ᠨᠠᠶᠢᠷ ᠨᠠᠭᠠᠳᠤᠮ ᠤᠨ ᠵᠦᠢᠯᠡᠰ ︵ᠬᠤᠶᠠᠷ︶ ᠮᠤᠷᠢ ᠣᠷᠣᠯᠳᠣᠬᠤ
ᠨᠡᠶᠢᠲᠡᠯᠡᠭᠰᠡᠨ ᠴᠠᠭ᠄
2024/5/31
   ᠬᠤᠷᠴᠢᠨ ᠵᠡᠬᠦᠨ ᠭᠠᠷᠤᠨ ᠬᠤᠶᠢᠳᠤ ᠬᠤᠰᠢᠭᠤ ᠪᠤᠯ ᠬᠠᠭᠠᠰ ᠮᠠᠯᠵᠢᠬᠤ ᠬᠠᠭᠠᠰ ᠲᠠᠷᠢᠶᠠᠯᠠᠬᠤ ᠤᠷᠤᠨ ᠪᠤᠯᠬᠤ ᠶᠤᠮ᠃ ᠡᠶᠢᠮᠤ ᠠᠴᠠ ᠬᠤᠶᠢᠳᠤ ᠬᠤᠰᠢᠭᠤᠨ ᠤ ᠬᠢᠨ ᠠᠳᠤᠭᠤ ᠠᠷᠠᠴᠢᠯᠠᠵᠤ ᠲᠡᠵᠢᠬᠡᠬᠦ ᠪᠠᠨ ᠶᠡᠷᠦ ᠬᠠᠶᠠᠭ᠎ᠠ ᠦᠬᠡᠢ ᠤᠳᠤ ᠳᠤ ᠬᠦᠷᠴᠦ ᠢᠷᠡᠭᠰᠡᠨ ᠶᠤᠮ᠃ ᠬᠤᠶᠢᠳᠤ ᠬᠤᠰᠢᠭᠤᠨ ᠤ ᠬᠢᠨᠢ ᠬᠠᠮᠤᠭ ᠤᠯᠠᠨ ᠳᠤ ᠪᠠᠨ ᠲᠦᠷᠪᠡᠨ ᠲᠦᠮᠡ ᠭᠠᠷᠤᠢ ᠠᠳᠤᠭᠤ ᠲᠠᠢ ᠪᠠᠶᠢᠯ᠎ᠠ ᠭᠡᠵᠤ ᠲᠡᠤᠬᠡ ᠲᠡᠮᠳᠡᠭᠯᠡᠯ ᠳᠤ ᠲᠡᠮᠳᠡᠭᠯᠡᠵᠤ ᠪᠠᠶᠢᠨ᠎ᠠ᠃ ᠶᠡᠭᠡ ᠤᠯᠠᠨ ᠠᠳᠤᠭᠤ ᠲᠡᠵᠢᠭᠡᠳᠡᠭ ᠭᠠᠵᠠᠷ ᠪᠠᠶᠢᠭᠰᠠᠨ ᠪᠤᠯᠬᠤᠷ ᠮᠤᠷᠢᠨ ᠤᠷᠤᠯᠳᠤᠭᠠᠨ ᠢ ᠶᠡᠭᠡ ᠬᠦᠡᠳᠦᠳᠭᠡᠳᠡᠭ ᠪᠠᠶᠢᠵᠠᠢ᠃   1992 ᠤᠨ ᠳᠤ᠂ ᠭᠤᠸᠠᠩᠵᠸᠤ ᠳᠤ ᠪᠣᠯᠤᠭᠰᠠᠨ ᠪᠦᠬᠦ ᠤᠯᠤᠰ ᠤᠨ《 ᠲᠤᠮᠳᠠᠳᠤ ᠶᠢᠨ ᠮᠣᠷᠢᠨ ᠸᠠᠩ》 ᠤᠨ ᠰᠠᠭᠤᠷᠢᠨ ᠢ ᠲᠡᠮᠡᠴᠡᠬᠦ ᠬᠤᠷᠳᠤᠨ ᠮᠣᠷᠢᠨ ᠤ ᠤᠷᠤᠯᠳᠤᠭᠠᠨ ᠳᠤ ᠬᠤᠷᠴᠢᠨ ᠵᠡᠬᠦᠨ ᠬᠤᠶᠢᠳᠤ ᠬᠤᠰᠢᠭᠤᠨ ᠤ ᠵᠠᠭᠠᠨ᠎ᠠ ᠶᠢᠨ ᠬᠠᠯᠵᠠᠨ ᠵᠡᠭᠡᠷᠳᠡ ᠮᠣᠷᠢ《 ᠲᠤᠮᠳᠠᠳᠤ ᠶᠢᠨ ᠮᠣᠷᠢᠨ ᠸᠠᠩ 》 ᠤᠨ ᠰᠠᠭᠤᠷᠢᠨ ᠢ ᠲᠡᠮᠡᠴᠡᠨ ᠤᠯᠤᠭᠰᠠᠨ ᠢᠶᠠᠷ ᠪᠠᠷᠠᠬᠤ ᠦᠬᠡᠢ ᠰᠡᠭᠦᠯᠡᠷ ᠨᠢ ᠲᠤᠰ ᠲᠦᠷᠦᠯ ᠤᠨ ᠤᠷᠤᠯᠳᠤᠭᠠᠨ ᠳᠤ ᠲᠠᠬᠢᠨ ᠬᠤᠶᠠᠷ ᠤᠳᠠᠭ᠎ᠠ ᠲᠡᠷᠢᠬᠦᠯᠡᠵᠦ ᠠᠯᠳᠠᠨ ᠮᠧᠲ᠋ᠠᠯ ᠭᠠᠷᠳᠠᠭᠰᠠᠨ ᠢᠶᠠᠷ ᠲᠤᠰ ᠬᠤᠰᠢᠭᠤ ᠨᠢ《 ᠲᠤᠮᠳᠠᠳᠤ ᠶᠢᠨ ᠮᠣᠷᠢᠨ ᠸᠠᠩ》 ᠭᠡᠬᠦ ᠰᠠᠶᠢᠬᠠᠨ ᠠᠯᠳᠠᠷ ᠢ ᠬᠦᠷᠳᠡᠭᠰᠡᠨ ᠶᠤᠮ᠃   ᠬᠤᠰᠢᠭᠤ ᠨᠤᠲᠤᠭ ᠤᠨ ᠬᠦᠮᠦᠨ ᠠᠷᠠᠳ ᠤᠨ ᠦᠡᠳᠦᠰᠦᠳᠡᠨ ᠤ ᠤᠯᠠᠮᠵᠢᠯᠠᠯᠳᠤ ᠰᠤᠶᠤᠯ ᠢᠶᠠᠨ ᠬᠦᠡᠳᠦᠳᠭᠡᠨ ᠦᠵᠡᠵᠦ᠂ ᠬᠦᠴᠦᠯᠡᠨ ᠵᠢᠳᠬᠦᠵᠦ᠂ ᠬᠤᠶᠢᠰᠢᠳᠠ ᠤᠯᠠᠮᠵᠢᠯᠠᠨ ᠲᠡᠯᠭᠡᠷᠡᠬᠦᠯᠵᠦ ᠪᠠᠶᠢᠭ᠎ᠠ ᠪᠣᠶᠠᠡᠰᠠᠭ ᠠᠵᠤ ᠶᠢᠨ ᠠᠴᠢ ᠲᠤᠰᠠ ᠵᠢᠴᠢ ᠵᠤᠭᠠᠴᠠᠯ ᠤᠨ ᠦᠢᠯᠡᠰ ᠤᠨ ᠬᠦᠭᠵᠢᠯᠳᠡ ᠶᠢ ᠲᠠᠭᠠᠯᠳᠤᠨ ᠤᠳᠤ ᠲᠤᠰ ᠬᠤᠰᠢᠭᠤᠨ ᠤ ᠬᠢᠨᠢ1.5 ᠲᠦᠮᠡ ᠭᠠᠷᠤᠢ ᠲᠤᠯᠤᠭᠠᠢ ᠠᠳᠤᠭᠤ ᠲᠠᠢ ᠪᠦᠭᠡᠳ ᠵᠢᠯ ᠪᠦᠷᠢ1000 ᠭᠠᠷᠤᠢ ᠬᠦᠮᠦᠨ ᠤᠳᠠᠭ᠎ᠠ ᠤᠷᠤᠯᠳᠤᠭᠠᠨ  ᠳᠤ ᠤᠷᠤᠯᠴᠠᠵᠤ᠂ ᠮᠤᠵᠢ ᠤᠷᠤᠨ ᠤ ᠲᠡᠰ ᠠᠴᠠ ᠲᠡᠭᠡᠭᠰᠢ ᠤᠷᠤᠯᠳᠤᠭᠠᠨ ᠳᠤ135 ᠱᠠᠩᠨᠠᠯ ᠤᠨ ᠮᠧᠲᠠᠯ ᠬᠦᠷᠳᠡᠵᠦ ᠶᠠᠪᠤᠭ᠎ᠠ ᠶᠤᠮ᠃ ᠲᠤᠰ ᠬᠤᠰᠢᠭᠤᠨ ᠤ ᠠᠳᠤᠭᠤᠨ ᠰᠤᠶᠤᠯ ᠤᠨ ᠨᠡᠶᠢᠬᠡᠮᠯᠢᠭ ᠲᠤ200 ᠭᠠᠷᠤᠢ ᠬᠡᠰᠢᠬᠦᠨ ᠲᠠᠢ ᠪᠣᠯᠵᠤ᠂ ᠲᠤᠰᠬᠠᠢ ᠤᠷᠤᠯᠳᠤᠭᠠᠨ ᠮᠣᠷᠢ ᠠᠷᠠᠴᠢᠯᠠᠨ ᠲᠡᠵᠢᠭᠡᠬᠦ ᠬᠠᠯᠠᠮᠰᠢᠯ ᠲᠠᠢ ᠡᠷᠦᠬᠡ40 ᠭᠠᠷᠤᠢ ᠡᠷᠦᠬᠡ ᠪᠤᠯᠤᠨ ᠨᠡᠮᠡᠭᠳᠡᠭᠰᠡᠨ ᠪᠠᠶᠢᠨ᠎ᠠ᠃ ᠡᠬᠦᠨ ᠳᠤ5 ᠡᠷᠦᠬᠡ ᠨᠢ ᠭᠠᠳᠠᠭᠠᠳᠤ ᠶᠢᠨ ᠴᠡᠪᠡᠷ ᠴᠢᠰᠤᠨ ᠤᠳᠤᠮ ᠤᠨ ᠠᠵᠢᠷᠭ᠎ᠠ ᠶᠢ ᠤᠷᠤᠭᠤᠯᠤᠨ ᠠᠪᠴᠢᠷᠠᠵᠤ᠂ ᠮᠤᠩᠭᠤᠯ ᠠᠳᠤᠭᠤ ᠶᠢᠨ ᠡᠬᠦᠯᠳᠡᠷ ᠰᠠᠶᠢᠵᠢᠷᠠᠭᠤᠯᠬᠤ ᠠᠵᠢᠯ ᠢ ᠭᠠᠷᠳᠠᠨ ᠬᠠᠶᠢᠵᠤ ᠪᠠᠶᠢᠨ᠎ᠠ᠃  ᠮᠤᠷᠢᠨ ᠤᠷᠤᠯᠳᠤᠭᠠᠨ ᠳᠤ ᠬᠤᠷᠳᠤᠨ ᠮᠤᠷᠢᠨ ᠤ ᠬᠤᠯᠠ ᠬᠦᠶᠦᠬᠦ ᠤᠷᠤᠯᠳᠤᠭᠠᠨ᠂ ᠬᠤᠷᠳᠤᠨ ᠮᠤᠷᠢᠨ ᠤ ᠤᠶᠢᠷ᠎ᠠ ᠬᠦᠶᠦᠯᠲᠠ ᠶᠢᠨ ᠤᠷᠤᠯᠳᠤᠭᠠᠨ᠂ ᠵᠢᠷᠤᠭ᠎ᠠ ᠮᠤᠷᠢᠨ ᠤ ᠤᠷᠤᠯᠳᠣᠭᠠᠨ᠂ ᠬᠠᠳᠠᠷᠢᠶ᠎ᠠ ᠮᠤᠷᠢᠨ ᠤ ᠤᠷᠤᠯᠳᠤᠭᠠᠨ᠂ ᠦᠷᠢᠶ᠎ᠡ ᠮᠤᠷᠢᠨ ᠤ ᠤᠷᠤᠯᠳᠣᠭᠠᠨ ᠪᠠ ᠲᠠᠭ᠎ᠠ ᠮᠤᠷᠢᠨ ᠤ ᠤᠷᠤᠯᠳᠤᠭᠠᠨ ᠭᠡᠵᠤ ᠬᠤᠪᠢᠶᠠᠵᠤ ᠶᠠᠪᠤᠭᠳᠠᠭᠤᠯᠳᠠᠭ᠃ ᠤᠳᠤ ᠵᠢᠷᠤᠭ᠎ᠠ ᠬᠠᠳᠠᠷᠢᠶ᠎ᠠ ᠮᠤᠷᠢ ᠶᠢ ᠢᠯᠭᠠᠬᠤ ᠦᠬᠡᠢ ᠨᠢᠭᠡ ᠯᠠ ᠤᠷᠤᠯᠳᠤᠳᠠᠭ ᠪᠣᠯᠵᠠᠢ᠃   ᠠᠭᠲᠠ ᠮᠤᠷᠢᠨ ᠤ ᠬᠤᠷᠲᠤᠨ ᠬᠤᠯᠠ ᠬᠦᠶᠦᠯᠲᠡ ᠨᠢ 40 — 60 ᠭᠠᠵᠠᠷ ᠤᠨ ᠵᠠᠢ ᠳᠤ ᠨᠠᠶᠢᠷ ᠨᠠᠭᠠᠳᠣᠮ  ᠤᠨ ᠬᠡᠪᠴᠢᠶ᠎ᠡ᠂ ᠴᠠᠭ ᠤᠯᠠᠷᠢᠯ ᠤᠨ ᠪᠠᠶᠢᠳᠠᠯ ᠵᠢᠴᠢ ᠭᠠᠵᠠᠷ ᠤᠷᠤᠨ ᠤ ᠪᠤᠳᠠᠳᠤ ᠪᠠᠶᠢᠳᠠᠯ ᠢ ᠦᠨᠳᠣᠰᠣᠯᠡᠨ ᠲᠤᠭᠳᠠᠭᠠᠳᠠᠭ᠃ ᠡᠨᠡᠬᠦ ᠤᠷᠤᠯᠳᠤᠭᠠᠨ ᠮᠤᠩᠭᠤᠯ ᠦᠨᠳᠤᠰᠤᠳᠡᠨ ᠤ ᠤᠯᠠᠮᠵᠢᠯᠠᠯᠲᠤ ᠨᠠᠶᠢᠷ ᠨᠠᠭᠠᠳᠣᠮ ᠤᠨ ᠲᠤᠳᠤᠷᠠᠬᠢ ᠬᠦᠮᠥᠰ ᠤᠨ ᠪᠠᠭ᠋ᠠᠷᠤᠯ ᠰᠣᠨᠢᠷᠬᠠᠯ ᠢ ᠬᠠᠮᠤᠭ ᠢᠯᠡᠬᠦᠦ ᠲᠠᠳᠠᠳᠠᠭ ᠤᠷᠤᠯᠳᠤᠭᠠᠨ ᠪᠤᠯᠤᠨ᠎ᠠ᠃  ᠠᠭᠲᠠ ᠮᠤᠷᠢᠨ ᠤ 20 — 30 ᠭᠠᠵᠠᠷ ᠤᠨ ᠤᠷᠤᠯᠳᠤᠭᠠᠨ ᠳᠤ ᠡᠷᠡᠭᠳᠡᠢ᠂ ᠡᠮᠡᠭᠳᠡᠢ ᠵᠠᠯᠠᠭᠤ ᠢᠳᠡᠷᠴᠣᠳ ᠣᠷᠣᠯᠴᠠᠵᠦ᠂ ᠭᠡᠤᠭᠡᠳ ᠪᠠᠭᠠᠴᠣᠳ ᠢ ᠤᠷᠤᠯᠴᠠᠭᠤᠯᠬᠤ ᠦᠭᠡᠢ᠃ ᠡᠮᠡᠬᠡᠯ ᠲᠠᠢ ᠮᠤᠷᠢ ᠤᠨᠤᠵᠦ ᠴᠠᠭᠠᠷᠢᠭ ᠢᠶᠠᠷ ᠲᠤᠭᠤᠶᠢᠯᠠᠨ ᠲᠤᠪᠳᠣᠯᠭᠠᠵᠦ ᠲᠡᠷᠢᠬᠦᠨ᠂ ᠲᠡᠳ᠋᠂ ᠭᠤᠳᠠᠭᠠᠷ ᠢ ᠰᠢᠯᠭᠠᠷᠠᠭᠤᠯᠤᠨ ᠲᠤᠳᠤᠯᠠᠳᠠᠭ᠃   ᠬᠤᠷᠳᠦᠨ ᠮᠤᠷᠢᠨ ᠤ ᠤᠷᠤᠯᠳᠤᠭᠠᠨ ᠲᠠᠢ ᠬᠠᠷᠢᠴᠠᠭᠤᠯᠪᠠᠯ ᠡᠨᠡ ᠣᠷᠣᠯᠳᠣᠭᠠᠨ ᠤ ᠬᠦᠶᠥᠯᠲᠡ ᠶᠢᠨ ᠵᠠᠢ ᠨᠢ ᠤᠬᠤᠷᠬᠠᠨ ᠪᠠᠶᠢᠳᠠᠭ᠃ ᠡᠩ ᠤᠨ ᠪᠠᠶᠢᠳᠠᠯ ᠲᠤᠤᠷ᠎ᠠ 5 — 8 ᠭᠠᠵᠠᠷ ᠤᠨ ᠤᠷᠲᠦ᠃ ᠤᠴᠢᠷ ᠨᠢ ᠤᠷᠤᠯᠳᠤᠭᠠᠨ ᠤ ᠮᠤᠷᠢᠳ ᠢ ᠦᠨᠳᠦᠷ ᠬᠤᠷᠳᠤᠴᠠ ᠶᠢᠨ ᠨᠢᠬᠡ ᠯᠠ ᠬᠡᠪ ᠢᠶᠠᠷ ᠠᠮᠢᠰᠬᠤᠯ ᠠᠪᠤᠯ ᠦᠬᠡᠢ ᠬᠤᠯᠠ ᠭᠠᠵᠠᠷ ᠵᠢᠷᠤᠭᠠᠯᠠᠭᠤᠯᠪᠠᠯ ᠪᠣᠯᠴᠢᠩ ᠮᠢᠬ᠎ᠠ ᠨᠢ ᠬᠦᠰᠢᠵᠦ ᠵᠢᠷᠤᠭᠠᠯᠠᠵᠦ ᠴᠢᠳᠠᠬᠤ ᠦᠬᠡᠢ ᠪᠤᠯᠴᠢᠬᠠᠳᠠᠭ᠃ ᠡᠨᠡᠬᠦ ᠤᠷᠤᠯᠳᠣᠭᠠᠨ ᠣᠰᠣᠨ ᠲᠡᠯᠡᠮᠡᠨ ᠨᠢᠰᠣᠮ᠎ᠠ ᠵᠢᠷᠤᠭ᠎ᠠ ᠳᠤ ᠭᠠᠨᠵᠤᠭ᠎ᠠ ᠲᠡᠬᠦᠯᠢᠨ ᠬᠡᠶᠢᠰᠴᠦ ᠬᠦᠯᠢᠮ ᠵᠢᠬᠢᠮ᠎ᠡ ᠲᠡᠯᠢᠭᠡᠳ ᠲᠠᠮᠢᠷᠴᠢᠳ ᠤᠨ ᠵᠠᠰᠠᠵᠦ ᠴᠢᠮᠡᠭᠯᠡᠭᠰᠡᠨ ᠲᠣᠯᠣᠭᠠᠢ ᠶᠢᠨ ᠤᠷᠢᠶᠠᠯᠲᠠ᠂ ᠲᠡᠷᠯᠢᠭ᠂ ᠪᠦᠰᠡ ᠪᠦᠰᠡᠯᠡᠭᠦᠷ ᠤᠨ ᠰᠠᠨᠴᠢᠭ ᠲᠠᠢ ᠤᠶᠠᠯᠳᠤᠨ ᠨᠢᠬᠡᠯᠡ ᠴᠤᠭᠴᠠ ᠪᠤᠯᠵᠦ ᠦᠵᠡᠮᠵᠢ ᠦᠵᠡᠮᠥᠷᠢ ᠲᠡᠬᠦᠰ ᠪᠦᠷᠢᠳᠦᠭᠡᠳ ᠬᠦᠮᠥᠰ ᠤᠨ ᠠᠩᠬᠠᠷᠤᠯ ᠢ ᠬᠠᠮᠤᠭ ᠶᠡᠭᠡ ᠪᠠᠷ ᠲᠠᠳᠠᠵᠦ ᠰᠡᠳᠬᠢᠯ ᠢ ᠬᠠᠮᠤᠭ ᠰᠢᠷᠦᠬᠦᠨ ᠢᠶᠠᠷ ᠬᠦᠳᠡᠯᠭᠡᠳᠡᠭ᠃   ᠬᠠᠳᠠᠷᠢᠶ᠎ᠠ ᠬᠦᠶᠥᠳᠡᠯ ᠨᠢ ᠤᠷᠠᠨ ᠬᠦᠳᠡᠯᠥᠯ᠂ ᠬᠤᠯᠠ ᠶᠢᠨ ᠲᠠᠭᠠᠭᠠᠴᠠ ᠶᠢ ᠰᠢᠯᠭᠠᠷᠠᠭᠤᠯᠬᠤ ᠶᠢᠨ ᠤᠴᠢᠷ ᠡᠩ  ᠤᠨ ᠪᠠᠶᠢᠳᠠᠯ ᠲᠤᠤᠷ᠎ᠠ 6 — 10 ᠭᠠᠵᠠᠷ ᠤᠨ ᠵᠠᠢ ᠳᠤ ᠤᠷᠤᠯᠳᠤᠳᠠᠭ᠃ ᠤᠨᠤᠰᠢ ᠲᠠᠢ ᠮᠤᠷᠢᠳ ᠲᠡᠭᠡᠲᠦ ᠬᠤᠷᠳᠤᠴᠠ ᠶᠢᠨ ᠤᠷᠬᠢᠯ ᠢᠶᠠᠷ ᠬᠡᠳᠦᠷᠬᠡᠢ ᠬᠤᠯᠠ ᠬᠦᠶᠦᠯᠬᠡᠪᠡᠯ ᠵᠦᠳᠡᠷᠡᠯ ᠶᠡᠭᠡ ᠪᠠᠶᠢᠵᠦ ᠰᠣᠯᠠᠳᠠᠳᠠᠭ ᠠᠴᠠ ᠪᠤᠳᠠᠳᠣ ᠪᠠᠶᠢᠳᠠᠯ ᠳᠤ ᠲᠤᠬᠢᠷᠠᠭᠤᠯᠤᠨ ᠡᠴᠣᠰ ᠤᠨ ᠱᠣᠭᠤᠮ ᠢ ᠰᠢᠪᠳᠣᠯᠣᠨ ᠭᠠᠷᠬᠤ ᠪᠠᠷ ᠲᠡᠰ ᠳ᠋ᠤᠭᠠᠷ ᠢ ᠢᠯᠭᠠᠳᠠᠭ᠃   ᠪᠠᠭᠠᠴᠣᠳ ᠬᠡᠣᠬᠡᠳ ᠬᠢᠵᠠᠯᠠᠩ ᠦᠷᠢᠶ᠎ᠡ ᠶᠢ ᠵᠠᠶᠢᠳᠠᠩ ᠤᠨᠤᠵᠦ10 — 20 ᠭᠠᠵᠠᠷ ᠤᠨ ᠠᠯᠥᠰ ᠤᠷᠤᠯᠳᠤᠭᠠᠨ ᠶᠠᠪᠤᠭᠳᠠᠭᠤᠯᠳᠠᠭ᠃ ᠣᠷᠣᠯᠳᠣᠭᠠᠨ ᠬᠢᠨᠠᠭᠴᠢ ᠮᠤᠷᠢᠨ ᠤ ᠰᠢᠳᠦ ᠶᠢ ᠪᠠᠶᠢᠴᠠᠭᠠᠬᠤ ᠪᠠᠷ ᠨᠠᠰᠣ ᠶᠢ ᠲᠤᠭᠳᠠᠭᠠᠵᠦ ᠤᠷᠤᠯᠳᠠᠳᠠᠭ᠃ ᠪᠠᠭᠠᠴᠣᠳ ᠬᠡᠤᠬᠡᠳ ᠤᠨ ᠤᠷᠤᠯᠳᠣᠭᠠᠨ ᠲᠤᠯᠠ ᠦᠵᠡᠭᠴᠢᠳ ᠤᠨ ᠠᠩᠬᠠᠷᠤᠯ ᠢ ᠢᠯᠡᠭᠦᠥ ᠲᠠᠳᠠᠳᠠᠭ᠃   ᠤᠪᠤᠭᠠᠨ ᠲᠠᠬᠢᠯᠭ᠎ᠠ᠂ ᠱᠠᠩᠰᠢ ᠶᠢᠨ ᠲᠠᠬᠢᠯᠭ᠎ᠠ᠂ ᠪᠣᠯᠠᠭ ᠣᠰᠣᠨ ᠲᠠᠬᠢᠯᠭ᠎ᠠ ᠪᠤᠶᠤ ᠨᠠᠰᠣᠨ ᠪᠠᠶᠠᠷ ᠵᠡᠷᠬᠡ ᠬᠠᠮᠲᠦ ᠨᠡᠶᠢᠲᠡ ᠶᠢᠨ ᠪᠤᠶᠤ ᠬᠤᠪᠢ ᠬᠦᠮᠥᠨ ᠤ ᠡᠷᠬᠢᠯᠡᠭᠡ ᠨᠠᠶᠢᠷ ᠨᠠᠭᠠᠳᠣᠮ ᠳᠤ ᠰᠣᠷᠢᠵᠦ ᠴᠠᠭᠠᠷᠠᠭᠤᠯᠤᠭᠰᠠᠨ ᠬᠦᠶᠤᠳᠡᠯ  ᠲᠠᠢ ᠲᠠᠭ᠎ᠠ ᠶᠢ ᠪᠢᠴᠢᠬᠠᠨ ᠬᠡᠤᠬᠡᠳ ᠵᠠᠶᠢᠳᠠᠩ ᠤᠨᠤᠭᠠᠳ ᠪᠤᠳᠠᠳᠤ ᠪᠠᠶᠢᠳᠠᠯ ᠢᠶᠠᠨ ᠦᠨᠳᠣᠰᠣᠯᠡᠵᠦ ᠰᠢᠯᠤᠭᠤᠨ ᠠᠰᠬᠠᠨ ᠪᠤᠶᠤ ᠲᠤᠭᠤᠷᠢᠭ ᠴᠠᠭᠠᠷᠢᠭ ᠢ ᠡᠷᠬᠢᠯᠳᠦᠨ 4 — 8 ᠭᠠᠵᠠᠷ ᠤᠨ ᠵᠠᠢ ᠳᠤ ᠤᠷᠤᠯᠳᠤᠳᠠᠭ᠃    ᠤᠷᠤᠯᠳᠣᠭᠠᠨ ᠡᠬᠢᠯᠡᠬᠦ ᠦᠶᠡᠰ ᠵᠠᠰᠠᠵᠦ ᠴᠢᠮᠡᠭᠯᠡᠭᠰᠡᠨ ᠤᠨᠤᠭᠠᠴᠢᠳ ᠭᠤᠶᠤᠯᠠᠵᠦ ᠴᠢᠮᠡᠭᠰᠡᠨ ᠠᠭᠲᠠ ᠪᠠᠨ ᠤᠨᠤᠵᠦ ᠤᠶᠠᠭᠠᠴᠢᠨ ︵ᠰᠣᠷᠭᠠᠭᠴᠢ︶ ᠤ ᠬᠦᠳᠦᠯᠥᠭᠡ ᠪᠠᠷ ᠨᠢᠭᠡ ᠮᠥᠷ ᠢᠶᠠᠷ ᠨᠠᠶᠢᠷ ᠤᠨ ᠲᠠᠯᠠᠪᠠᠢ ᠳᠤ ᠤᠷᠤᠭᠰᠠᠨ  ᠤ ᠲᠠᠷᠠᠭ᠎ᠠ ᠵᠠᠩᠵᠦᠨ ᠮᠠᠯᠠᠭᠠᠢ ᠲᠠᠢ᠂ ᠶᠤᠰᠤᠯᠠᠯ ᠤᠨ ᠲᠡᠪᠡᠯ ᠬᠡᠳᠦᠷᠣᠭ᠍ᠰᠡᠨ ᠠᠬᠠᠮᠠᠳ ᠬᠢᠨᠠᠭᠴᠢ ᠵᠢᠷᠤᠭ᠎ᠠ ᠬᠠᠲᠠᠷᠢᠶ᠎ᠠ ᠮᠤᠷᠢᠨ ᠳᠤ ᠰᠠᠭᠠᠳᠠᠨ ᠤᠷᠤᠯᠳᠤᠭᠠᠨ ᠤ ᠮᠤᠷᠢᠳ ᠢ ᠲᠠᠭᠠᠭᠤᠯᠵᠦ ᠤᠷᠤᠯᠳᠤᠭᠠᠨ ᠤ ᠲᠠᠯᠠᠪᠠᠢ ᠶᠢ ᠨᠠᠷᠠᠨ ᠤ ᠡᠷᠬᠢᠯᠲᠡ  ᠪᠠᠷ ᠵᠦᠪ ᠭᠤᠷᠪᠠᠨᠲᠠ ᠡᠷᠭᠢᠭᠡᠳ ᠤᠷᠤᠯᠳᠤᠭᠠᠨ ᠤ ᠱᠣᠭᠤᠮ ᠳᠤ ᠣᠴᠢᠨ᠎ᠠ᠃    ᠬᠢᠨᠠᠭᠴᠢ ᠠᠴᠠ ᠮᠤᠷᠢ᠂ ᠡᠵᠡᠨ ᠢ ᠨᠢᠬᠡ ᠨᠢᠬᠡ ᠪᠠᠷ ᠨᠡᠷᠡᠯᠡᠨ ᠲᠠᠭᠤᠳᠠᠬᠤ ᠪᠦᠷᠢ ᠲᠡᠮᠢᠷᠴᠢᠳ ᠨᠡᠷ᠎ᠡ ᠲᠣᠷᠠᠳᠣᠭᠰᠠᠨ ᠲᠠᠷᠠᠭᠠᠯᠠᠯ ᠢᠶᠠᠷ ᠲᠠᠯᠠᠪᠠᠢ ᠳᠤ ᠣᠷᠣᠨ᠎ᠠ᠃ ᠤᠷᠤᠯᠳᠤᠭᠰᠠᠳ ᠢ ᠨᠡᠷ᠎ᠡ ᠪᠦᠷᠢᠳᠭᠡᠨ ᠨᠡᠶᠢᠳᠡᠯᠡᠨ᠎ᠡ᠃    ᠤᠷᠤᠯᠳᠤᠭᠠᠨ ᠡᠬᠢᠯᠡᠬᠦ ᠠᠴᠠ ᠡᠮᠤᠨ᠎ᠡ ᠲᠤᠰ ᠣᠳᠠᠭᠠᠨ ᠤ ᠤᠷᠤᠯᠳᠤᠭᠠᠨ ᠳᠤ ᠤᠷᠤᠯᠴᠠᠬᠤ ᠮᠤᠷᠢᠳ ᠤᠨ ᠦᠩᠭᠡ ᠵᠢᠰᠦᠮ᠂ ᠨᠤᠳᠤᠭ ᠤᠷᠤᠨ᠂ ᠤᠨᠤᠭᠰᠠᠨ ᠡᠵᠡᠨ ᠵᠢᠴᠢ ᠠᠯᠢ ᠮᠤᠷᠢ ᠨᠢ ᠠᠯᠢ ᠭᠠᠵᠠᠷ ᠤᠨ ᠶᠠᠮᠠᠷ ᠤᠷᠤᠯᠳᠣᠭᠠᠨ ᠳᠤ ᠬᠢᠷᠢ ᠵᠡᠷᠭᠡ ᠪᠦᠳᠦᠮᠵᠢ ᠤᠯᠵᠦ ᠶᠠᠮᠠᠷ ᠱᠠᠩᠨᠠᠯ ᠭᠠᠷᠳᠠᠨ ᠠᠯᠳᠠᠷ ᠨᠡᠷ᠎ᠡ ᠲᠡᠮᠳᠡᠭᠯᠡᠭᠳᠡᠭᠰᠡᠨ ᠢ ᠨᠠᠷᠢᠨ ᠨᠢᠭᠲᠠ ᠲᠠᠨᠢᠯᠴᠠᠭᠤᠯᠤᠨ᠎ᠠ᠃    ᠣᠷᠣᠯᠳᠣᠭᠠᠨ ᠡᠬᠢᠯᠡᠬᠦ ᠲᠠᠢ ᠵᠡᠷᠭᠡ᠂ ᠮᠤᠷᠢ ᠤᠨᠤᠭ᠎ᠠ ᠶᠢ ᠨᠠᠰᠤᠳᠠ ᠠᠷᠠᠴᠢᠯᠠᠨ ᠲᠤᠳᠤᠮᠳᠠᠭᠰᠠᠨ ᠪᠠ ᠵᠠᠯᠠᠭᠤ ᠪᠠᠭ᠎ᠠ ᠳᠤ ᠪᠠᠨ ᠤᠯᠠᠨᠳᠠ ᠤᠷᠤᠯᠳᠤᠭᠠᠨ ᠳᠤ ᠣᠷᠣᠯᠴᠠᠵᠦ ᠨᠠᠰᠣ ᠠᠭᠰᠢᠷᠠᠭᠠᠳ ᠠᠮᠠᠷᠠᠭᠰᠠᠨ ᠨᠠᠰᠣᠳᠠᠨ ᠠᠬᠠᠮᠠᠳ  ᠢᠶᠠᠷ ᠪᠦᠷᠢᠯᠳᠦᠭᠰᠡᠨ ᠢᠷᠦᠬᠡᠯᠴᠢᠳ ᠬᠠᠮ ᠬᠤᠭᠤᠯᠠᠢ ᠨᠡᠶᠢᠯᠡᠬᠦᠯᠥᠨ ᠢᠷᠦᠭᠡᠳᠡᠭ᠄    ᠤᠷᠤᠯᠳᠤᠭᠠᠨ ᠮᠤᠷᠢᠨ ᠤ ᠢᠷᠦᠭᠡᠯ ︽ᠤᠮ ᠰᠠᠶᠢᠨ ᠠᠮᠤᠭᠤᠯᠠᠩ ᠪᠤᠯᠳᠤᠭᠠᠢᠡᠩᠭᠡ ᠰᠠᠶᠢᠨ ᠵᠢᠷᠭᠠᠯᠠᠩ ᠪᠤᠯᠳᠤᠭᠠᠢᠣᠷᠴᠢᠯᠠᠩ ᠲᠡᠯᠡᠭᠡᠢ ᠶᠢᠨ ᠨᠠᠪᠳᠠᠭ ᠰᠠᠪᠳᠠᠭᠤᠷᠤᠨ ᠨᠤᠳᠤᠭ ᠤᠨ ᠡᠵᠡᠳ ᠰᠠᠬᠢᠭᠤᠯᠰᠣᠨ ᠲᠤᠷᠠᠶᠢᠯᠠᠳᠬᠠᠨ ᠲᠡᠪᠰᠢᠬᠦᠯᠬᠦ ᠠᠮᠠᠨ ᠦᠴᠢᠭ ᠭᠡᠪᠡᠯᠬᠦᠷᠦᠨ ᠣᠯᠣᠰ ᠢᠳᠡᠭᠡᠯᠡᠪᠡᠬᠦᠪᠴᠢᠨ ᠬᠠᠩᠭᠠᠢ ᠪᠠᠶᠠᠰᠪᠠᠬᠦᠷ ᠨᠠᠶᠢᠷ ᠳᠤ ᠴᠢᠨᠢ ᠰᠢᠳᠦᠵᠦᠬᠦᠯᠥᠭ ᠮᠤᠷᠢᠳ ᠢᠶᠠᠨ ᠤᠷᠤᠯᠳᠤᠭᠤᠯᠤᠶ᠎ᠠ︕ᠭᠠᠯᠠᠪ ᠲᠡᠯᠡᠭᠡᠢ ᠪᠠᠶᠠᠰᠪᠠᠭᠠᠵᠠᠷ ᠣᠰᠣ ᠢᠳᠡᠭᠡᠯᠡᠨᠭᠠᠶᠢᠬᠠᠮᠰᠢᠭᠲᠦ ᠪᠤᠶᠠᠨ ᠳᠤ ᠰᠢᠳᠦᠵᠦᠭᠠᠩᠭᠠᠩ ᠬᠦᠯᠥᠭ ᠢᠶᠠᠨ ᠣᠷᠣᠯᠳᠣᠭᠤᠯᠣᠶ᠎ᠠ︕ᠠᠰᠣᠷᠢ ᠬᠤᠷᠮᠤᠰᠲᠠ ᠲᠡᠭᠷᠢ ᠶᠢᠨᠠᠰᠢᠭ ᠰᠢᠮᠡᠲᠦ ᠨᠤᠳᠤᠭ ᠤᠨᠠᠯᠢᠪᠠ ᠡᠵᠡᠳ ᠰᠠᠬᠢᠭᠤᠯᠰᠣᠨᠠᠴᠢᠯᠠᠨ ᠦᠷᠦᠰᠢᠶᠡᠨ ᠠᠵᠢᠶᠠᠷᠮᠥ᠂ᠡᠩᠭᠡ ᠲᠡᠯᠭᠡᠷ ᠨᠤᠳᠤᠭ ᠲᠤᠷᠡᠷᠡᠬᠦᠯ ᠮᠡᠨᠳᠦ ᠪᠠᠷ ᠬᠦᠶᠦᠬᠦᠡᠷᠲᠡᠨᠢ ᠶᠢᠨ ᠬᠦᠯᠥᠭ ᠮᠤᠷᠢ ᠮᠢᠨᠢᠡᠳᠡᠭᠡᠳ ᠲᠦᠷᠬᠡᠨ ᠲᠠᠪᠬᠢᠬᠤ ᠶᠢᠡᠵᠡᠨ ᠴᠢᠨᠢ ᠢᠷᠦᠭᠡᠮᠥ︕ᠪᠠᠷᠳᠠᠭᠠᠲᠦ ᠭᠠᠵᠠᠷ ᠬᠥᠷᠪᠡᠯᠪᠠᠷᠰ ᠤᠨ ᠰᠦᠷ ᠢᠶᠠᠨ ᠪᠠᠳᠠᠷᠠᠭᠤᠯᠵᠦ ᠶᠠᠪᠤᠪᠥᠸᠧ ᠸᠠᠩ ᠬᠤᠰᠢᠭᠤ ᠨᠤᠳᠤᠭ ᠲᠤ ᠪᠠᠨᠪᠠᠭᠠᠳᠣᠷ ᠡᠷᠳᠡᠮ ᠢᠶᠠᠨ ᠭᠠᠶᠢᠬᠠᠭᠤᠯᠵᠦ ᠶᠠᠪᠤ︕ᠲᠠᠪᠠᠭ᠎ᠠ ᠰᠠᠭᠠᠳ ᠲᠤᠬᠢᠶᠠᠯᠳᠣᠪᠠᠰᠣᠲᠠᠰ ᠤᠨ ᠵᠢᠬᠦᠷ ᠢᠶᠠᠨ ᠨᠢᠰᠭᠡᠵᠦ ᠶᠠᠪᠤᠲᠦᠢᠳᠭᠡᠷ ᠪᠠᠷᠴᠢᠳ ᠣᠴᠠᠷᠠᠪᠠᠰᠣᠲᠡᠮᠥᠷ ᠲᠤᠭᠤᠷᠠᠢ ᠪᠠᠷ ᠨᠢᠴᠠᠯᠵᠦ ᠶᠠᠪᠤ︕ᠬᠠᠳᠣᠯᠠᠩ ᠨᠢᠭᠡᠳᠡᠢ ᠠᠭᠲᠠ ᠲᠠᠢ ᠪᠠᠨ ᠬᠠᠨᠢᠯᠠᠨ ᠢᠵᠢᠯᠢᠳᠦᠨ ᠢᠷ᠎ᠡᠬᠠᠷ᠎ᠠ ᠰᠠᠨᠠᠭᠠᠲᠦ ᠲᠠᠶᠢᠰᠣᠨ ᠢᠬᠢᠴᠢᠶᠡᠨ ᠰᠡᠷᠡᠮᠵᠢᠯᠡᠵᠦ ᠶᠠᠪᠤᠬᠠᠷᠭᠤᠢ ᠵᠦᠷᠢᠭ ᠢ ᠭᠡᠭᠡᠷᠡᠬᠦᠯᠵᠦ ᠢᠷ᠎ᠡᠬᠤᠷᠴᠢᠨ ᠮᠤᠩᠭᠤᠯᠴᠣᠳ ᠢᠶᠠᠨ ᠪᠠᠶᠠᠰᠬᠠᠵᠦ ᠶᠠᠪᠤᠲᠦᠷᠪᠡᠨ ᠲᠣᠯᠭᠠᠭᠤᠷᠢ ᠲᠤᠭᠤᠷᠠᠢ ᠠᠴᠠ ᠴᠢᠨᠢ ᠬᠦᠳᠡᠩ ᠮᠠᠨᠠᠨ ᠲᠠᠲᠠᠭᠠᠷᠠᠢᠬᠦᠴᠦᠯᠡᠨ ᠲᠠᠪᠬᠢᠬᠤ ᠬᠠᠷᠠᠶᠢᠯᠲᠠ ᠠᠴᠠ ᠴᠢᠨᠢᠬᠦᠬᠡ ᠮᠤᠩᠭᠤᠯᠴᠣᠳ ᠢᠶᠠᠨ ᠪᠠᠶᠠᠰᠬᠠᠮᠥᠠᠭᠲᠠ ᠶᠢᠨ ᠵᠢᠯᠥᠭᠤ ᠠᠯᠳᠠᠯ ᠦᠭᠡᠢᠠᠷᠪᠠᠨ ᠵᠦᠭ ᠲᠤ ᠲᠠᠶᠢᠰᠣᠨ ᠦᠭᠡᠢᠠᠷᠪᠠᠨ ᠵᠦᠭ ᠲᠤ ᠲᠠᠶᠢᠰᠣᠨ ᠦᠭᠡᠢᠤᠷᠤᠯᠳᠣᠭᠠᠨ ᠪᠦᠬᠦᠨ ᠳᠤ ᠮᠠᠩᠯᠠᠶᠢᠯᠠᠬᠤᠠᠰᠢᠲᠠ ᠶᠢᠨ ᠪᠤᠶᠠᠨ ᠲᠡᠯᠭᠡᠷᠡᠳᠦᠭᠡᠢ ᠠᠯᠳᠠᠷ ᠴᠤᠯᠠ ᠨᠢ ᠲᠡᠯᠡᠬᠡᠢ ᠴᠣᠣᠷᠢᠶᠠᠳᠣᠨᠠᠮᠠᠨ ᠬᠡᠰᠢᠭ ᠵᠤᠵᠠᠭᠠᠷᠠᠳᠣᠭᠠᠢ︾ ᠭᠡᠵᠦ ᠢᠷᠦᠭᠡᠳᠡᠭ᠃    ᠤᠷᠤᠯᠳᠣᠭᠠᠨ ᠡᠬᠢᠯᠡᠬᠦ ᠢᠷᠦᠭᠡᠯ ᠪᠠᠷᠠᠭᠰᠠᠨ ᠤ ᠲᠠᠷᠠᠭ᠎ᠠ ᠤᠷᠤᠯᠳᠤᠭᠠᠨ ᠡᠬᠢᠯᠡᠬᠦ ᠲᠤᠬᠢᠶᠠᠨ ᠫᠤᠤ ᠲᠤᠤᠭᠠᠷᠴᠦ ᠡᠬᠢᠯᠡᠨ ᠤᠷᠤᠯᠳᠤᠨ᠎ᠠ᠃    ᠣᠷᠣᠯᠳᠣᠭᠠᠨ ᠤ ᠲᠦᠷᠦᠭᠦᠦ ᠮᠤᠷᠢ ᠡᠴᠣᠰ ᠤᠨ ᠱᠣᠭᠤᠮ ᠢ ᠰᠢᠪᠳᠣᠯᠬᠤ ᠦᠶ᠎ᠡ ᠳᠤ ᠢᠷᠦᠭᠡᠯᠴᠢᠳ ︽ᠣᠯᠠᠨ  ᠤ ᠤᠬᠢ︾ ᠬᠡᠮᠡᠬᠦ ᠠᠶᠠᠯᠭᠤ ᠪᠠᠷ ᠪᠠᠰᠠ ᠢᠷᠦᠭᠡᠯ ᠲᠠᠯᠪᠢᠨ᠎ᠡ᠃ ︽ᠲᠠᠳᠠᠭᠠᠳ ᠢᠷᠡᠬᠦ ᠴᠠᠭ ᠲᠤᠲᠠᠬᠢᠨ ᠲᠠᠬᠢᠨ ᠲᠡᠮᠡᠣᠯᠬᠢᠬᠡᠳᠲᠠᠪᠬᠢᠭᠠᠳ ᠣᠳᠬᠤ ᠦᠶ᠎ᠡ ᠳᠤᠲᠠᠩ ᠭᠠᠭᠴᠠᠭᠠᠷ ᠲᠦᠷᠦᠬᠦᠯᠡᠭᠰᠡᠨᠲᠡᠷᠡ ᠲᠦᠮᠡᠨ ᠤ ᠤᠬᠢ ᠬᠡᠨ ᠤ ᠮᠤᠷᠢ ᠪᠤᠢ︖︾ ᠬᠡᠬᠦ ᠳᠤ᠂ ᠪᠣᠰᠣᠳ ᠢᠷᠦᠭᠡᠯᠴᠢ ᠨᠢ᠄ ︽ᠬᠤᠷᠴᠢᠨ ᠠᠭᠤᠳᠠᠮ ᠨᠤᠳᠤᠭ ᠤᠨᠬᠢᠶᠠᠭ ᠠᠬᠢ ᠳᠤ ᠲᠠᠷᠭᠤᠯᠠᠭᠰᠠᠨᠬᠠᠷᠠᠵᠠ ᠪᠤᠯᠠᠭ ᠤᠨ ᠷᠠᠰᠢᠶᠠᠨ ᠳᠤᠬᠦᠴᠦ ᠲᠠᠮᠢᠷ ᠪᠦᠷᠢᠳᠦᠭᠰᠡᠨᠬᠤᠯᠠ ᠣᠶᠢᠷ᠎ᠠ ᠳᠤ ᠪᠠᠨ ᠠᠯᠳᠠᠷᠰᠢᠭᠰᠠᠨᠬᠤᠯᠠᠨᠴᠢ ᠭᠡᠭᠦᠦ ᠶᠢᠨ ᠣᠨᠠᠭ᠎ᠠ ᠪᠤᠢᠬᠠᠪᠤᠳᠦ ᠬᠠᠰᠠᠷ ᠤᠨ ᠬᠤᠶᠢᠴᠢᠰᠬᠤᠶᠢᠲᠦ ᠠᠶᠢᠯ ᠤᠨ xxx ᠶᠢᠨ ᠬᠦᠦ ᠪᠠᠶᠢᠨ᠎ᠠ︕︾   ᠨᠦᠬᠦᠬᠡ ᠢᠷᠦᠭᠡᠯᠴᠢ ᠠᠴᠠ᠄ ︽ᠤᠷᠤᠰᠤᠮ᠎ᠠ ᠵᠢᠷᠤᠭ᠎ᠠ ᠬᠦᠶᠦᠳᠡᠯ ᠢᠶᠠᠷᠣᠷᠣᠯᠳᠣᠭᠠᠨ ᠪᠦᠬᠦᠨ ᠳᠤ ᠮᠠᠩᠯᠠᠶᠢᠯᠠᠳᠠᠭᠱᠠᠯᠠᠮᠠᠭᠠᠢ ᠢᠷᠪᠢᠰ ᠤᠨ ᠬᠤᠷᠳᠣᠴᠠ ᠪᠠᠷᠱᠠᠩᠨᠠᠯ ᠪᠤᠯᠭᠠᠨ ᠢ ᠲᠤᠰᠳᠠᠭᠮᠢᠩᠭᠠᠨ ᠤ ᠮᠠᠩᠯᠠᠢ ᠬᠡᠨ ᠤ ᠮᠣᠷᠢ ᠪᠤᠢ︖︾ ᠭᠡᠪᠡᠯ᠂ ᠪᠣᠰᠣᠳ ᠢᠷᠤᠭᠡᠯᠴᠢᠳ᠄  ︽ᠰᠠᠷᠠᠭᠤᠯ ᠲᠠᠯ᠎ᠠ ᠶᠢᠨ ᠡᠪᠡᠰᠣᠨ ᠳᠤᠱᠠᠩᠳᠠᠭᠤᠷᠠᠵᠦ ᠪᠤᠶᠢᠵᠢᠭᠰᠠᠨ ᠬᠦᠯᠥᠭᠱᠠᠩᠳᠠ ᠨᠠᠭᠤᠷ ᠤᠨ ᠣᠰᠣᠨ ᠳᠤᠰᠢᠮᠡᠵᠢᠵᠦ ᠲᠤᠷᠨᠢᠭᠰᠠᠨ ᠠᠵᠢᠨᠠᠢᠴᠢᠨ᠋ᠸ᠎ᠠ ᠶᠢᠨ ᠬᠤᠶᠠᠷ ᠴᠢᠬᠢ ᠲᠠᠢᠴᠤᠯᠮᠤᠨ ᠬᠤᠶᠠᠷ ᠨᠢᠳᠦ ᠲᠠᠢᠰᠠᠷᠠᠨ ᠮᠠᠩᠨᠠᠢ ᠲᠠᠮᠠᠭ᠎ᠠ ᠲᠠᠢᠰᠠᠷᠠᠯ ᠠᠵᠢᠷᠭᠠᠨ ᠤ ᠤᠨᠠᠭ᠎ᠠ ᠶᠤᠮᠰᠧᠩ ᠸᠠᠩ ᠡᠵᠡᠨ ᠤ ᠨᠤᠳᠤᠭ ᠤᠨᠰᠡᠷᠪᠡᠭ ᠠᠶᠢᠯ ᠤᠨ xxx ᠤ ᠬᠦᠦ ᠶᠤᠮ︾ ᠬᠡᠵᠦ ᠤᠷᠲᠦ ᠠᠶᠠᠯᠠᠭᠤᠯᠤᠨ ᠦᠨᠳᠦᠷ ᠲᠠᠭᠤᠨ ᠢᠶᠠᠷ ᠢᠷᠦᠭᠡᠳᠡᠭ᠃             ᠣᠷᠣᠯᠳᠣᠭᠠᠨ ᠮᠤᠷᠢ ᠱᠠᠩᠨᠠᠬᠤ ᠶᠤᠰᠤᠨ  ᠮᠤᠩᠭᠤᠯᠴᠣᠳ ᠡᠷᠲᠡ ᠲᠡᠭᠡᠲᠦ ᠦᠶ᠎ᠡ ᠠᠴᠠ ᠪᠠᠨ ᠠᠪᠤᠭᠠᠳ ᠲᠦᠷᠦᠬᠦᠯᠡᠵᠦ ᠢᠷᠡᠭᠰᠡᠨ ᠮᠤᠷᠢᠳ ᠢ ᠱᠠᠩᠨᠠᠨ ᠬᠦᠬᠢᠬᠦᠯᠬᠦ ᠤᠯᠠᠮᠵᠢᠯᠠᠯᠲᠤ ᠵᠠᠩᠰᠢᠯ ᠰᠣᠷᠲᠠᠬᠤᠨ ᠲᠠᠢ ᠪᠤᠯᠤᠭᠰᠠᠨ ᠪᠠᠶᠢᠨ᠎ᠠ᠃ ᠮᠤᠩᠭᠤᠯ ᠦᠨᠳᠦᠰᠦᠳᠡᠨ ᠤ ᠬᠤᠷᠳᠤᠨ ᠮᠤᠷᠢ ᠶᠢ ᠱᠠᠩᠨᠠᠬᠤ ᠶᠤᠰᠣ ᠨᠢ ᠴᠠᠭᠠᠨ ᠦᠩᠭᠡ ᠶᠢ ᠡᠷᠬᠢᠮᠯᠡᠨ ᠦᠷᠦᠭᠡᠰᠦᠨ ᠲᠤᠭ᠎ᠠ ᠶᠢ ᠦᠯᠵᠡᠢ ᠪᠡᠯᠭᠡ  ᠪᠠᠷ ᠦᠵᠡᠳᠡᠭ ᠦᠪᠡᠷᠮᠢᠴᠡ ᠤᠨᠴᠠᠯᠢᠭ ᠲᠤ ᠪᠠᠨ ᠲᠦᠭᠡᠮᠡᠯ ᠴᠢᠨᠠᠷ ᠢ ᠠᠬᠤᠭᠤᠯᠤᠭᠰᠠᠨ ᠪᠠᠶᠢᠳᠠᠭ᠃ ᠵᠢᠱᠢᠶᠡᠯᠡᠪᠡᠯ᠂ ︽ᠠᠮᠠᠨ ᠴᠠᠭᠠᠨ ᠬᠠᠳᠠᠭ︾ ᠡᠷᠬᠦᠨ ︽ᠠᠰᠢᠲᠠ ᠶᠢᠨ ᠭᠤᠷᠪᠠᠨ ᠪᠡᠯᠡᠭ︾ ᠬᠦᠷᠳᠡᠭᠡᠨ᠂ ︽ᠶᠢᠰᠦᠨ ᠴᠠᠭᠠᠨ ᠢᠩᠭᠡ︾ ᠪᠡᠯᠡᠭᠯᠡᠨ ︽ᠶᠢᠰᠦ ᠶᠢᠰᠦ ᠨᠠᠶᠠᠨ ᠨᠢᠭᠡᠨ ᠪᠡᠯᠡᠭ︾ ᠢ ᠱᠠᠩᠨᠠᠳᠠᠭ᠃ ᠡᠬᠦᠨ ᠳᠤ ᠲᠠᠪᠤᠨ ᠬᠤᠰᠢᠭᠤ ᠮᠠᠯ  ᠠᠴᠠ ᠲᠠᠨ᠎ᠠ ᠰᠣᠪᠣᠳ ᠲᠠᠮᠠᠬᠢᠨ ᠬᠦᠬᠦᠷ᠂ ᠲᠤᠷᠭ᠎ᠠ ᠲᠤᠷᠳᠤᠩ᠂ ᠭᠢᠳᠤᠭ᠎ᠠ ᠰᠠᠭᠠᠳᠠᠭ ᠠᠴᠠ ᠬᠡᠪ ᠤᠨ ᠴᠠᠢ ᠁  ᠶᠢ ᠶᠢᠰᠦ ᠶᠢᠰᠦ ᠪᠠᠷ ᠨᠠᠶᠠᠨ ᠨᠢᠭᠡ ᠳᠤ ᠲᠤᠭᠠᠯᠠᠨ ᠱᠠᠩᠨᠠᠬᠤ ᠨᠢ ᠬᠠᠮᠤᠭ ᠡᠷᠬᠢᠮ ᠲᠡᠭᠡᠲᠦ ᠱᠠᠩᠨᠠᠯ ᠪᠤᠯᠤᠨ᠎ᠠ᠃ ᠴᠠᠭ ᠦᠶ᠎ᠡ ᠶᠢᠨ ᠦᠭᠡᠷᠡᠴᠢᠯᠡᠯᠲᠡ ᠬᠤᠪᠢᠷᠠᠯᠲᠠ ᠠᠴᠠ ᠪᠤᠯᠵᠦ᠂ ᠣᠳᠣᠬᠠᠨ᠎ᠠ ᠤᠯᠠᠩᠭᠢ ᠨᠢ ᠪᠡᠯᠡᠨ ᠵᠤᠭᠤᠰ ᠱᠠᠩᠨᠠᠬᠤ ᠪᠤᠯᠤᠭᠰᠠᠨ ᠴᠦ ᠬᠤᠷᠳᠦᠨ ᠮᠤᠷᠢ ᠶᠢᠨ ᠲᠦᠷᠦᠬᠦᠨ ᠪᠠ ᠪᠦᠭᠡ ᠶᠢᠨ ᠮᠠᠩᠯᠠᠢ ᠳᠤ ᠬᠠᠮᠤᠭ ᠡᠷᠬᠢᠮ ᠵᠤᠵᠠᠭᠠᠨ ᠱᠠᠩᠨᠠᠯ ᠬᠦᠷᠳᠡᠭᠡᠳᠡᠭ᠃      ᠣᠷᠣᠯᠳᠣᠭᠠᠨ ᠮᠣᠷᠢᠨ ᠤ ᠴᠤᠯᠠ ᠲᠢᠲᠠᠮᠯᠡᠬᠦ ᠶᠤᠰᠤ   ᠮᠤᠷᠢ ᠤᠷᠤᠯᠳᠤᠬᠤ ᠨᠠᠭᠠᠳᠣᠮ ᠤᠨ ᠬᠠᠮᠤᠭ ᠰᠡᠬᠦᠯᠴᠢ ᠶᠢᠨ ᠨᠢᠬᠡ ᠠᠭᠤᠯᠭ᠎ᠠ᠃ ᠱᠠᠩᠨᠠᠯ ᠤᠯᠭᠤᠵᠦ ᠪᠠᠷᠠᠭᠰᠠᠨ  ᠤ ᠲᠠᠷᠠᠭ᠎ᠠ ᠪᠠᠷ ᠭᠡᠤᠭᠡᠳ ᠲᠠᠮᠢᠷᠴᠢᠳ ᠣᠷᠣᠯᠳᠣᠭᠠᠨ ᠮᠤᠷᠢ ᠪᠠᠨ ᠤᠨᠤᠵᠦ ᠤᠶᠠᠭᠠᠴᠢᠨ ︵ᠰᠣᠷᠢᠭᠴᠢ︶ ᠬᠦᠳᠦᠯᠵᠦ ᠨᠠᠶᠢᠷ ᠶᠤᠰᠤᠯᠠᠯ ᠤᠨ ᠴᠠᠴᠠᠷ ᠤᠨ ᠡᠮᠥᠨ᠎ᠡ ᠢᠷᠡᠵᠦ ᠬᠢᠷᠢ ᠪᠦᠳᠦᠮᠵᠢ ᠶᠢᠨ ᠲᠡᠰ ᠳ᠋ᠣᠭᠠᠷ ᠢᠶᠠᠷ ᠮᠦᠷᠦᠯᠡᠨ ᠵᠤᠭᠰᠣᠬᠤ  ᠳᠤ ᠢᠷᠦᠭᠡᠯᠴᠢ ᠮᠤᠷᠢ ᠤᠨᠤᠵᠦ ᠢᠷᠦᠬᠡᠬᠦ ᠮᠤᠷᠢ ᠶᠢᠨ ᠴᠣᠯᠪᠣᠭᠤᠷ ᠠᠴᠠ ᠪᠠᠷᠢᠵᠦ ᠮᠤᠷᠢᠨ ᠬᠤᠭᠤᠷ᠂ ᠯᠢᠩᠪᠤ᠂ ᠱᠠᠨᠵᠠ ᠵᠡᠷᠭᠡ ᠮᠤᠩᠭᠤᠯ ᠬᠦᠭᠵᠢᠮ ᠤᠨ ᠤᠶᠠᠩᠭᠠᠲᠦ ᠬᠠᠪᠰᠣᠷᠣᠯᠭ᠎ᠠ ᠶᠢᠨ ᠠᠶᠠᠯᠭᠤ ᠪᠠᠷ ᠢᠷᠤᠭᠡᠨ᠎ᠡ᠄          ︽ᠲᠦᠮᠡᠨ ᠠᠭᠲᠠ ᠶᠢᠨ ᠲᠦᠷᠦᠬᠦᠨ ᠳᠤ           ᠲᠦᠳᠡᠯ ᠦᠬᠡᠢ ᠲᠦᠷᠭᠡᠯᠡᠳᠡᠭ           ᠲᠦᠮᠡᠨ ᠤ ᠡᠬᠢ ᠨᠡᠷ᠎ᠡ ᠶᠢ           ᠲᠢᠳᠠᠮᠯᠠᠨ ᠵᠡᠬᠦᠬᠦ ᠠᠵᠢᠨᠠᠢ︕           ᠮᠢᠩᠭᠠᠨ ᠬᠦᠯᠥᠭ ᠤᠨ ᠮᠠᠩᠯᠠᠢ ᠳᠤ           ᠮᠢᠳᠠᠷᠠᠰᠢ ᠦᠬᠡᠢ ᠲᠤᠪᠳᠣᠯᠳᠠᠭ           ᠮᠠᠩᠯᠠᠢ ᠰᠠᠷᠠᠳᠦ ᠶᠢᠨ ᠴᠤᠯᠠ ᠶᠢ           ᠮᠠᠷᠭᠤᠭᠠᠨ ᠦᠭᠡᠢ ᠵᠡᠬᠦᠳᠡᠭ ᠬᠦᠯᠥᠭ ᠪᠤᠯ    ᠪᠦᠸᠧ ᠸᠠᠩ ᠬᠤᠰᠢᠭᠤᠨ ᠤ ᠪᠠᠶᠠᠰᠬᠤᠯᠠᠩᠲᠦ ᠰᠣᠮᠣᠨ ᠤ ᠪᠤᠯᠳᠤᠭᠤᠷ ᠭᠠᠴᠠᠭᠠᠨ ᠤ ᠮᠠᠯᠴᠢᠨ xxx ᠪᠤᠮᠠᠨ ᠠᠳᠣᠭᠤ ᠲᠠᠢ ᠰᠦᠷᠦᠭ ᠤᠨ ᠪᠤᠷᠤᠭᠴᠢ ᠭᠡᠭᠦᠦ ᠶᠢᠨ ᠤᠨᠠᠭ᠎ᠠ ᠶᠤᠮ ᠡ︕             ᠬᠠᠩᠭᠠᠢ ᠵᠤ ᠶᠢᠨ ᠴᠠᠭᠠᠨ᠎ᠠ ᠠᠴᠠ            ᠬᠠᠷᠠᠶᠢᠭᠠᠳ ᠢᠷᠡᠳᠡᠭ ᠬᠦᠯᠥᠭ            ᠬᠠᠷᠴᠠᠭᠠᠢ ᠪᠦᠷᠭᠦᠳ ᠮᠡᠳᠦ            ᠬᠠᠯᠢᠨ ᠲᠡᠭᠦᠯᠢᠭᠡᠳ ᠢᠷᠡᠳᠡᠭ            ᠬᠠᠷᠪᠤᠭᠰᠠᠨ ᠰᠣᠮᠥ ᠠᠳᠠᠯᠢ            ᠰᠣᠮᠣᠳᠠᠨ ᠱᠣᠣᠭᠢᠭᠠᠳ ᠢᠷᠡᠳᠡᠭ            ᠬᠠᠮᠤᠭ ᠮᠤᠷᠢᠳ ᠠᠴᠠ ᠰᠣᠭᠤᠷᠠᠭᠠᠳ ᠢᠷᠡᠳᠡᠭ           ᠬᠠᠷᠠᠭᠰᠠᠨ ᠪᠦᠬᠦᠨ ᠢ ᠪᠠᠶᠠᠰᠬᠠᠳᠠᠭ ᠬᠠᠯᠵᠠᠨ ᠵᠡᠭᠡᠷᠲᠡ ᠮᠤᠷᠢ ᠪᠤᠯ ᠬᠤᠶᠢᠳᠦ ᠬᠤᠰᠢᠭᠤᠨ ᠤ ᠬᠠᠯᠢᠭᠤᠲᠦ ᠨᠤᠳᠤᠭ ᠤᠨ ᠬᠤᠨᠳᠢ ᠶᠢᠨ ᠠᠶᠢᠯ ᠤᠨ ᠬᠤᠷᠴᠠᠪᠢᠯᠢᠭ᠌ ᠤᠨ ᠬᠤᠳᠤᠭᠤᠷ ᠪᠢᠯᠬᠠᠮ᠎ᠠ ᠰᠦᠷᠦᠭ ᠤᠨ ᠬᠤᠯᠠᠨᠴᠢ ᠠᠵᠢᠷᠭᠠᠨ ᠤ ᠲᠦᠯ ᠶᠤᠮ᠃            ᠲᠦᠬᠡ ᠦᠨᠳᠦᠷ ᠴᠢᠬᠢ ᠲᠠᠢ            ᠲᠦᠬᠦᠷᠢᠭ ᠬᠠᠷ᠎ᠠ ᠨᠢᠳᠦ ᠲᠠᠢ            ᠲᠦᠮᠡᠨ ᠦᠯᠵᠡᠢ ᠡᠷᠬᠢᠬᠦᠯᠬᠡ ᠲᠠᠢ            ᠲᠡᠷᠢᠬᠦᠨ ᠱᠠᠩᠨᠠᠯ ᠢ ᠲᠤᠰᠤᠭᠰᠠᠨ            ᠡᠷᠴᠢᠮᠯᠢᠭ ᠲᠦᠷᠪᠡᠨ ᠲᠤᠭᠤᠷᠠᠢ ᠲᠠᠢ            ᠡᠭᠴᠡ ᠦᠨᠳᠦᠷ ᠮᠤᠨᠳᠠᠭ᠎ᠠ ᠲᠠᠢ            ᠡᠬᠦᠯᠡ ᠬᠦᠯᠬᠡᠯᠡᠭᠰᠡᠨ ᠬᠤᠷᠳᠤᠴᠡ ᠲᠠᠢ            ᠡᠷᠬᠢᠮ ᠱᠠᠩᠨᠠᠯ ᠢ ᠭᠠᠷᠲᠠᠭᠰᠠᠨ ᠬᠦᠯᠥᠭ ᠤᠨ ᠡᠵᠡᠨ ᠪᠤᠯ            ᠲᠡᠯ᠎ᠡ ᠲᠦᠭᠦᠷᠡᠩ ᠪᠡᠯᠴᠢᠭᠡᠷᠯᠡᠭᠰᠡᠨ            ᠲᠠᠪᠤᠨ ᠬᠤᠰᠢᠭᠤ ᠮᠠᠯ ᠢᠶᠠᠷ          ᠲᠠᠩᠰᠤᠭ ᠠᠮᠢᠳᠣᠷᠠᠯ ᠢᠶᠠᠨ ᠲᠤᠳᠤᠮᠳᠠᠭᠠᠳ          ᠲᠦᠮᠡᠨ ᠤᠯᠠᠨ ᠳᠤ ᠪᠠᠨ ᠪᠢᠰᠢᠷᠡᠭᠳᠡᠭᠰᠡᠨ          ᠠᠵᠢᠯᠴᠢ ᠨᠢᠮᠪᠠᠯᠢᠭ ᠬᠦᠳᠡᠯᠮᠥᠷᠢ ᠪᠠᠷ ᠢᠶᠠᠨ          ᠠᠷᠭᠤᠮᠠᠭ ᠠᠵᠢᠨᠠᠢ ᠶᠢ ᠰᠣᠷᠢᠭᠰᠠᠨ          ᠣᠷᠣᠯᠳᠣᠭᠠᠨ ᠪᠦᠬᠦᠨ ᠳᠤ ᠠᠯᠳᠠᠨ ᠮᠧᠲᠠᠯ ᠣᠯᠵᠦ          ᠣᠯᠣᠰ ᠣᠷᠣᠨ ᠳᠤ ᠪᠠᠨ ᠠᠯᠳᠠᠷᠰᠢᠭᠰᠠᠨ     ᠵᠢᠷᠢᠮ ᠠᠶᠢᠮᠠᠭ ᠤᠨ ᠬᠤᠶᠢᠳᠦ ᠬᠤᠰᠢᠭᠤᠨ ᠤ ᠵᠢᠭᠠᠰᠣᠳᠠᠢ ᠰᠣᠮᠣᠨ ᠤ ᠵᠠᠯᠠᠳᠦ ᠭᠠᠴᠠᠭᠠᠨ ᠤ ᠵᠠᠭᠠᠨ᠎ᠠ ᠠᠳᠣᠭᠤᠴᠢᠨ ᠤ ᠬᠦᠦ ᠮᠥᠨ︾ ᠬᠡᠵᠦ ᠦᠨᠳᠦᠷ ᠲᠠᠭᠤᠨ ᠢᠶᠠᠷ ᠢᠷᠦᠭᠡᠳᠡᠭ᠃    ᠮᠤᠷᠢᠨ ᠤ ᠴᠤᠯᠠ ᠳᠤ ︽ᠠᠵᠢᠨᠠᠢ ᠬᠦᠯᠥᠭ︾᠂ ︽ᠰᠠᠯᠬᠢᠨ ᠵᠡᠭᠡᠷᠲᠡ︾᠂ ︽ᠵᠡᠭᠡᠷ᠎ᠡ ᠶᠢᠨ ᠬᠤᠯᠠ︾᠂ ︽ᠰᠣᠮᠣᠨ ᠤ ᠮᠠᠩᠯᠠᠢ︾᠂ ︽ᠬᠤᠰᠢᠭᠤᠨ ᠤ ᠬᠤᠷᠲᠤᠨ︾᠂ ︽ᠮᠤᠷᠢᠨ ᠸᠠᠩ︾ ︵ᠤᠯᠤᠰ ᠤᠨ ᠲᠡᠰ︶ ᠁ ᠮᠡᠳᠦ ᠶᠢᠨ ᠤᠯᠠᠨ ᠤᠯᠠᠨ ᠨᠡᠷ᠎ᠡ ᠪᠠᠷ ᠴᠣᠯᠠ ᠡᠷᠭᠦᠮᠵᠢᠯᠡᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号