ᠱᠠᠭ᠎ᠠ ᠬᠠᠶᠠᠬᠤ ᠨᠠᠭᠠᠳᠤᠮ | | ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ ᠮᠤᠩᠭᠤᠯᠴᠤᠳ ᠠᠯᠢ ᠤᠯᠠᠨ ᠬᠤᠨᠢ ᠢᠮᠠᠭᠠᠨ ᠱᠠᠭ᠎ᠠ | ᠲᠤᠳᠤᠷ᠎ᠡ ᠠᠴᠠ ᠪᠠᠨ ᠶᠠᠩᠵᠦ ᠬᠡᠯᠪᠡᠷᠢ ᠨᠢ ᠡᠪᠯᠢᠭ ᠰᠠᠶᠢᠬᠠᠨ ᠢ ᠨᠢ ᠰᠢᠯᠢᠵᠦ᠂ ᠲᠠᠪᠤ ᠪᠤᠶᠤ ᠲᠠᠪᠤ ᠠᠴᠠ ᠲᠡᠭᠡᠭᠰᠢ ︵ | ᠦᠷᠦᠭᠡᠰᠦᠨ ᠲᠤᠭ᠎ᠠ ᠪᠠᠶᠢᠯᠭᠠᠳᠠᠭ︶ ᠱᠠᠭ᠎ᠠ ᠪᠠᠷ ᠱᠠᠭ᠎ᠠ ᠬᠠᠶᠠᠬᠤ ᠨᠠᠭᠠᠳᠤᠮ ᠲᠤᠭᠯᠠᠳᠠᠭ᠃ ᠱᠠᠭ᠎ᠠ ᠬᠠᠶᠠᠬᠤ | ᠨᠠᠭᠠᠳᠤᠮ ᠨᠢ ᠬᠤᠶᠠᠷ ᠬᠦᠮᠦᠨ ᠨᠠᠭᠠᠳᠴᠦ ᠪᠤᠯᠬᠤ ᠮᠦᠷᠳᠡᠬᠡᠨ ᠬᠤᠶᠠᠷ ᠠᠴᠠ ᠲᠡᠭᠡᠭᠰᠢ ᠤᠯᠠᠨ ᠬᠦᠮᠦᠨ ᠬᠠᠮᠳᠤ ᠪᠠᠷ | ᠨᠠᠭᠠᠳᠴᠦ ᠪᠤᠯᠳᠠᠭ᠃ ᠱᠠᠭ᠎ᠠ ᠬᠠᠶᠠᠬᠤ ᠨᠠᠭᠠᠳᠤᠮ ᠨᠢ ᠬᠠᠨᠵᠦ ᠪᠤᠶᠤ ᠬᠦᠰᠡᠷ ᠲᠡᠭᠡᠷ᠎ᠡ ᠴᠦᠮ ᠨᠠᠭᠠᠳᠴᠦ ᠪᠤᠯᠳᠠᠭ᠂ | ᠨᠠᠭᠠᠳᠬᠤ ᠬᠦᠮᠦᠨ ᠨᠢ ᠭᠠᠷ ᠲᠠᠭᠠᠨ ᠲᠠᠪᠤᠨ ᠱᠠᠭ᠎ᠠ ᠪᠠᠷᠢᠵᠦ᠂ ᠲᠡᠬᠦᠨ ᠤ ᠲᠤᠳᠤᠷᠡᠬᠢ ᠨᠢᠬᠡ ᠶᠢ ᠨᠢ ᠲᠡᠭᠡᠭᠰᠢ | ᠬᠠᠶᠠᠬᠤ ᠬᠤᠷᠤᠮ ᠳᠤ ᠪᠤᠰᠤᠳ ᠲᠦᠷᠪᠡ ᠶᠢ ᠨᠢ ᠬᠠᠨᠵᠦ ᠬᠦᠰᠡᠷ ᠲᠡᠭᠡᠷ᠎ᠡ ᠤᠷᠬᠢᠵᠦ᠂ ᠲᠡᠬᠢᠨ ᠮᠥᠨ ᠲᠡᠷᠡ ᠨᠢᠬᠡ | ᠲᠡᠭᠡᠭᠰᠢ ᠬᠠᠶᠠᠭᠰᠠᠨ ᠱᠠᠭ᠎ᠠ ᠪᠠᠨ ᠤᠨᠠᠵᠦ ᠢᠷᠡᠬᠦ ᠬᠤᠷᠤᠮ ᠳᠤ ᠡᠳᠡᠭᠡᠷ ᠱᠠᠭ᠎ᠠ ᠪᠠᠨ ᠨᠢᠬᠡ ᠨᠢᠬᠡ ᠪᠠᠷ ᠪᠤᠶᠤ ᠬᠡᠳᠦ | ᠪᠠᠷ ᠲᠡᠬᠦᠵᠦ ᠠᠪᠤᠨ᠂ ᠬᠡᠨ ᠬᠦᠮᠦᠨ ᠬᠡᠷᠪᠡ ᠱᠠᠭ᠎ᠠ ᠪᠠᠨ ᠲᠡᠭᠡᠭᠰᠢ ᠬᠠᠶᠠᠬᠤ ᠪᠠ ᠲᠡᠬᠦᠵᠦ ᠠᠪᠬᠤ ᠶᠠᠪᠤᠴᠠ ᠶᠢ | ᠠᠯᠳᠡᠯ ᠦᠭᠡᠢ ᠬᠦᠢᠴᠡᠳᠬᠡᠵᠦ ᠴᠢᠳᠡᠪᠡᠯ ᠤᠯᠠᠨ ᠬᠤᠪᠢ ᠤᠯᠵᠦ᠂ ᠨᠠᠭᠠᠳᠤᠮ ᠳᠤ ᠢᠯᠡᠵᠦ᠂ ᠲᠡᠭᠡᠭᠰᠢ ᠬᠠᠶᠠᠭᠰᠠᠨ | ᠱᠠᠭ᠎ᠠ ᠪᠠᠨ ᠠᠯᠳᠠᠬᠤ ᠪᠤᠶᠤ ᠭᠠᠵᠠᠷ ᠬᠦᠰᠡᠷ ᠤᠷᠬᠢᠭᠰᠠᠨ ᠱᠠᠭ᠎ᠠ ᠪᠠᠨ ᠲᠡᠬᠦᠵᠦ ᠠᠪᠴᠦ ᠵᠠᠪᠳᠤᠭᠰᠠᠨ ᠦᠭᠡᠢ | ᠠᠯᠳᠠᠭᠰᠠᠨ ᠨᠢᠬᠡ ᠨᠢ ᠱᠦᠬᠦᠭᠳᠡᠭᠰᠡᠨ ᠳᠤ ᠲᠤᠭᠠᠴᠠᠭᠳᠡᠨᠡ᠃ | ᠶᠠᠰᠤᠳᠤ ᠮᠡᠯᠡᠬᠡᠢ ᠦᠷᠦᠬᠦ ᠨᠠᠭᠠᠳᠤᠮ | ᠶᠠᠰᠤᠳᠤ ᠮᠡᠯᠡᠬᠡᠢ ᠦᠷᠦᠬᠦ ᠨᠠᠭᠠᠳᠤᠮ ᠨᠢ ᠬᠡᠦᠬᠡᠳ ᠪᠠᠭᠠᠴᠤᠳ ᠪᠤᠯᠤᠨ ᠨᠠᠰᠤᠳᠡᠶᠢᠴᠦᠳ ᠤᠯᠠᠨ ᠨᠠᠭᠠᠳᠤᠳᠠᠭ | ᠨᠠᠭᠠᠳᠤᠮ ᠪᠤᠯᠤᠨ᠎ᠠ᠃ ᠨᠠᠭᠠᠳᠤᠭᠴᠢᠳ ᠢᠶᠠᠨ ᠬᠤᠶᠠᠷ ᠪᠤᠶᠤ ᠬᠤᠶᠠᠷ ᠠᠴᠠ ᠲᠡᠭᠡᠭᠰᠢ ᠲᠤᠭᠤᠶᠢᠯᠠᠩ ᠬᠤᠪᠢᠶᠠᠨ᠂ | ᠬᠦᠮᠦᠨ ᠪᠦᠷᠢ ᠳᠤ ᠵᠤᠬᠢᠬᠤ ᠲᠤᠭᠠᠨ ᠤ ᠱᠠᠭ᠎ᠠ ᠲᠦᠬᠡᠬᠡᠬᠦ ᠶᠢᠨ ᠬᠠᠮᠳᠤ᠂ ᠨᠢᠬᠡ ᠪᠦᠯᠦᠭ ᠱᠠᠭ᠎ᠠ ᠪᠠᠨ ᠶᠠᠰᠤᠳᠦ | ᠮᠡᠯᠡᠬᠡᠢ ᠶᠢᠨ ᠬᠡᠯᠪᠡᠷᠢ ᠪᠠᠷ ᠦᠷᠦᠵᠦ ᠲᠠᠯᠪᠢᠨ᠎ᠠ᠂ ᠦᠷᠦᠵᠦ ᠲᠠᠯᠪᠢᠭᠰᠠᠨ ᠶᠠᠰᠤᠳᠦ ᠮᠡᠯᠡᠬᠡᠢ ᠨᠢ ᠪᠡᠶ᠎ᠡ᠂ ᠬᠦᠵᠦᠬᠦᠦ᠂ | ᠲᠤᠯᠤᠭᠠᠢ᠂ ᠲᠦᠷᠪᠡᠨ ᠮᠦᠴᠠ ᠪᠠ ᠰᠡᠬᠦᠯ ᠪᠠᠷ ᠪᠦᠷᠢᠯᠳᠦᠵᠦ᠂ ᠦᠵᠡᠬᠦ ᠳᠤ ᠶᠠᠰᠤᠳᠦ ᠮᠡᠯᠡᠬᠡᠢ ᠲᠠᠢ ᠲᠤᠩ | ᠲᠦᠰᠦᠭᠡᠳᠡᠢ ᠪᠠᠶᠢᠳᠠᠭ᠃ ᠨᠠᠭᠠᠳᠤᠮ ᠤᠨ ᠶᠠᠪᠤᠴᠠ ᠨᠢ ᠲᠤᠭᠯᠠᠭᠴᠢ ᠠᠴᠠ ᠭᠠᠷ ᠲᠠᠬᠢ ᠨᠢᠬᠡ ᠱᠠᠭ᠎ᠠ ᠪᠠᠨ ᠲᠡᠭᠡᠭᠰᠢ | ᠬᠠᠶᠠᠵᠦ᠂ ᠲᠤᠰᠤᠯᠳᠡ ᠪᠠᠷ ᠨᠢ ᠦᠬᠡᠷ ᠬᠤᠨᠢ ᠢᠮᠠᠭ᠎ᠠ ᠲᠡᠮᠡᠭᠡ ᠢᠯᠭᠠᠨ ︵ᠵᠢᠱᠢᠶᠡᠯᠡᠪᠡᠯ᠂ ᠲᠤᠰᠤᠯᠳᠡ ᠶᠢᠨ ᠲᠠᠯ᠎ᠠ | ᠨᠢ︶᠂ ᠲᠤᠰᠤᠯᠳᠡ ᠶᠢᠨ ᠲᠠᠯ᠎ᠠ ᠶᠢ ᠦᠨᠳᠦᠰᠦᠯᠡᠨ ᠶᠠᠰᠤᠳᠤ ᠮᠡᠯᠡᠬᠡᠢ ᠶᠢᠨ ᠡᠷᠭᠡᠳᠡᠨ ᠢ ᠨᠡᠮᠡᠵᠦ ᠬᠠᠰᠤᠨ᠂ ᠬᠠᠮᠤᠭ | ᠰᠡᠬᠦᠯ ᠳᠤᠨᠢ ᠭᠡᠨ ᠤ ᠬᠢᠨ ᠤᠯᠤᠭᠰᠠᠨ ᠱᠠᠭ᠎ᠠ ᠨᠢ ᠠᠷᠪᠢᠨ ᠪᠤᠯ ᠲᠡᠷᠡ ᠬᠦᠮᠦᠨ ᠢ ᠢᠯᠠᠭᠰᠠᠨ ᠢᠶᠠᠷ ᠪᠤᠳᠤᠨ᠎ᠠ᠃ |