠠᠨ ᠲᠠᠢ ᠬᠦᠮᠦᠨ ᠠᠮᠠᠷᠬᠠᠨ ᠬᠢᠮᠤᠷᠠᠭ᠎ᠠ ᠲᠠᠬᠰᠢᠭᠤᠷ ᠳᠤ ᠨᠡᠷᠪᠡᠭᠳᠡᠬᠦ ᠦᠬᠡᠢ ᠡᠭᠡᠯᠢᠯᠡᠭᠡ  ᠶᠢᠨ ᠴᠢᠳᠠᠯ ᠨᠢ ᠴᠦ ᠵᠤᠵᠢᠭ ᠵᠠᠩ ᠲᠠᠢ ᠬᠦᠮᠦᠨ ᠤ ᠬᠢ ᠠᠴᠠ ᠬᠤᠯᠠ ᠰᠠᠶᠢᠨ ᠪᠠᠶᠢᠳᠠᠭ᠃  ᠰᠤᠳᠤᠯᠭᠠᠨ ᠳᠤ ᠬᠠᠷᠠᠭᠤᠯᠤᠭᠰᠠᠨ ᠢᠶᠠᠷ᠂  ᠰᠢᠯᠢᠳᠡᠭ ᠰᠠᠶᠢᠬᠠᠨ ᠨᠡᠶᠢᠭᠡᠮ ᠤᠨ ᠠᠵᠢᠯᠯᠠᠭ᠎ᠠ ᠨᠢ ᠬᠦᠮᠦᠨ ᠤ ᠪᠡᠶ᠎ᠡ ᠶᠢᠨ ᠲᠠᠷᠤᠭᠠᠰᠦ ᠶᠢ ᠬᠦᠩᠭᠡᠯᠡᠵᠥ ᠬᠦᠮᠦᠨ ᠤ ᠪᠡᠶ᠎ᠡ ᠶᠢᠨ ᠡᠬᠡᠯᠢᠯᠡᠭᠡ ᠶᠢᠨ ᠰᠢᠰᠲ᠋ᠧᠮ ᠤᠨ ᠠᠵᠢᠯᠯᠠᠭ᠎ᠠ ᠶᠢ ᠨᠦᠯᠦᠭᠡᠯᠡᠵᠥ ᠬᠦᠮᠦᠨ ᠤ ᠪᠡᠶ᠎ᠡ  ᠶᠢᠨ ᠡᠪᠡᠳᠴᠢᠨ ᠢ ᠡᠰᠡᠷᠬᠦᠴᠡᠬᠦ ᠴᠢᠳᠠᠪᠤᠷᠢ ᠶᠢ ᠴᠢᠩᠭᠠᠳᠬᠠᠳᠠᠭ ᠪᠠᠶᠢᠨ᠎ᠠ᠃ ᠡᠶᠢᠮᠦ ᠠᠴᠠ ᠤᠯᠠᠨ ᠰᠠᠶᠢᠬᠠᠨ ᠨᠠᠶᠢᠵᠠ  ᠲᠠᠢ ᠪᠤᠯᠵᠥ ᠵᠦᠪ ᠰᠠᠶᠢᠬᠠᠨ ᠨᠠᠶᠢᠵᠠ ᠲᠠᠢ ᠪᠤᠯᠤᠨ᠎ᠠ ᠭᠡᠳᠡᠭ ᠪᠤᠯ ᠨᠢᠭᠡ ᠲᠠᠯ᠎ᠠ ᠪᠠᠷ ᠪᠡᠶ᠎ᠡ ᠮᠠᠬᠠᠪᠤᠳ ᠢᠶᠠᠨ ᠴᠢᠬᠢᠷᠠᠬᠵᠢᠭᠤᠯᠵᠥ ᠨᠡᠩ ᠢᠯᠡᠩᠭᠤᠶ᠎ᠠ ᠡᠪᠡᠳᠴᠢᠨ ᠡᠮᠬᠡᠭ ᠢ ᠰᠡᠷᠭᠡᠶᠢᠯᠡᠬᠦ ᠳᠤ ᠪᠦᠷ ᠤᠯᠠᠨ ᠲᠠᠯ᠎ᠠ ᠶᠢᠨ ᠢᠳᠡᠪᠬᠢᠳᠡᠢ ᠦᠢᠯᠡᠳᠦᠯ ᠦᠵᠡᠬᠦᠯᠳᠡᠭ ᠶᠤᠮ ᠪᠠᠶᠢᠨ᠎ᠠ᠃          ᠢᠷᠡᠯᠳᠡ    ︽ᠰᠢᠨᠵᠢᠯᠡᠬᠦ ᠤᠬᠠᠭᠠᠨ ᠠᠮᠢᠳᠤᠷᠠᠯ ᠰᠡᠳᠬᠦᠯ︾
 
ᠢᠷᠡᠯᠲᠡ᠄ ︽ᠰᠢᠨᠵᠢᠯᠡᠬᠦ ᠤᠬᠠᠭᠠᠨ ᠠᠮᠢᠳᠤᠷᠠᠯ ᠰᠡᠳᠬᠦᠯ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号