ᠤᠯᠠᠮᠵᠢᠯᠠᠯᠳᠤ ᠤᠷ᠎ᠠ ᠮᠡᠷᠭᠡᠵᠢᠯ — ᠮᠤᠷᠢᠨ ᠡᠮᠡᠬᠡᠯ ᠬᠢᠬᠦ ᠮᠡᠷᠬᠡᠵᠢᠯ
ᠨᠡᠶᠢᠲᠡᠯᠡᠭᠰᠡᠨ ᠴᠠᠭ᠄
2024/3/11
        ᠤᠯᠠᠮᠵᠢᠯᠠᠯᠳᠤ ᠤᠷ᠎ᠠ ᠮᠡᠷᠭᠡᠵᠢᠯ  — ᠮᠤᠷᠢᠨ ᠡᠮᠡᠬᠡᠯ ᠬᠢᠬᠦ ᠮᠡᠷᠬᠡᠵᠢᠯ        ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠮᠤᠷᠢᠨ ᠡᠮᠡᠭᠡᠯ ᠨᠢ ᠦᠬᠡᠷ᠎ᠠ ᠪᠤᠰᠤᠳ ᠭᠠᠵᠠᠷ ᠤᠷᠤᠨ ᠤ ᠡᠮᠡᠭᠡᠯ ᠠᠴᠠ ᠠᠩᠭᠢᠳᠡ ᠢᠯᠭᠠᠭᠳᠠᠬᠤ ᠤᠨᠴᠠᠯᠢᠭ ᠰᠢᠨᠵᠢ ᠲᠠᠢ ᠪᠠᠶᠢᠳᠠᠭ᠃ ᠳᠡᠷᠡ ᠨᠢ ᠳᠠᠷᠤᠢ ᠦᠵᠡᠬᠦ ᠳᠤ ᠦᠵᠡᠮᠦᠷᠢ ᠲᠠᠢ᠂ ᠰᠠᠭᠤᠬᠤ ᠳᠤ ᠳᠠᠭᠠᠯᠠᠮᠵᠢᠳᠠᠢ ᠪᠠᠶᠢᠳᠠᠭ ᠲᠤ ᠤᠷᠤᠰᠢᠨ᠎ᠠ᠃ ᠬᠤᠷᠴᠢᠨ ᠮᠤᠩᠭᠤᠯᠴᠤᠳ ᠶᠡᠷᠤ  ᠠᠴᠠ ᠮᠤᠷᠢᠨ ᠳᠤ ᠰᠠᠶᠢᠨ᠂ ᠬᠦᠯᠦᠭ ᠤᠨᠤᠭ᠎ᠠ ᠠᠷᠠᠴᠢᠯᠠᠵᠤ ᠳᠤᠳᠤᠮᠳᠠᠬᠤ ᠳᠤ ᠳᠤᠶᠢᠯ ᠤᠨ ᠳᠤᠷ᠎ᠠ ᠪᠠᠭ᠋ᠠᠳᠠᠢ ᠪᠠᠶᠢᠳᠠᠭ ᠮᠦᠷᠳᠡᠭᠡᠨ ᠡᠮᠡᠬᠡᠯ ᠬᠠᠵᠠᠭᠠᠷ ᠤᠨ ᠵᠠᠰᠠᠯ ᠴᠢᠮᠡᠭᠯᠡᠯ ᠬᠢᠬᠦ ᠨᠡᠩ ᠳᠤᠷ᠎ᠠ ᠪᠠᠭ᠋ᠠᠳᠠᠢ ᠪᠠᠶᠢᠳᠠᠭ᠃ ᠬᠤᠯᠠ ᠶᠢᠨ ᠠᠶᠠᠨ᠂ ᠨᠡᠶᠢᠷ ᠴᠤᠭᠯᠠᠭᠠᠨ᠂ ᠠᠶᠢᠯ ᠳᠤᠭᠤᠷᠢᠯ ᠳᠤ ᠪᠦᠷᠢᠨ ᠵᠠᠰᠠᠯ ᠴᠢᠮᠡᠭᠯᠡᠯ ᠲᠠᠢ ᠠᠭᠳᠠ ᠬᠦᠯᠦᠭ ᠮᠤᠷᠢ ᠤᠨᠤᠵᠤ ᠶᠠᠪᠤᠬᠤ ᠪᠠᠨ ᠬᠡᠮᠵᠢᠶᠡᠯᠡᠰᠢ ᠦᠭᠡᠢ ᠴᠤᠭ ᠵᠢᠪᠬᠤᠭ᠎ᠠ᠂ ᠤᠮᠤᠭ ᠰᠦᠷ᠂ ᠪᠤᠶᠠᠨ ᠵᠢᠷᠭᠠᠯ ᠲᠠᠢ ᠭᠡᠵᠤ ᠦᠵᠡᠨ᠂ ᠦᠪᠡᠷ ᠤᠨ ᠡᠷᠭᠡ ᠦᠭᠡᠢ ᠪᠠᠶᠠᠰᠤᠨ ᠬᠦᠭᠰᠡᠳᠡᠭ᠃   ᠬᠤᠶᠢᠳᠤ ᠬᠤᠰᠢᠭᠤᠨ ᠤ ᠮᠤᠩᠭᠤᠯᠴᠤᠳ ᠪᠤᠰᠤᠳ ᠬᠡᠯᠪᠡᠷᠢ ᠶᠠᠩᠵᠤ ᠶᠢᠨ ᠡᠮᠡᠬᠡᠯ ᠢ ᠳᠡᠮᠡᠢ ᠳᠤᠭᠤᠳᠠᠭ ᠦᠭᠡᠢ᠃ ᠤᠴᠢᠷ ᠨᠢ ᠬᠡᠳᠤᠨ ᠵᠠᠭᠤᠨ ᠤᠨ ᠢᠶᠠᠷ ᠠᠭᠢᠨ ᠳᠠᠬᠢᠨ ᠡᠮᠡᠬᠡᠯ ᠤᠨ ᠬᠡᠪ ᠵᠠᠭᠪᠤᠷ ᠢ ᠵᠠᠰᠠᠨ ᠦᠬᠡᠷᠡᠴᠢᠯᠡᠵᠦ᠂ ᠦᠪᠡᠷᠮᠢᠴᠡ ᠤᠨᠴᠠᠯᠢᠭ ᠲᠠᠢ ᠪᠤᠯᠭᠠᠭᠠᠳ᠂ ᠰᠠᠨᠠᠭ᠎ᠠ ᠰᠡᠳᠬᠢᠯ ᠳᠤ ᠪᠠᠨ ᠰᠠᠭᠤᠭᠳᠠᠭᠰᠠᠨ ︽ᠬᠤᠷᠴᠢᠨ ᠡᠮᠡᠬᠡᠯ︾  ᠤᠨ ᠬᠡᠪ ᠨᠠᠮᠪᠠ ᠶᠢ ᠡᠬᠦᠳᠴᠠᠢ᠃    ᠬᠤᠷᠴᠢᠨ ᠡᠮᠡᠬᠡᠯ ᠢ ᠦᠵᠡᠵᠦ ᠬᠠᠷᠠᠬᠤ ᠳᠤ ᠭᠤᠶᠤᠬᠠᠨ᠂ ᠠᠪᠴᠤ ᠶᠠᠪᠤᠬᠤ ᠳᠤ ᠬᠦᠡᠭᠭᠡᠨ᠂ ᠤᠨᠤᠬ᠎ᠠ ᠬᠦᠯᠦᠭ  ᠲᠤ ᠳᠤᠬᠤᠬᠤ ᠳᠤ ᠵᠤᠬᠢᠷᠠᠮᠵᠢᠳᠠᠢ᠂ ᠤᠨᠤᠵᠤ ᠶᠠᠪᠤᠬᠤ ᠳᠤ ᠳᠠᠭᠠᠯᠠᠮᠵᠢᠳᠠᠢ ᠪᠤᠯᠪᠠᠴᠤ ᠬᠢᠵᠦ ᠦᠢᠯᠡᠳᠬᠦ ᠳᠤ ᠳᠤᠶᠢᠯ  ᠤᠨ ᠬᠦᠴᠢᠷ ᠲᠦᠪᠡᠭ ᠪᠠᠶᠢᠳᠠᠭ᠃ ᠳᠡᠷᠡ ᠨᠢ ᠮᠤᠳᠤ ᠪᠤᠯᠭᠠᠨ ᠢᠶᠠᠷ ᠱᠠᠭᠠᠳᠠᠭ ᠦᠭᠡᠢ᠂ ᠮᠤᠳᠤᠨ ᠳᠠᠷᠬᠠᠨ ᠪᠤᠯᠭᠠᠨ ᠴᠢᠳᠠᠳᠠᠭ ᠦᠭᠡᠢ ᠨᠠᠷᠢᠯᠢᠭ ᠳᠤᠨᠤᠭ᠂ ᠨᠢᠬᠳᠠ ᠡᠳ᠋ᠯᠡᠯ ᠪᠠᠶᠢᠳᠠᠭ ᠶᠤᠮ᠃ ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠮᠤᠷᠢᠨ ᠡᠮᠡᠬᠡᠯ ᠨᠢ ᠤᠷᠢᠳᠤ ᠬᠤᠶᠢᠳᠤ ᠪᠦᠬᠦᠷᠬᠡ᠂ ᠵᠡᠬᠦᠨ ᠪᠠᠷᠠᠭᠤᠨ ᠬᠠᠪᠳᠠᠭᠠᠯ ᠪᠠ ᠭᠤᠤᠯ ᠰᠠᠭᠤᠳᠠᠯ ︵ᠡᠮᠡᠬᠡᠯ︶ ᠵᠡᠷᠭᠡ ᠳᠠᠪᠤᠨ ᠭᠡᠰᠡᠭ ᠢᠶᠠᠷ ᠪᠦᠷᠢᠯᠳᠦᠳᠡᠭ᠃ ᠡᠮᠡᠭᠡᠯ ᠢ ᠴᠢᠨᠡᠷ ᠰᠠᠶᠢᠳᠠᠢ ᠬᠠᠳᠠᠭᠤ ᠮᠤᠳᠤ᠂ ᠴᠢᠭᠢᠭ ᠵᠠᠭᠤᠬᠤ ᠦᠭᠡᠢ ᠬᠠᠭᠤᠷᠠᠢ ᠮᠤᠳᠤ ᠪᠠᠷ ᠬᠢᠳᠡᠭ᠃    ᠮᠠᠨ ᠤ ᠬᠢᠨ ᠤᠵᠤᠭᠤᠷ ᠲᠤ ᠪᠠᠨ ᠴᠢᠬᠢᠭ ᠨᠤᠶᠢᠳᠠᠨ ᠳᠤ ᠭᠠᠵᠢᠳᠠᠭ ᠦᠭᠡᠢ᠂ ᠰᠠᠯᠬᠢᠨ ᠨᠠᠷᠠᠨ ᠳᠤ ᠬᠠᠭᠰᠠᠳᠠᠭ ᠦᠭᠡᠢ᠂ ᠰᠢᠷᠭᠡᠭ ᠨᠢ ᠤᠭᠠᠯᠵᠠᠯᠠᠵᠤ ᠬᠤᠸᠠᠷᠯᠠᠭᠰᠠᠨ᠂ ᠪᠦᠬᠦᠯᠢ ᠪᠠᠷ ᠢᠶᠠᠨ ᠶᠠᠰᠤᠯᠠᠵᠤ ᠰᠢᠷᠪᠦᠰᠦᠯᠡᠭᠰᠡᠨ ᠬᠠᠶᠢᠯᠠᠰᠤ ᠪᠠ ᠤᠳᠠᠨ ᠮᠤᠳᠤᠨ ᠤ ᠤᠵᠢᠷᠭ᠎ᠠ ᠪᠠᠷ ᠡᠮᠡᠭᠡᠯ ᠬᠢᠵᠦ ᠪᠠᠶᠢᠪᠠ᠃ ᠮᠤᠳᠤᠨ ᠤ ᠤᠵᠢᠷᠭ᠎ᠠ ᠪᠤᠯ ᠦᠨᠡᠨ ᠳᠤ ᠪᠠᠨ ᠮᠤᠳᠤᠨ ᠤ ︽ᠪᠠᠮ ᠡᠪᠡᠳᠴᠢᠨ︾ ᠪᠠᠶᠢᠳᠠᠭ᠃ ᠳᠡᠷᠡ ᠨᠢ ᠳᠠᠷᠤᠢ ᠮᠤᠳᠤᠨ ᠤ ᠰᠢᠷᠭᠡᠭ ᠨᠢ ᠰᠢᠯᠤᠭᠤᠨ ᠠᠰᠬᠠᠨ ᠪᠢᠰᠢ᠂ ᠤᠭᠠᠯᠵᠢᠯᠠᠨ ᠮᠤᠰᠬᠢᠷᠠᠵᠤ ᠤᠷᠭᠤᠭᠰᠠᠨ ᠪᠠᠶᠢᠳᠠᠭ᠃ ᠳᠡᠶᠢᠮᠤ ᠮᠤᠳᠤ ᠨᠢ ᠡᠩ ᠤᠨ ᠮᠤᠳᠤ ᠠᠴᠠ ᠪᠠᠨ ᠬᠤᠪᠢ ᠳᠠᠬᠢᠨ ᠬᠠᠳᠠᠭᠤ ᠪᠠᠶᠢᠵᠦ᠂ ᠶᠠᠮᠠᠷᠴᠤ ᠬᠢᠷᠤᠬᠡ ᠬᠢᠯᠪᠡᠷ ᠶᠠᠪᠤᠬᠤ ᠦᠭᠡᠢ ᠪᠠᠷ ᠪᠠᠷᠠᠬᠤ ᠦᠭᠡᠢ᠂ ᠰᠦᠬᠡ ᠴᠦᠴᠡ ᠠᠴᠠ ᠭᠠᠯ ᠤᠨ ᠰᠤᠷ ᠪᠤᠳᠠᠷᠠᠵᠤ᠂ ᠬᠠᠷᠤᠭᠤᠯ ᠠᠴᠠ ᠭᠡᠨᠭᠰᠢᠬᠦᠨ ᠦᠨᠦᠷ ᠭᠠᠷᠳᠠᠭ᠃    ᠬᠠᠶᠢᠯᠠᠰᠤ᠂ ᠤᠳᠠ ᠮᠤᠳᠤ ᠪᠤᠯᠭᠠᠨ ᠤᠵᠢᠷᠭᠠᠯᠠᠳᠠᠭ ᠦᠭᠡᠢ᠂ ᠤᠵᠢᠷᠭᠠᠨ ᠮᠤᠳᠤ ᠨᠢ ᠳᠤᠩ ᠬᠤᠪᠤᠷ ᠤᠯᠳᠠᠳᠠᠭ᠃ ᠤᠯᠳᠠᠭᠰᠠᠨ ᠤᠵᠢᠷᠭᠠᠨ ᠮᠤᠳᠤ ᠪᠠᠨ ᠤᠭᠳᠤᠯᠵᠤ ᠠᠪᠴᠢᠷᠠᠭᠰᠠᠨ ᠤ ᠳᠠᠷᠠᠭ᠎ᠠ᠂ ᠬᠦᠨᠳᠡᠯᠡᠨ ᠬᠡᠳᠤᠨ ᠮᠤᠳᠤᠨ ᠳᠡᠭᠡᠷ᠎ᠠ ᠳᠡᠮ ᠳᠠᠯᠪᠢᠵᠦ ᠨᠠᠷᠠ ᠰᠠᠯᠬᠢᠨ ᠳᠤ ᠤᠳᠠᠭᠠᠨ ᠡᠳᠤᠷ ᠬᠠᠳᠠᠭᠠᠨ᠎ᠠ᠃ ᠬᠠᠮᠤᠭ ᠰᠡᠬᠦᠯ ᠳᠤ ᠨᠢ ᠵᠦᠬᠡᠯᠡᠨ ᠭᠠᠯ ᠢᠶᠠᠷ ᠰᠢᠷᠠᠵᠤ᠂ ᠬᠠᠨᠭ᠍ᠭᠢᠨᠠᠳᠠᠯ᠎ᠠ ᠬᠠᠳᠠᠭᠠᠭᠰᠠᠨ ᠤ ᠳᠠᠷᠠᠭ᠎ᠠ ᠶᠠᠭᠠᠬᠢᠵᠦ ᠵᠦᠰᠦᠵᠦ ᠬᠢᠷᠦᠬᠡᠳᠡᠪᠡᠯ ᠡᠮᠡᠬᠡᠯ ᠤᠨ ᠤᠷᠢᠳᠤ ᠬᠤᠶᠢᠳᠤ ᠪᠦᠬᠦᠷᠬᠡ᠂ ᠬᠤᠶᠠᠷ ᠬᠠᠪᠳᠠᠭᠠᠯ᠂ ᠰᠠᠭᠤᠳᠠᠯ ᠢ ᠪᠦᠷᠢᠨ ᠵᠤᠬᠢᠶᠠᠵᠤ ᠳᠡᠶᠢᠯᠬᠦ ᠪᠠᠷ ᠤᠷᠢᠳᠡᠰᠠ ᠰᠢᠨᠵᠢᠯᠡᠵᠦ ᠲᠦᠯᠦᠪᠯᠡᠳᠡᠭ᠃ ᠮᠤᠳᠤᠨ ᠳᠠᠷᠬᠠᠨ ᠤᠵᠢᠷᠭ᠎ᠠ ᠳᠤ ᠳᠤᠩ ᠬᠠᠶᠢᠷᠠᠳᠠᠢ ᠪᠠᠶᠢᠵᠦ᠂ ᠬᠤᠷᠤᠭᠤ ᠬᠢᠷᠢ ᠭᠡᠰᠡᠭ ᠢ ᠴᠦ ᠭᠡᠭᠡᠭᠳᠡᠬᠦᠯᠦᠯ ᠦᠭᠡᠢ ᠠᠷᠪᠢᠯᠠᠳᠠᠭ᠃   ᠤᠵᠢᠷᠭ᠎ᠠ ᠶᠢᠨ ᠢᠶᠠᠨ ᠡᠪ ᠳᠡᠪ ᠢᠶᠠᠷ ᠨᠢ ᠬᠢᠷᠤᠬᠡᠳᠡᠨ ᠰᠠᠯᠭᠠᠵᠤ ᠠᠪᠤᠭᠠᠳ ᠤᠷᠢᠳᠤ ᠬᠤᠶᠢᠳᠤ ᠪᠦᠬᠦᠷᠬᠡ ᠪᠠ ᠰᠠᠭᠤᠳᠠᠯ ᠢ ᠤᠬᠤᠬᠤ ᠬᠢᠷᠤᠬᠡ ᠪᠠᠷ ᠬᠢᠷᠦᠭᠡᠳᠡᠵᠦ ᠲᠦᠯᠦᠪᠰᠢᠬᠦᠯᠦᠨ᠎ᠠ᠃ ᠳᠠᠷᠠᠭ᠎ᠠ ᠳᠤ ᠨᠢ ᠵᠢᠵᠢᠭ ᠭᠠᠷ ᠤᠭᠤᠯᠢ  ᠪᠠᠷ ᠪᠠᠭ᠎ᠠ ᠪᠠᠭ᠎ᠠ ᠪᠠᠷ ᠴᠠᠪᠴᠢᠨ ᠵᠠᠰᠠᠨ᠎ᠠ᠃ ᠳᠠᠬᠢᠨ ᠵᠢᠵᠢᠭ ᠬᠠᠷᠤᠭᠤᠯ ᠢᠶᠠᠷ ᠦ ᠰᠠᠪ ᠢ ᠨᠢ ᠨᠠᠷᠢᠨ ᠨᠢᠬᠳᠠ ᠳᠠᠷᠤᠵᠤ ᠬᠠᠷᠤᠭᠤᠯᠳᠠᠨ᠎ᠠ᠃    ᠡᠮᠡᠬᠡᠯ ᠤᠨ ᠳᠠᠪᠤᠨ ᠭᠡᠰᠡᠭ ᠪᠦᠷᠢᠯᠳᠦᠬᠦᠨ ᠮᠤᠳᠤ ᠪᠠᠨ ᠭᠡᠮᠵᠢᠶ᠎ᠠ ᠪᠠᠷᠢᠮᠵᠢᠶ᠎ᠠ ᠪᠠᠷ ᠠᠰ ᠱᠤᠭᠤᠮ᠂ ᠦᠨᠴᠦᠭᠳᠤ ᠱᠤᠭᠤᠮ ᠢᠶᠠᠨ ᠳᠠᠯᠪᠢᠨ ᠤᠳᠠᠰᠤᠨ ᠬᠢᠷᠢ ᠵᠦᠷᠢᠬᠦ ᠦᠭᠡᠢ ᠪᠠᠷ ᠴᠡᠪᠡᠳᠳᠠᠵᠤ ᠨᠡᠶᠢᠯᠡᠬᠦᠯᠬᠦ ᠳᠠᠯ᠎ᠠ ᠶᠢ ᠨᠢ ᠵᠠᠰᠠᠨ᠎ᠠ᠃ ᠰᠤᠩᠭᠤᠵᠤ ᠠᠪᠤᠭᠰᠠᠨ ᠰᠠᠶᠢᠨ ᠴᠠᠪᠠᠤ ᠪᠠᠨ ᠤᠰᠤᠨ ᠳᠤ ᠬᠢᠵᠦ ᠰᠠᠶᠢᠨ ᠴᠠᠪᠠᠳᠰᠢᠭᠤᠯᠤᠨ ᠪᠤᠴᠠᠯᠭᠠᠨ᠎ᠠ᠃ ᠮᠤᠳᠤ ᠬᠠᠪᠳᠠᠰᠤ ᠪᠠᠷ ᠵᠤᠬᠢᠶᠠᠭᠰᠠᠨ ᠡᠮᠡᠬᠡᠯ ᠤᠨ ᠬᠡᠪ ᠳᠡᠭᠡᠷ᠎ᠠ ᠪᠠᠨ ᠤᠷᠢᠳᠡᠪᠡᠷ ᠬᠤᠶᠠᠷ ᠬᠠᠪᠳᠠᠭᠠᠯ ᠢᠶᠠᠨ ᠪᠠᠳᠤ ᠪᠠᠬᠢ ᠳᠤᠷᠭᠤᠭᠠᠨ᠎ᠠ᠃ ᠳᠠᠷᠠᠭ᠎ᠠ ᠳᠤ ᠨᠢ ᠤᠷᠢᠳᠤ ᠬᠤᠶᠢᠳᠤ ᠪᠦᠬᠦᠷᠬᠡ ᠶᠢᠨ ᠬᠦᠯ ᠤᠨ ᠰᠠᠭᠤᠳᠠᠯ ᠤᠨ ᠤᠷᠤ ᠪᠠ ᠡᠮᠡᠬᠡᠯ  ᠤᠨ ᠰᠠᠭᠤᠳᠠᠯ ᠤᠨ ᠨᠠᠭᠠᠯᠳᠤᠬᠤ ᠤᠷᠤ ᠳᠤ ᠴᠠᠪᠠᠤ ᠪᠠᠨ ᠲᠦᠷᠬᠢᠨ᠎ᠠ᠃ ᠤᠷᠢᠳᠤ ᠬᠤᠶᠢᠳᠤ ᠪᠦᠬᠦᠷᠬᠡ ᠶᠢᠨ ᠬᠦᠯ  ᠤᠨ ᠳᠤᠳᠤᠷ᠎ᠠ ᠳᠠᠯ᠎ᠠ᠂ ᠭᠤᠤᠯ ᠰᠠᠭᠤᠳᠠᠯ ᠲᠠᠢ ᠨᠡᠶᠢᠯᠡᠬᠦ ᠳᠠᠯ᠎ᠠ ᠳᠤ ᠴᠠᠪᠠᠤ ᠪᠠᠨ ᠵᠢᠭᠳᠡ ᠰᠠᠶᠢᠬᠠᠨ ᠲᠦᠷᠬᠢᠨ᠎ᠠ᠃ ᠪᠠᠰᠠ ᠡᠮᠡᠭᠡᠯ ᠤᠨ ᠭᠤᠤᠯ ᠰᠠᠭᠤᠳᠠᠯ ᠮᠤᠳᠤᠨ ᠤ ᠬᠤᠶᠠᠷ ᠪᠦᠬᠦᠷᠬᠡ ᠲᠠᠢ ᠨᠡᠶᠢᠯᠡᠬᠦ ᠳᠠᠯ᠎ᠠ᠂ ᠬᠤᠶᠠᠷ ᠬᠠᠪᠳᠠᠭᠠᠯ ᠲᠠᠢ ᠨᠡᠶᠢᠯᠡᠬᠦ ᠳᠠᠯ᠎ᠠ ᠳᠤ ᠴᠠᠪᠠᠤ ᠪᠠᠨ ᠲᠦᠷᠬᠢᠬᠡᠳ᠂ ᠪᠦᠬᠦᠨ ᠢ ᠤᠷᠤᠨ ᠪᠠᠶᠢᠷᠢ ᠳᠤ ᠨᠢ ᠶᠠᠪ ᠴᠠᠪ ᠨᠡᠶᠢᠯᠡᠬᠦᠯᠦᠨ ᠳᠠᠷᠤᠵᠤ ᠳᠠᠯᠪᠢᠭᠠᠳ ᠳᠡᠷᠡ ᠳᠠᠷᠤᠢ ᠳᠡᠬᠡᠰᠤ ᠰᠢᠷᠢ ᠪᠠᠷ ᠴᠢᠩᠭᠠᠬᠠᠨ ᠰᠦᠯᠵᠢᠨ ᠤᠷᠢᠶᠠᠵᠤ ᠡᠷᠡᠨ᠎ᠠ᠃ ᠡᠬᠦᠨ ᠢ ᠬᠠᠨᠭ᠍ᠬᠠᠢ ᠡᠮᠡᠬᠡᠯ ᠨᠡᠶᠢᠯᠡᠬᠦᠯᠦᠨ᠎ᠠ ᠭᠡᠳᠡᠭ᠃ ᠪᠠᠰᠠ ᠬᠠᠨᠭ᠍ᠬᠠᠢ ᠡᠮᠡᠭᠡᠯ ᠰᠢᠭᠠᠨ᠎ᠠ ᠬᠡᠳᠡᠭ᠃    ᠶᠡᠷᠤ ᠠᠴᠠ ᠲᠦᠴᠢᠨ ᠨᠡᠢᠮᠡᠨ ᠴᠠᠭ ᠪᠤᠯᠬᠤ ᠦᠭᠡᠢ ᠪᠤᠯ ᠡᠷᠡᠭᠰᠡᠨ ᠡᠮᠡᠭᠡᠯ ᠢ ᠬᠦᠳᠡᠯᠬᠡᠳᠡᠭ ᠦᠭᠡᠢ᠃ ᠴᠠᠪᠠᠳᠳᠠᠭᠰᠠᠨ ᠢᠶᠠᠷ ᠢᠶᠠᠨ ᠰᠠᠯᠤᠭᠰᠠᠨ ᠡᠮᠡᠬᠡᠯ ᠢ ᠳᠠᠬᠢᠵᠦ ᠨᠡᠶᠢᠯᠡᠬᠦᠯᠬᠦ ᠨᠢ ᠰᠢᠨ᠎ᠠ ᠡᠮᠡᠬᠡᠯ ᠴᠠᠪᠠᠤᠳᠠᠬᠤ ᠠᠴᠠ ᠪᠠᠨ ᠬᠦᠴᠢᠷ ᠭᠡᠳᠡᠭ᠃ ᠤᠴᠢᠷ ᠨᠢ ᠴᠠᠪᠠᠤ ᠰᠢᠮᠡᠳᠴᠤ ᠬᠠᠳᠠᠭᠰᠠᠨ ᠮᠤᠳᠤᠨ ᠳᠤ ᠲᠡᠬᠢᠨ ᠴᠠᠪᠠᠤ ᠤᠷᠤᠬᠤ ᠨᠢ ᠮᠠᠭᠤ ᠪᠤᠯᠤᠨ᠎ᠠ᠃   ᠴᠠᠪᠠᠤ ᠨᠢ ᠰᠠᠶᠢᠨ ᠬᠠᠳᠠᠭᠰᠠᠨ ᠤ ᠳᠠᠷᠠᠭ᠎ᠠ᠂ ᠡᠮᠡᠭᠡᠯ ᠢᠶᠠᠨ ᠠᠯᠳᠠᠷᠭᠠᠨ ᠠᠪᠴᠤ ᠡᠮᠡᠭᠡᠯ ᠤᠨ ᠵᠦᠪ ᠪᠤᠷᠤᠭᠤ ᠳᠠᠯ᠎ᠠ ᠶᠢᠨ ᠪᠦᠬᠦᠷᠬᠡ ᠶᠢᠨ ᠬᠤᠶᠠᠷ ᠬᠦᠯ ᠤᠨ ᠬᠤᠭᠤᠷᠤᠨᠳᠤ᠂ ᠡᠮᠡᠬᠡᠯ ᠤᠨ ᠭᠤᠤᠯ ᠰᠠᠭᠤᠳᠠᠯ ᠲᠠᠢ ᠨᠡᠶᠢᠯᠡᠬᠦᠯᠵᠦ᠂ ᠬᠠᠪᠳᠠᠭᠠᠯ ᠳᠡᠬᠡᠷ᠎ᠠ ᠵᠢᠵᠢᠭ ᠤᠷᠳᠤ ᠲᠦᠷᠪᠡᠯᠵᠢᠨ ᠬᠠᠪᠳᠠᠰᠤ ᠶᠢ ᠨᠦᠬᠦᠪᠦᠷᠢᠯᠡᠨ ᠴᠡᠪᠡᠳᠳᠠᠨ᠎ᠠ᠃ ᠠᠳᠡ ᠬᠦᠷᠳᠡᠯ᠎ᠠ ᠰᠢᠭᠠᠵᠤ ᠳᠠᠭᠤᠰᠤᠭᠰᠠᠨ ᠡᠮᠡᠬᠡᠯ ᠢ ᠬᠠᠨᠭ᠍ᠬᠠᠢ ᠡᠮᠡᠬᠡᠯ ᠬᠡᠳᠡᠭ᠃   ᠬᠠᠩᠭᠠᠢ ᠡᠮᠡᠭᠡᠯ ᠪᠦᠷᠢᠨ ᠰᠠᠶᠢᠨ ᠬᠠᠳᠠᠭᠰᠠᠨ ᠤ ᠳᠠᠷᠠᠭ᠎ᠠ᠂ ᠵᠢᠵᠢᠭ ᠭᠠᠷ ᠤᠭᠤᠯᠢ ᠪᠠᠷ ᠡᠮᠡᠭᠡᠯ ᠤᠨ ᠨᠡᠶᠢᠯᠡᠬᠦᠯᠵᠦ ᠴᠠᠪᠠᠤᠳᠠᠭᠰᠠᠨ ᠭᠡᠰᠡᠭ᠂ ᠰᠠᠭᠤᠳᠠᠯ ᠤᠨ ᠳᠤᠤᠷ᠎ᠠ ᠬᠤᠨᠭ᠍ᠭᠢᠯ᠂ ᠪᠦᠬᠦᠷᠬᠡ ᠶᠢᠨ ᠬᠠᠵᠠᠭᠤ ᠬᠠᠪᠢ ᠶᠢ ᠨᠠᠷᠢᠨ ᠨᠢᠬᠳᠠ ᠴᠠᠪᠴᠢᠨ ᠵᠠᠰᠠᠭᠠᠳ ᠳᠠᠬᠢᠨ ᠮᠤᠳᠤᠨ ᠬᠠᠭᠤᠷᠠᠢ ᠪᠠᠷ ᠤᠭᠤᠯᠢ ᠶᠢᠨ ᠰᠠᠪ ᠢ ᠳᠠᠷᠤᠨ᠎ᠠ᠃ ᠪᠦᠳᠦᠬᠦᠨ ᠬᠠᠭᠤᠷᠠᠢ ᠨᠠᠷᠢᠨ ᠬᠠᠭᠤᠷᠠᠢ ᠪᠠᠷ ᠦ ᠰᠡᠪ ᠢ ᠳᠠᠷᠤᠭᠰᠠᠨ ᠤ ᠳᠠᠷᠠᠭ᠎ᠠ ᠱᠦᠷᠬᠦᠬᠦᠯ ᠴᠠᠭᠠᠰᠤ᠂ ᠱᠦᠷᠬᠦᠬᠦᠯ ᠪᠦᠰ  ᠢᠶᠠᠷ ᠬᠠᠨᠭ᠍ᠬᠠᠢ ᠡᠮᠡᠬᠡᠯ ᠤᠨ ᠪᠦᠬᠦ ᠨᠢᠭᠤᠷ ᠳᠠᠯ᠎ᠠ ᠶᠢ ᠰᠢᠯ ᠰᠢᠭ ᠬᠦᠯᠢᠳᠡᠯ᠎ᠠ ᠵᠦᠯᠬᠦᠳᠡᠭ᠃   ᠱᠦᠷᠬᠦᠬᠦᠯ ᠴᠠᠭᠠᠰᠤ᠂ ᠱᠦᠷᠬᠦᠬᠦᠯ ᠪᠦᠰ ᠢᠶᠠᠷ ᠵᠦᠯᠬᠦᠵᠦ ᠳᠠᠭᠤᠰᠤᠭᠰᠠᠨ ᠤ ᠳᠠᠷᠠᠭ᠎ᠠ ᠬᠡᠮᠵᠢᠶᠡᠳᠤ ᠱᠤᠭᠤᠮ  ᠢᠶᠠᠷ ᠡᠮᠡᠬᠡᠯ ᠤᠨ ᠭᠠᠨᠵᠤᠭ᠎ᠠ ᠶᠢᠨ ᠨᠦᠬᠡ᠂ ᠵᠢᠷᠢᠮ ᠤᠨ ᠤᠭᠤᠰᠤᠷ᠂ ᠤᠯᠤᠩ ᠤᠨ ᠤᠭᠤᠰᠤᠷ ᠤᠨ ᠨᠦᠬᠡ᠂ ᠲᠦᠷᠦᠬᠡᠨ ᠰᠤᠷ ᠤᠨ ᠨᠦᠬᠡ᠂ ᠳᠠᠷᠤᠭᠤᠯᠭ᠎ᠠ ᠶᠢᠨ ᠨᠦᠬᠡ ᠵᠡᠷᠭᠡ ᠶᠢᠨ ᠨᠦᠬᠡ ᠶᠢᠨ ᠤᠷᠤᠮ ᠢ ᠤᠨᠤᠪᠴᠢᠳᠠᠢ ᠰᠠᠶᠢᠬᠠᠨ ᠵᠢᠷᠤᠨ ᠳᠡᠮᠳᠡᠭᠯᠡᠵᠦ᠂ ᠴᠤᠭᠤᠯᠳᠤᠷ᠂ ᠴᠦᠬᠡ ᠵᠡᠷᠭᠡ ᠵᠡᠪᠰᠡᠭ ᠢᠶᠠᠷ ᠰᠢᠯᠵᠢᠬᠡ ᠦᠭᠡᠢ ᠨᠦᠬᠡᠯᠡᠨ ᠴᠤᠭᠤᠯᠤᠨ᠎ᠠ᠃ ᠬᠠᠩᠭᠠᠢ ᠡᠮᠡᠬᠡᠯ ᠢᠶᠠᠨ ᠳᠡᠭᠡᠭᠰᠢ ᠬᠠᠨᠳᠤᠭᠤᠯᠵᠤ᠂ ᠭᠠᠨᠵᠤᠭ᠎ᠠ ᠶᠢᠨ ᠵᠡᠷᠭᠡᠴᠡᠭᠡ ᠬᠤᠶᠠᠷ ᠨᠦᠬᠡ ᠶᠢᠨ ᠬᠤᠭᠤᠷᠤᠨᠳᠤ᠂ ᠭᠠᠨᠵᠤᠭ᠎ᠠ ᠶᠢᠨ ᠪᠢᠳᠡᠬᠦᠦ ᠳᠠᠯ᠎ᠠ ᠶᠢᠨ ᠰᠤᠷ ᠤᠨ ᠬᠡᠪᠳᠡᠵᠦ ᠨᠠᠭᠠᠯᠳᠤᠬᠤ ᠭᠤᠪᠬᠢᠯ ᠭᠠᠷᠭᠠᠨ᠎ᠠ᠃ ᠲᠦᠷᠦᠬᠡᠨ ᠰᠤᠷ ᠨᠠᠭᠠᠯᠳᠤᠵᠤ ᠨᠢᠭᠤᠭᠳᠠᠬᠤ ᠬᠤᠨᠭ᠍ᠬᠢᠯ ᠪᠠ ᠵᠢᠷᠢᠮ᠂ ᠤᠯᠤᠩ ᠤᠨ ᠤᠭᠤᠰᠤᠷ ᠤᠨ ᠬᠦᠶᠦᠳᠡᠯ ᠤᠨ ᠭᠤᠪᠬᠢᠯ ᠢ ᠤᠬᠤᠵᠤ ᠭᠠᠷᠭᠠᠨ᠎ᠠ᠃ ᠡᠬᠦᠨ ᠢ ᠬᠠᠨᠭ᠍ᠬᠠᠢ ᠡᠮᠡᠬᠡᠯ ᠵᠠᠰᠠᠨ᠎ᠠ ᠭᠡᠳᠡᠭ᠃   ᠡᠮᠡᠬᠡᠯ ᠤᠨ ᠨᠦᠬᠡ ᠶᠢ ᠴᠤᠭᠤᠯᠵᠤ ᠳᠠᠭᠤᠰᠮᠠᠭᠴᠠ ᠪᠠᠨ ᠪᠠᠰᠠ ᠳᠠᠬᠢᠨ ᠱᠦᠷᠬᠦᠬᠦᠯ ᠴᠠᠭᠠᠰᠤ᠂ ᠱᠦᠷᠬᠦᠬᠦᠯ ᠪᠦᠰ ᠢᠶᠠᠷ ᠨᠦᠬᠡ ᠪᠦᠷᠢ ᠶᠢᠨ ᠠᠮᠠᠰᠠᠷ᠂ ᠢᠷᠮᠡᠭ᠂ ᠦᠨᠴᠦᠭ ᠪᠤᠯᠤᠩ ᠢ ᠰᠠᠶᠢᠳᠤᠷ ᠱᠦᠷᠬᠦᠬᠡᠨ᠎ᠠ᠃ ᠳᠠᠬᠢᠭᠠᠳ ᠠᠷᠢᠭᠤᠨ ᠴᠡᠪᠡᠷ ᠵᠦᠬᠡᠯᠡᠨ ᠪᠦᠰ ᠢᠶᠠᠷ ᠨᠠᠷᠢᠨ ᠦᠷᠦᠪᠳᠡᠰᠤ ᠳᠤᠭᠤᠰᠤ ᠶᠢ ᠠᠷᠴᠢᠨ ᠵᠦᠯᠬᠦᠵᠦ᠂ ᠰᠢᠷᠳᠡᠵᠦ ᠪᠤᠳᠤᠬᠤ ᠱᠤᠭᠤᠮ ᠵᠢᠷᠤᠭᠠᠰᠤ ᠳᠠᠳᠠᠨ᠎ᠠ᠃   ᠮᠠᠨ ᠤ ᠨᠤᠳᠤᠭ ᠤᠨ ᠮᠤᠩᠭᠤᠯᠴᠤᠳ᠂ ᠡᠮᠡᠭᠡᠯ ᠤᠨ ᠤᠷᠢᠳᠤ ᠪᠦᠬᠦᠷᠭᠡ ᠶᠢ ᠨᠠᠷᠠ ᠪᠦᠬᠦᠷᠬᠡ ᠭᠡᠳᠡᠭ᠃ ᠤᠷᠢᠳᠤ ᠪᠦᠬᠦᠷᠬᠡ ᠶᠢᠨ ᠳᠤᠤᠷᠠᠬᠢ ᠬᠠᠭᠠᠰ ᠳᠤᠭᠤᠷᠢᠭ ᠤᠬᠤᠮᠵᠢ ᠶᠢ ᠡᠮᠡᠬᠡᠯ ᠤᠨ ᠨᠠᠷᠠ ᠭᠡᠳᠡᠭ᠃ ᠡᠮᠤᠨ᠎ᠠ ᠪᠦᠬᠦᠷᠬᠡ ᠶᠢᠨ ᠳᠤᠷᠤᠭᠰᠢ ᠪᠠᠨ ᠬᠤᠶᠠᠷ ᠰᠠᠯᠠᠭᠠᠯᠠᠨ ᠬᠠᠪᠳᠠᠭᠠᠯ ᠳᠡᠬᠡᠷ᠎ᠠ ᠨᠠᠭᠠᠵᠤ ᠪᠠᠬᠢᠯᠡᠭᠰᠡᠨ ᠭᠡᠰᠡᠭ ᠢ ᠤᠷᠢᠳᠤ ᠪᠦᠬᠦᠷᠬᠡ ᠶᠢᠨ ᠬᠦᠯ ᠭᠡᠳᠡᠭ᠃ ᠮᠤᠷᠢᠨ ᠤ ᠪᠤᠷᠤᠭᠤ ᠳᠠᠯ᠎ᠠ ᠳᠤ ᠭᠠᠷᠤᠭᠰᠠᠨ ᠬᠦᠯ ᠢ ᠪᠠᠷᠠᠭᠤᠨ ᠬᠦᠯ ᠭᠡᠵᠤ᠂ ᠮᠤᠷᠢᠨ ᠤ ᠵᠦᠪ ᠳᠠᠯ᠎ᠠ ᠳᠤ ᠭᠠᠷᠤᠭᠰᠠᠨ ᠬᠦᠯ ᠢ ᠵᠡᠬᠦᠨ ᠬᠦᠯ ᠭᠡᠨ᠎ᠠ᠃ ᠤᠷᠢᠳᠤ ᠪᠦᠬᠦᠷᠬᠡ ᠶᠢᠨ ᠡᠮᠤᠨ᠎ᠠ ᠨᠢᠭᠤᠷ ᠢ ᠤᠷᠢᠳᠤ ᠪᠦᠬᠦᠷᠬᠡ ᠶᠢᠨ ᠳᠤᠯᠢ ᠭᠡᠵᠤ᠂ ᠳᠡᠭᠡᠷ᠎ᠠ ᠤᠷᠬᠢᠯ ᠢ ᠨᠢ ᠤᠷᠢᠳᠤ ᠪᠦᠬᠦᠷᠬᠡ ᠶᠢᠨ ᠤᠷᠤᠢ᠂ ᠤᠷᠤᠢ ᠶᠢᠨ ᠵᠡᠬᠦᠨ ᠪᠠᠷᠠᠭᠤᠨ ᠬᠤᠶᠠᠷ ᠬᠢᠨᠭᠭ᠎ᠠ ᠶᠢ ᠡᠮᠡᠬᠡᠯ ᠤᠨ ᠬᠢᠷ᠎ᠠ ᠭᠡᠵᠤ᠂ ᠰᠠᠭᠤᠳᠠᠯ ᠲᠠᠢ ᠨᠡᠶᠢᠯᠡᠬᠦᠯᠵᠦ ᠴᠠᠪᠠᠤᠳᠠᠭᠰᠠᠨ ᠤᠷᠤᠮ ᠢ ᠤᠷᠢᠳᠤ ᠪᠦᠬᠦᠷᠬᠡ ᠶᠢᠨ ᠵᠠᠭᠠᠳᠠᠰᠤ ᠭᠡᠳᠡᠭ᠃ ᠬᠤᠶᠢᠳᠤ ᠪᠦᠬᠦᠷᠬᠡ ᠪᠠ ᠰᠠᠭᠤᠳᠠᠯ ᠲᠠᠢ ᠨᠡᠶᠢᠯᠡᠬᠦᠯᠵᠦ ᠴᠠᠪᠠᠤᠳᠠᠭᠰᠠᠨ ᠤᠷᠤᠮ ᠢ ᠡᠮᠡᠬᠡᠯ ᠤᠨ ᠬᠤᠶᠢᠳᠤ ᠵᠠᠭᠠᠳᠠᠰᠤ ᠭᠡᠳᠡᠭ᠃ ᠡᠮᠡᠬᠡᠯ ᠤᠨ ᠬᠤᠶᠠᠷ ᠵᠠᠭᠠᠳᠠᠰᠤ ᠪᠠᠨ ᠪᠠᠰᠠ ᠡᠮᠡᠬᠡᠯ ᠤᠨ ᠭᠤᠤᠯ ᠭᠤᠷᠤᠬ᠎ᠠ ᠭᠡᠵᠤ ᠭᠡᠵᠢᠶ᠎ᠠ ᠢᠮᠠᠭᠳᠠ ᠪᠠᠨ ᠳᠠᠰᠤᠷᠠᠰᠢ ᠦᠭᠡᠢ ᠠᠮᠢ ᠠᠮᠢᠵᠢᠷᠠᠯ ᠲᠠᠢ ᠤᠷᠤᠰᠴᠤ ᠪᠠᠶᠢᠭ᠎ᠠ ᠭᠤᠤᠯ ᠮᠦᠷᠡᠨ ᠢᠶᠠᠷ ᠠᠮᠢᠯᠠᠭᠤᠯᠤᠨ ᠪᠡᠯᠭᠡᠳᠡᠳᠡᠭ᠃   ᠤᠷᠢᠳᠤ ᠪᠦᠬᠦᠷᠬᠡ ᠶᠢᠨ ᠨᠠᠷᠠ ᠶᠢ ᠰᠠᠪᠬ᠎ᠠ ᠶᠢᠨ ᠲᠦᠷᠪᠡᠯᠵᠢᠨ ᠭᠡᠮᠵᠢᠶ᠎ᠠ ᠪᠠᠷ ᠤᠯᠠᠭᠠᠨ ᠰᠢᠷ ᠪᠤᠳᠤᠭ ᠢᠶᠠᠷ ᠳᠤᠭᠤᠶᠢᠯᠠᠨ ᠰᠢᠷᠳᠡᠨ᠎ᠠ᠃ ᠮᠤᠩᠭᠤᠯᠴᠤᠳ ᠤᠯᠠᠭᠠᠨ ᠦᠡᠭᠭᠡ ᠶᠢ ᠭᠡᠵᠢᠶᠡᠳᠡ ᠤᠷᠭᠤᠵᠤ ᠪᠠᠶᠢᠭ᠎ᠠ ᠨᠠᠷᠠ᠂ ᠤᠯᠠᠯᠵᠠᠵᠤ ᠪᠠᠶᠢᠭ᠎ᠠ ᠭᠠᠯ ᠢᠶᠠᠷ ᠦᠵᠡᠳᠡᠭ ᠪᠦᠬᠡᠳ ᠮᠠᠨᠳᠤᠵᠤ ᠪᠠᠶᠢᠭ᠎ᠠ ᠬᠡᠢ ᠮᠤᠷᠢ ᠰᠦᠭ ᠰᠦᠯᠳᠡ ᠪᠠᠷ ᠦᠵᠡᠳᠡᠭ  ᠠᠴᠠ ᠡᠮᠡᠬᠡᠯ ᠤᠨ ᠢᠶᠠᠨ ᠡᠮᠤᠨ᠎ᠠ ᠪᠦᠬᠦᠷᠬᠡ ᠶᠢ ᠨᠠᠷᠠᠨ ᠪᠦᠬᠦᠷᠬᠡ ᠭᠡᠵᠤ᠂ ᠶᠠᠭ ᠮᠠᠨᠳᠤᠵᠤ ᠪᠠᠶᠢᠭ᠎ᠠ ᠨᠠᠷᠠ ᠰᠢᠭ᠋ ᠢᠶᠠᠷ ᠬᠠᠪᠳᠠᠭᠠᠯ ᠳᠡᠬᠡᠷ᠎ᠠ ᠰᠠᠭᠤᠯᠭᠠᠵᠠᠢ᠃ ᠬᠤᠷᠴᠢᠨ ᠡᠮᠡᠬᠡᠯ ᠤᠨ ᠤᠷᠢᠳᠤ ᠪᠦᠬᠦᠷᠬᠡ ᠨᠢ ᠦᠨᠳᠦᠷ᠂ ᠬᠤᠶᠢᠳᠤ ᠪᠦᠬᠦᠷᠬᠡ  ᠨᠢ ᠨᠠᠮ ᠪᠠᠶᠢᠳᠠᠭ ᠨᠢ ᠮᠥᠨ ᠨᠠᠷᠠᠨ ᠰᠠᠷᠠᠨ ᠲᠠᠢ ᠬᠤᠯᠪᠤᠭᠠᠳᠠᠢ ᠪᠠᠶᠢᠳᠠᠭ᠃ ᠬᠤᠶᠢᠳᠤ ᠪᠦᠬᠦᠷᠬᠡ ᠶᠢ ᠰᠠᠷᠠᠨ ᠪᠦᠬᠦᠷᠬᠡ ᠭᠡᠳᠡᠭ᠃ ᠬᠤᠶᠢᠳᠤ ᠪᠦᠬᠦᠷᠬᠡ ᠨᠢ ᠬᠤᠶᠢᠰᠢ ᠪᠠᠨ ᠬᠡᠪᠳᠡᠭᠡ ᠪᠦᠬᠡᠳ ᠬᠤᠶᠠᠷ ᠳᠡᠰᠢ ᠪᠠᠨ ᠳᠠᠯᠪᠢᠭᠤ᠃ ᠳᠤᠤᠷ᠎ᠠ ᠤᠬᠤᠮᠵᠢ ᠨᠢ ᠤᠷᠢᠳᠤ ᠪᠦᠬᠦᠷᠬᠡ ᠠᠴᠠ ᠪᠠᠨ ᠪᠠᠭ᠋ᠠᠨ ᠠᠯᠴᠠᠭᠠᠷ᠂ ᠴᠡᠭᠡᠯ ᠨᠢ ᠪᠤᠭᠤᠨᠢ ᠪᠠᠶᠢᠳᠠᠭ᠃ ᠬᠤᠶᠢᠳᠤ ᠪᠦᠬᠦᠷᠬᠡ ᠶᠢᠨ ᠤᠬᠤᠮᠵᠢ ᠶᠢᠨ ᠬᠦᠪᠡᠭᠡ ᠶᠢ ᠳᠠᠭᠠᠭᠤᠯᠵᠤ ᠮᠥᠨ ᠰᠠᠪᠬᠠᠨ ᠬᠢᠷᠢ ᠦᠷᠬᠡᠨ ᠢᠶᠠᠷ ᠤᠯᠠᠭᠠᠨ ᠰᠢᠷ ᠪᠤᠳᠤᠭ ᠢᠶᠠᠷ ᠳᠤᠭᠤᠶᠢᠯᠠᠨ ᠰᠢᠷᠳᠡᠨ᠎ᠠ᠃ ᠳᠤᠩᠭᠠᠯᠠᠭ ᠦᠳᠡᠰᠢ ᠶᠢᠨ ᠰᠠᠷᠠᠨ ᠮᠠᠨᠳᠤᠬᠤ ᠦᠶ᠎ᠠ ᠳᠤ ᠪᠠᠨ ᠤᠯᠠᠭᠠᠪᠳᠤᠷ ᠳᠤᠶᠠᠭ᠎ᠠ ᠰᠠᠴᠤᠵᠤ᠂ ᠨᠠᠷᠠᠨ ᠠᠴᠠ ᠳᠤᠮᠤ ᠪᠠᠶᠢᠳᠠᠭ ᠳᠤᠯᠠ ᠮᠥᠨ ᠤᠯᠠᠭᠠᠨ ᠰᠢᠷ ᠢᠶᠠᠷ ᠰᠢᠷᠳᠡᠵᠦ᠂ ᠦᠬᠡᠳᠡᠯᠡᠨ ᠳᠡᠭᠵᠢᠷᠡᠬᠦ᠂ ᠦᠯᠵᠠᠢ ᠪᠤᠶᠠᠨ ᠪᠠᠳᠤᠳᠬᠤ ᠶᠢᠨ ᠪᠡᠯᠬᠡ ᠳᠡᠮᠳᠡᠭ ᠪᠤᠯᠭᠠᠵᠠᠢ᠃    ᠬᠠᠨᠭ᠍ᠬᠠᠢ ᠡᠮᠡᠬᠡᠯ ᠤᠨ ᠦᠬᠡᠷ᠎ᠠ ᠪᠤᠰᠤᠳ ᠭᠡᠰᠡᠭ ᠲᠤ ᠤᠯᠠᠭᠠᠨ ᠰᠢᠷ ᠪᠤᠳᠤᠭ ᠬᠡᠷᠡᠭᠯᠡᠳᠡᠭ ᠦᠭᠡᠢ᠂ ᠳᠤᠷ᠎ᠠ ᠪᠠᠷ  ᠢᠶᠠᠨ ᠤᠯᠠᠭᠠᠨ ᠢᠶᠠᠷ ᠰᠢᠷᠳᠡᠬᠦ ᠶᠢ ᠮᠠᠭᠤ ᠢᠷᠸ᠎ᠠ ᠪᠠᠷ ᠦᠵᠡᠳᠡᠭ᠃    ᠬᠤᠶᠠᠷ ᠪᠦᠬᠦᠷᠬᠡ ᠶᠢᠨ ᠬᠤᠭᠤᠷᠤᠨᠳᠤᠬᠢ ᠤᠬᠤᠮᠵᠢ ᠵᠠᠢ ᠶᠢ ᠡᠮᠡᠭᠡᠯ ᠭᠡᠳᠡᠭ᠃ ᠬᠤᠶᠠᠷ ᠪᠦᠬᠦᠷᠬᠡ ᠲᠠᠢ ᠨᠡᠶᠢᠯᠡᠬᠦᠯᠵᠦ ᠴᠠᠪᠠᠤᠳᠠᠭᠰᠠᠨ ᠭᠡᠰᠡᠭ ᠮᠤᠳᠤ ᠶᠢ ᠡᠮᠡᠬᠡᠯ ᠤᠨ ᠰᠠᠭᠤᠳᠠᠯ ᠭᠡᠬᠦ ᠪᠦᠬᠡᠳ ᠪᠠᠰᠠ ᠡᠮᠡᠭᠡᠯ ᠤᠨ ᠠᠴᠢᠮᠠᠭ ᠭᠡᠳᠡᠭ᠃ ᠡᠮᠡᠭᠡᠯ ᠭᠡᠳᠡᠭ ᠦᠬᠡ ᠶᠢᠨ ᠤᠳᠬ᠎ᠠ ᠰᠠᠨᠠᠭ᠎ᠠ ᠨᠢ ᠳᠠᠷᠤᠢ ᠤᠨᠤᠭᠤᠯᠢ ᠡᠷᠪᠡᠭᠡᠯᠵᠢ᠂ ᠠᠴᠠ ᠰᠡᠷᠪᠡᠬᠡᠯᠵᠢ ᠭᠡᠳᠡᠭ ᠦᠬᠡ ᠠᠴᠠ ᠢᠷᠡᠯᠳᠡ ᠲᠠᠢ ᠪᠠᠶᠢᠳᠠᠭ᠃ ᠶᠡᠬᠡᠰᠭᠡᠵᠦ ᠪᠤᠳᠤᠪᠠᠯ ᠵᠡᠷᠭᠡᠴᠡᠵᠦ ᠤᠷᠭᠤᠭᠰᠠᠨ ᠦᠨᠳᠦᠷ ᠬᠤᠶᠠᠷ ᠤᠷᠤᠢ᠂ ᠬᠤᠶᠠᠷ ᠠᠭᠤᠯᠠ ᠶᠢᠨ ᠰᠢᠨᠵᠢ ᠲᠦᠷᠢ ᠶᠢ ᠢᠯᠡᠷᠡᠬᠦᠯᠵᠦ᠂ ᠪᠠᠭᠠᠰᠬᠠᠵᠤ ᠬᠡᠯᠡᠪᠡᠯ ᠳᠡᠮᠡᠭᠡ ᠶᠢᠨ ᠬᠤᠶᠠᠷ ᠪᠦᠬᠦ ᠶᠢ ᠲᠦᠷᠰᠦᠯᠡᠭᠰᠡᠨ ᠠᠭᠤᠯᠭ᠎ᠠ ᠤᠬᠠᠭᠠᠨ ᠲᠠᠢ ᠪᠠᠶᠢᠳᠠᠭ ᠶᠤᠮ᠃ ᠳᠡᠶᠢᠮᠤᠷᠬᠦ ᠪᠠᠶᠢᠭᠠᠯᠢ ᠪᠠ ᠠᠮᠢᠳᠤ ᠦᠵᠡᠭᠳᠡᠯ ᠲᠦᠷᠰᠦ ᠶᠢ ᠠᠯᠢ ᠤᠵᠤᠭᠤᠷ ᠠᠴᠠ ᠬᠦᠮᠦᠰ ᠡᠷᠪᠡᠬᠡᠯᠵᠢ ᠬᠤᠶᠠᠷ ᠠᠭᠤᠯᠠ᠂ ᠤᠨᠤᠭᠤᠯᠢ ᠶᠢᠨ ᠬᠤᠶᠠᠷ ᠭᠤᠤ᠂ ᠠᠴᠠ ᠬᠤᠶᠠᠷ ᠪᠦᠬᠦ᠂ ᠠᠩᠬᠠᠷᠬᠠᠢ ᠬᠤᠶᠠᠷ ᠤᠷᠤᠢ ᠭᠡᠵᠤ ᠬᠡᠯᠡᠳᠡᠭ ᠪᠠᠶᠢᠭᠰᠠᠨ᠃ ᠳᠡᠭᠡᠭᠡᠳ ᠯᠠ ᠮᠤᠷᠢᠨ ᠨᠢᠷᠤᠭᠤᠨ ᠳᠡᠬᠡᠷ᠎ᠠ ᠳᠤᠬᠤᠳᠠᠭ ᠤᠨᠤᠭᠤᠯᠢ ᠲᠠᠢ ᠬᠤᠶᠠᠷ ᠡᠷᠪᠡᠬᠡᠯᠵᠢ᠂ ᠠᠴᠢᠮᠠᠭ ᠬᠤᠶᠠᠷ ᠰᠡᠷᠪᠡᠬᠡᠯᠵᠢ ᠲᠠᠢ ᠤᠨᠤᠭᠤᠷᠢ ᠶᠢᠨ ᠭᠡᠷᠡᠭᠰᠡᠯ ᠢᠶᠠᠨ ᠡᠮᠡᠬᠡᠯ ᠭᠡᠵᠤ ᠨᠡᠷᠡᠯᠡᠭᠰᠡᠨ ᠪᠠᠶᠢᠬ᠎ᠠ ᠳ᠋ᠠ᠃    ᠨᠠᠷᠠᠨ ᠰᠠᠷᠠᠨ ᠪᠦᠬᠦᠷᠭᠡ ᠶᠢᠨ ᠢᠶᠠᠨ ᠳᠤᠤᠷ᠎ᠠ ᠳᠠᠯ᠎ᠠ ᠶᠢᠨ ᠮᠡᠨᠳᠤᠵᠤ ᠪᠠᠶᠢᠭ᠎ᠠ ᠬᠠᠭᠠᠰ ᠨᠠᠷᠠᠨ ᠰᠠᠷᠠᠨ ᠢᠶᠠᠨ ᠰᠢᠷᠳᠡᠵᠦ ᠳᠠᠭᠤᠰᠤᠭᠰᠠᠨ ᠤ ᠳᠠᠷᠠᠭ᠎ᠠ᠂ ᠨᠤᠭᠤᠭᠠᠪᠳᠤᠷ ᠦᠡᠭᠭᠡ ᠶᠢᠨ ᠰᠢᠷ ᠢᠶᠠᠷ ᠨᠠᠷᠠ ᠰᠠᠷᠠ ᠪᠦᠬᠦᠷᠬᠡ ᠶᠢᠨ ᠢᠶᠠᠨ ᠭᠤᠤᠯ ᠤᠷᠤᠢ ᠬᠢᠷ᠎ᠠ ᠶᠢ ᠵᠦᠪ ᠪᠤᠷᠤᠭᠤ ᠬᠤᠶᠠᠷ ᠬᠦᠯ ᠤᠨ ᠬᠢᠨᠢ ᠤᠯᠠ ᠳᠤ ᠬᠦᠷᠳᠡᠯ᠎ᠠ ᠬᠤᠷᠤᠭᠤ ᠦᠷᠬᠡᠨ ᠢᠶᠠᠷ ᠰᠢᠷᠳᠡᠨ᠎ᠠ᠃ ᠪᠠᠰᠠ ᠬᠤᠶᠠᠷ ᠬᠠᠪᠳᠠᠭᠠᠯ ᠳᠠᠯ᠎ᠠ ᠶᠢᠨ ᠪᠦᠬᠦᠷᠬᠡ ᠶᠢ ᠨᠤᠭᠤᠭᠠᠪᠳᠤᠷ ᠦᠡᠭᠭᠡ ᠶᠢᠨ ᠰᠢᠷ ᠢᠶᠠᠷ ᠰᠢᠷᠳᠡᠨ᠎ᠠ᠃ ᠳᠡᠷᠡ ᠨᠢ ᠳᠠᠷᠤᠢ ᠮᠦᠡᠭᠭᠡ ᠨᠤᠭᠤᠭᠠᠨ ᠪᠠᠶᠢᠭᠠᠯᠢᠯᠢᠭ ᠦᠡᠭᠭᠡ ᠪᠠᠷ ᠦᠨᠢ ᠤᠷᠤᠰᠢᠳᠠᠭ ᠳᠡᠯᠡᠭᠡᠢ ᠶᠢᠷᠳᠢᠨᠴᠤ ᠶᠢ ᠬᠠᠷᠠᠭᠤᠯᠵᠤ ᠪᠠᠶᠢᠭ᠎ᠠ ᠠᠵᠢ᠂ ᠳᠤᠰ ᠨᠤᠭᠤᠭᠠᠪᠳᠤᠷ ᠦᠡᠭᠭᠡ ᠶᠢᠨ ᠪᠦᠰᠡᠯᠡᠬᠦᠷ ᠠᠴᠠ ᠪᠠᠨ ᠳᠤᠷᠤᠭᠰᠢ ᠪᠦᠬᠦᠷᠬᠡ ᠪᠠᠨ ᠳᠡᠮᠤᠷ ᠤᠨ ᠦᠡᠭᠭᠡ ᠶᠢᠨ ᠬᠠᠷ᠎ᠠ ᠰᠢᠷ ᠪᠤᠳᠤᠭ ᠢᠶᠠᠷ ᠬᠦᠪᠡᠬᠡᠯᠡᠨ ᠰᠢᠷᠳᠡᠳᠡᠭ᠃ ᠳᠡᠷᠡ  ᠨᠢ ᠡᠮᠡᠬᠡᠯ ᠤᠨ ᠭᠡᠵᠢᠶᠡᠳᠡ ᠬᠠᠭᠠᠷᠠᠵᠤ ᠰᠠᠯᠪᠠᠷᠠᠳᠠᠭ ᠦᠭᠡᠢ ᠪᠠᠳᠤ ᠪᠠᠬᠢ ᠶᠢᠨ ᠪᠡᠯᠬᠡ ᠳᠡᠮᠳᠡᠭ ᠪᠤᠯᠭᠠᠪᠠ᠃    ᠢᠡᠭᠭᠢᠵᠦ ᠬᠦᠪᠡᠭᠡ ᠢᠷᠮᠡᠭ ᠢ ᠰᠢᠷᠳᠡᠵᠦ ᠳᠠᠭᠤᠰᠤᠭᠰᠠᠨ ᠤ ᠳᠠᠷᠠᠭ᠎ᠠ᠂ ᠡᠮᠡᠬᠡᠯ ᠤᠨ ᠪᠤᠰᠤᠳ ᠶᠡᠭᠡ ᠭᠡᠰᠡᠭ ᠢ ᠰᠢᠩᠭᠡᠨ ᠰᠢᠷᠠᠪᠳᠤᠷ ᠦᠡᠭᠭᠡ ᠶᠢᠨ ᠪᠤᠳᠤᠭ ᠢᠶᠠᠷ ᠳᠤᠷᠰᠢ ᠳᠤ ᠨᠢ ᠪᠤᠳᠤᠨ᠎ᠠ᠃ ᠳᠡᠷᠡ ᠨᠢ ᠡᠮᠡᠬᠡᠯ ᠤᠨ ᠮᠤᠳᠤᠨ ᠤ ᠰᠢᠷᠭᠡᠭ ᠬᠤᠸᠠᠷ ᠢ ᠨᠡᠩ ᠢᠯᠡ ᠳᠤᠳᠤ ᠪᠤᠯᠭᠠᠵᠤ᠂ ᠡᠷᠬᠢᠮ ᠠᠷᠢᠭᠤᠨ᠂ ᠭᠤᠸ᠎ᠠ ᠰᠠᠶᠢᠬᠠᠨ ᠤ ᠭᠡᠪ ᠨᠠᠮᠪᠠ ᠶᠢ ᠢᠯᠡᠷᠡᠬᠦᠯᠳᠡᠭ᠃ ᠰᠢᠷᠡᠪᠳᠤᠷ ᠦᠡᠭᠭᠡ ᠶᠢᠨ ᠪᠤᠳᠤᠭ ᠢᠶᠠᠷ ᠪᠤᠳᠤᠬᠤ ᠦᠭᠡᠢ ᠪᠤᠯ ᠡᠮᠡᠬᠡᠯ ᠨᠢ ᠬᠤᠪᠠᠭ᠋ᠠᠢ ᠴᠠᠭᠠᠨ ᠦᠡᠭᠭᠡ ᠲᠠᠢ ᠪᠤᠯᠵᠤ᠂ ᠬᠦᠮᠦᠰ ᠲᠤ ᠪᠡᠯᠬᠡ ᠳᠡᠮᠪᠡᠷᠡᠯ ᠦᠭᠡᠢ ᠶᠠᠭᠤᠮ᠎ᠠ ᠰᠢᠭ᠋ ᠪᠤᠯᠵᠤ ᠬᠠᠷᠠᠭᠳᠠᠳᠠᠭ᠃    ᠬᠠᠨᠭ᠍ᠬᠠᠢ ᠡᠮᠡᠬᠡᠯ ᠤᠨ ᠰᠢᠷ ᠪᠤᠳᠤᠭ ᠢ ᠰᠠᠶᠢᠳᠤᠷ ᠬᠠᠳᠠᠭᠠᠭᠠᠳ᠂ ᠵᠦᠬᠡᠯᠡᠨ ᠴᠡᠪᠡᠷ ᠪᠦᠰ ᠢᠶᠠᠷ ᠭᠭᠢᠷ ᠪᠤᠷᠳᠠᠭ ᠨᠠᠷᠢᠨ ᠳᠤᠭᠤᠰᠤ ᠶᠢ ᠬᠢᠨᠠᠮᠠᠭᠠᠢ ᠰᠠᠶᠢᠬᠠᠨ ᠠᠷᠴᠢᠨ ᠵᠦᠯᠬᠦᠵᠦ᠂ ᠡᠮᠡᠬᠡᠯ ᠤᠨ ᠨᠢᠭᠤᠷ ᠳᠠᠯ᠎ᠠ ᠶᠢ ᠦᠪᠴᠢ ᠳᠤᠩᠭᠠᠯᠠᠭ ᠰᠢᠷ ᠢᠶᠠᠷ ᠰᠢᠷᠳᠡᠨ᠎ᠠ᠃ ᠨᠢᠬᠡᠯᠡ ᠤᠳᠠᠭ᠎ᠠ ᠳᠤ ᠳᠡᠶᠢᠮᠤ ᠪᠢᠯᠳᠠᠷᠠᠳᠠᠯ᠎ᠠ ᠰᠢᠷᠳᠡᠬᠦ ᠪᠢᠰᠢ᠂ ᠬᠠᠷᠢᠨ ᠬᠤᠶᠠᠷ ᠤᠳᠠᠭ᠎ᠠ ᠵᠢᠭᠳᠡ ᠰᠠᠶᠢᠬᠠᠨ ᠰᠢᠷᠳᠡᠨ᠎ᠠ᠃ ᠬᠤᠶᠠᠷ ᠤᠳᠠᠭ᠎ᠠ ᠳᠤᠩᠭᠠᠯᠠᠭ ᠰᠢᠷ ᠢᠶᠠᠷ ᠰᠢᠷᠳᠡᠭᠰᠡᠨ ᠤ ᠬᠤᠶᠢᠨ᠎ᠠ ᠬᠠᠨᠭ᠍ᠬᠠᠢ ᠡᠮᠡᠬᠡᠯ ᠤᠨ ᠮᠤᠳᠤᠨ ᠤ ᠦᠡᠭᠭᠡ ᠭᠠᠯᠪᠢᠷ ᠳᠤᠸᠠᠯᠠᠵᠤ᠂ ᠴᠤᠬᠤᠮ ᠬᠦ ᠦᠵᠡᠬᠦ ᠳᠤ ᠡᠷᠬᠢᠮᠰᠦᠭ᠂ ᠪᠠᠷᠢᠬᠤ  ᠳᠤ ᠬᠦᠯᠢᠬᠡᠷ᠂ ᠰᠢᠨᠵᠢᠬᠦ ᠳᠤ ᠨᠠᠷᠢᠯᠢᠭ ᠪᠠᠶᠢᠵᠦ᠂ ᠤᠬᠢ ᠰᠤᠳᠤᠨ ᠡᠳ᠋ᠯᠡᠯ ᠤᠨ ᠦᠡᠭᠭᠡ ᠬᠢᠯᠪᠠᠭ᠎ᠠ ᠰᠠᠴᠤᠷᠠᠳᠠᠭ᠃ ᠬᠠᠨᠭ᠍ᠬᠠᠢ ᠡᠮᠡᠬᠡᠯ ᠢ ᠬᠡᠳᠤ ᠤᠳᠠᠭ᠎ᠠ ᠳᠡᠭᠡᠵᠦ ᠳᠤᠩᠭᠠᠯᠠᠭ ᠰᠢᠷ ᠢᠶᠠᠷ ᠰᠢᠷᠳᠡᠵᠦ ᠪᠠᠶᠢᠭ᠎ᠠ ᠨᠦᠬᠦᠬᠡ ᠨᠢᠬᠡ ᠳᠠᠯ᠎ᠠ ᠶᠢᠨ ᠤᠴᠢᠷ ᠤᠳᠬ᠎ᠠ ᠨᠢ ᠳᠠᠷᠤᠢ ᠡᠮᠡᠬᠡᠯ ᠤᠨ ᠴᠢᠬᠢᠭ ᠵᠠᠭᠤᠵᠤ ᠦᠵᠢᠷᠡᠬᠦ ᠪᠤᠶᠤ ᠵᠠᠭᠠᠳᠠᠰᠤ ᠪᠠᠷ ᠢᠶᠠᠨ ᠰᠠᠯᠪᠠᠷᠠᠬᠤ᠂ ᠬᠤᠷᠤᠬᠠᠢ ᠢᠳᠡᠬᠦ ᠶᠢ ᠰᠡᠷᠭᠡᠶᠢᠯᠡᠵᠦ ᠪᠠᠶᠢᠭ᠎ᠠ ᠶᠤᠮ᠃   ᠨᠢᠬᠡ ᠬᠠᠨᠭ᠍ᠬᠠᠢ ᠡᠮᠡᠬᠡᠯ ᠢ ᠵᠦᠰᠦᠵᠦ ᠵᠤᠶᠢᠵᠦ ᠤᠭᠰᠠᠷᠠᠨ᠂ ᠨᠦᠬᠡᠯᠡᠨ ᠴᠤᠭᠤᠯᠵᠤ ᠬᠠᠭᠤᠷᠠᠶᠢᠳᠠᠨ ᠱᠦᠷᠬᠦᠬᠡᠵᠦ᠂ ᠦᠡᠭᠭᠡ ᠪᠤᠳᠤᠭ ᠤᠷᠤᠭᠤᠯᠤᠨ ᠳᠤᠩᠭᠠᠯᠠᠭ ᠰᠢᠷ ᠢᠶᠠᠷ ᠰᠢᠷᠳᠡᠬᠦ ᠳᠤ ᠬᠦᠷᠳᠡᠯ᠎ᠠ᠂ ᠶᠠᠮᠠᠷ ᠴᠦ ᠤᠷᠠᠨ ᠮᠤᠳᠤᠨ ᠳᠠᠷᠬᠠᠨ ᠪᠠᠶᠢᠳᠠᠯ᠎ᠠ ᠬᠠᠮᠤᠭ ᠬᠤᠷᠳᠤᠨ ᠳᠤ ᠪᠠᠨ ᠨᠢᠬᠡ ᠭᠠᠷᠠᠭ ᠤᠨ ᠴᠠᠭ ᠬᠡᠷᠡᠭᠰᠡᠳᠡᠭ᠃ ᠤᠷᠢᠳᠡᠰᠡ ᠲᠦᠯᠦᠪᠯᠡᠭᠡ  ᠲᠠᠢ ᠪᠠᠷ ᠨᠡᠯᠢᠶᠡᠳ ᠤᠯᠠᠨ ᠳᠤᠭᠠᠨ ᠤ ᠡᠮᠡᠬᠡᠯ ᠰᠢᠭᠠᠪᠠᠯ᠂ ᠡᠮᠡᠬᠡᠯ ᠤᠨ ᠳᠠᠪᠤᠨ ᠬᠡᠰᠡᠭ ᠮᠤᠳᠤ ᠪᠠᠨ ᠲᠢᠭ ᠲᠢᠭ  ᠢᠶᠠᠷ ᠨᠢ ᠤᠭᠳᠤᠯᠤᠨ ᠰᠠᠯᠭᠠᠵᠤ᠂ ᠤᠬᠤᠵᠤ ᠬᠢᠷᠤᠭᠡᠳᠡᠨ ᠤᠭᠤᠯᠢᠳᠠᠨ ᠵᠠᠰᠠᠵᠤ ᠪᠡᠯᠡᠳᠭᠡᠪᠡᠯ ᠴᠠᠭ ᠲᠤ ᠪᠠᠨ ᠠᠷᠪᠢᠳᠠᠢ ᠪᠠᠶᠢᠵᠦ᠂ ᠳᠡᠭᠰᠢᠳᠬᠡᠬᠡᠳ ᠭᠤᠷᠪᠠᠨ ᠡᠳᠤᠷ ᠲᠤ ᠨᠢᠬᠡ ᠡᠮᠡᠬᠡᠯ ᠢ ᠰᠢᠭᠠᠵᠤ ᠳᠡᠶᠢᠯᠦᠨ᠎ᠠ ᠬᠡᠳᠡᠭ᠃   ᠬᠤᠷᠴᠢᠨ ᠮᠤᠩᠭᠤᠯᠴᠤᠳ᠂ ᠡᠮᠡᠭᠡᠯ ᠢ ᠵᠠᠪᠠᠯ ᠮᠤᠳᠤᠨ ᠤ ᠤᠵᠢᠷᠭ᠎ᠠ ᠪᠠᠷ ᠰᠢᠭᠠᠳᠠᠭ ᠪᠢᠰᠢ᠂ ᠡᠷ᠎ᠠ ᠰᠠᠶᠢᠳᠠᠢ ᠬᠠᠳᠠᠭᠤ ᠮᠤᠳᠤ᠂ ᠬᠠᠶᠢᠯᠠᠰᠤ ᠪᠤᠶᠤ ᠤᠳᠠ ᠮᠤᠳᠤ ᠪᠠᠷ ᠪᠦᠷ ᠰᠢᠭᠠᠳᠠᠭ᠃ ᠮᠤᠳᠤ ᠰᠤᠩᠭᠤᠬᠤ ᠳᠤ ᠬᠠᠮᠤᠭ ᠤᠨ ᠴᠢᠬᠤᠯᠠ ᠨᠢ ᠤᠷᠢᠳᠤ ᠬᠤᠶᠢᠳᠤ ᠪᠦᠬᠦᠷᠬᠡ ᠶᠤᠮ᠃ ᠤᠷᠢᠳᠤ ᠬᠤᠶᠢᠳᠤ ᠪᠦᠬᠦᠷᠬᠡ ᠶᠢ ᠬᠠᠳᠠᠭᠤ ᠰᠠᠶᠢᠨ ᠴᠠᠪ ᠭᠠᠪ ᠦᠭᠡᠢ ᠰᠠᠯᠠᠭ᠎ᠠ ᠮᠤᠳᠤ ᠶᠢ ᠵᠦᠰᠦᠵᠦ ᠬᠢᠨ᠎ᠠ᠃ ᠬᠦᠭᠰᠢᠷᠡᠵᠦ ᠦᠵᠢᠷᠡᠭᠰᠡᠨ ᠪᠤᠶᠤ ᠤᠷᠭᠤᠭ᠎ᠠ ᠪᠠᠷ ᠢᠶᠠᠨ ᠦᠭᠦᠭᠰᠡᠨ ᠮᠤᠳᠤ ᠶᠢ ᠬᠡᠷᠡᠭᠯᠡᠳᠡᠭ ᠦᠭᠡᠢ᠃ ᠰᠤᠩᠭᠤᠬᠤ ᠠᠷᠭ᠎ᠠ ᠨᠢ ᠬᠡᠪᠡᠯ ᠳᠠᠷᠤᠢ ᠮᠤᠳᠤ ᠪᠠᠨ ᠵᠦᠰᠦᠭᠰᠡᠨ ᠤ ᠳᠠᠷᠠᠭ᠎ᠠ ᠬᠤᠷᠤᠭᠤᠨ ᠦᠨᠳᠡᠭᠡ ᠪᠠᠷ ᠢᠶᠠᠨ ᠮᠤᠳᠤᠨ ᠤ ᠵᠦᠰᠦᠭᠳᠡᠭᠰᠡᠨ ᠨᠢᠭᠤᠷ ᠢ ᠳᠡᠮᠳᠡᠷᠢᠪᠡᠯ ᠰᠢᠷᠭᠡᠭ ᠰᠢᠷᠭᠡᠭ ᠢᠶᠠᠷ ᠢᠶᠠᠨ ᠦᠯᠦ ᠮᠡᠳᠡᠭᠳᠡᠮ᠎ᠠ ᠳᠡᠯᠡᠩᠯᠡᠨ ᠮᠡᠳᠡᠭᠳᠡᠵᠦ ᠪᠠᠶᠢᠪᠠᠯ ᠬᠡᠷᠡᠭᠯᠡᠳᠡᠭ ᠦᠭᠡᠢ᠃ ᠳᠤᠰ ᠮᠤᠳᠤ ᠨᠢ ᠨᠢᠬᠡ ᠪᠦᠭᠡᠰᠤ ᠬᠦᠭᠰᠢᠨ ᠮᠤᠳᠤ᠂ ᠬᠤᠶᠠᠷ ᠪᠦᠬᠡᠰᠤ ᠤᠳᠠᠭᠠᠨ ᠬᠡᠪᠳᠡᠵᠦ ᠦᠵᠢᠷᠡᠭᠰᠡᠨ ᠮᠤᠳᠤ᠂ ᠡᠰᠡᠪᠡᠰᠤ ᠦᠭᠦᠭᠰᠡᠨ ᠮᠤᠳᠤ᠃ ᠡᠶᠢᠮᠤ ᠮᠤᠳᠤ ᠶᠢ ᠵᠠᠷᠤᠵᠤ ᠬᠡᠷᠡᠭᠯᠡᠭᠰᠡᠨ ᠴᠦ ᠤᠳᠠᠭᠠᠨ ᠳᠡᠰᠳᠡᠭ ᠦᠭᠡᠢ᠂ ᠬᠢᠯᠪᠡᠷ ᠲᠦᠬᠦᠮ ᠢᠶᠠᠷ ᠬᠠᠭᠠᠷᠠᠵᠤ ᠰᠠᠯᠪᠠᠷᠢᠨ᠎ᠠ᠃ ᠳᠠᠬᠢᠨ ᠮᠤᠳᠤᠨ ᠤ ᠵᠦᠰᠦᠭᠳᠡᠭᠰᠡᠨ ᠨᠢᠭᠤᠷ ᠢ ᠬᠢᠮᠤᠰᠤ ᠪᠠᠷ ᠢᠶᠠᠨ ᠵᠤᠷᠠᠵᠤ ᠦᠵᠡᠨ᠎ᠠ᠃ ᠬᠢᠮᠤᠰᠤᠨ  ᠤ ᠤᠷᠤᠮ ᠳᠤᠳᠤᠷᠬᠠᠢ ᠤᠷᠤᠵᠤ ᠪᠠᠶᠢᠪᠠᠯ ᠳᠡᠷᠡ ᠮᠤᠳᠤ ᠨᠢ ᠮᠥᠨ ᠬᠦᠭᠰᠢᠨ ᠮᠤᠳᠤ ᠪᠤᠶᠤ ᠦᠵᠢᠷᠡᠭᠰᠡᠨ ᠡᠰᠡᠬᠦᠯ᠎ᠠ ᠦᠭᠦᠭᠰᠡᠨ ᠮᠤᠳᠤ᠂ ᠳᠡᠬᠦᠨ ᠢ ᠬᠡᠷᠡᠭᠯᠡᠳᠡᠭ ᠦᠭᠡᠢ᠃ ᠪᠠᠰᠠ ᠨᠢᠬᠡ ᠰᠤᠩᠭᠤᠬᠤ ᠠᠷᠭ᠎ᠠ ᠨᠢ ᠬᠡᠪᠡᠯ ᠳᠠᠷᠤᠢ ᠮᠤᠳᠤᠨ  ᠤ ᠬᠦᠨᠳᠦ ᠶᠢᠨ ᠵᠢᠩ ᠢ ᠦᠵᠡᠨ᠎ᠡ᠃ ᠡᠷᠬᠦᠵᠦ ᠳᠡᠬᠦᠵᠢᠯᠡᠵᠦ ᠬᠦᠨᠳᠦ ᠶᠢ ᠨᠢ ᠪᠠᠷᠤᠭᠴᠠᠭᠠᠯᠠᠪᠠᠯ᠂ ᠠᠳᠠᠯᠢᠬᠠᠨ ᠲᠦᠷᠦᠯ ᠤᠨ ᠠᠳᠠᠯᠢ ᠬᠡᠰᠡᠭ ᠲᠠᠢ ᠮᠤᠳᠤ ᠠᠴᠠ ᠮᠡᠳᠡᠭᠳᠡᠮ᠎ᠠ ᠬᠦᠡᠭᠭᠡᠨ ᠪᠠᠶᠢᠪᠠᠯ ᠬᠡᠷᠡᠭᠯᠡᠳᠡᠭ ᠦᠭᠡᠢ᠃ ᠮᠥᠨ ᠳᠡᠭᠡᠷᠡᠬᠢ ᠲᠠᠢ ᠠᠳᠠᠯᠢ ᠮᠤᠳᠤ ᠪᠠᠶᠢᠭ᠎ᠠ ᠶᠤᠮ᠃ ᠡᠬᠦᠨ ᠠᠴᠠ ᠭᠠᠳᠠᠨ᠎ᠠ ᠪᠠᠰᠠ ᠮᠤᠳᠤ ᠶᠢ ᠵᠦᠰᠦᠭᠰᠡᠨ ᠤ ᠳᠠᠷᠠᠭ᠎ᠠ ᠠᠳᠡ ᠳᠡᠨᠳᠡ ᠠᠡᠭ ᠴᠠᠪ ᠨᠢ ᠮᠡᠳᠡᠭᠳᠡᠵᠦ ᠪᠠᠶᠢᠪᠠᠯ ᠶᠠᠮᠠᠷᠴᠤ ᠬᠠᠳᠠᠭᠤ ᠮᠤᠳᠤ ᠪᠠᠶᠢᠪᠠᠴᠣ ᠬᠡᠷᠡᠭᠯᠡᠳᠡᠭ ᠦᠭᠡᠢ᠃    ᠡᠨᠡ ᠨᠢ ᠳᠠᠷᠤᠢ ᠤᠵᠢᠷᠭ᠎ᠠ ᠤᠯᠳᠠᠬᠤ ᠦᠭᠡᠢ ᠨᠦᠬᠦᠴᠡᠯ ᠳᠤᠤᠷᠠᠬᠢ ᠰᠤᠩᠭᠤᠯᠳᠠ ᠪᠠᠶᠢᠭ᠎ᠠ ᠶᠤᠮ᠃ ᠬᠤᠷᠴᠢᠨᠴᠣᠳ ᠶᠠᠰᠤᠯᠢᠭ ᠬᠠᠳᠠᠭᠤ ᠰᠠᠶᠢᠨ ᠮᠤᠳᠤ ᠪᠠᠷ ᠡᠮᠡᠬᠡᠯ ᠰᠢᠭᠠᠵᠤ ᠬᠡᠷᠡᠭᠯᠡᠭᠰᠡᠨ ᠴᠦ ᠤᠵᠢᠷᠭᠠᠨ ᠡᠮᠡᠬᠡᠯ ᠢ ᠪᠤᠳᠤᠨ ᠪᠤᠳᠤᠮᠠᠭᠴᠠ ᠰᠠᠨᠠᠭ᠎ᠠ ᠰᠡᠳᠬᠢᠯ ᠳᠤ ᠨᠢ ᠬᠠᠨᠤᠮᠵᠢ ᠦᠭᠡᠢ ᠪᠤᠯᠴᠢᠬᠠᠳᠠᠭ᠃ ᠬᠤᠷᠴᠢᠨᠴᠤᠳ ᠳᠠᠩ ᠴᠤᠯᠭᠤᠢ ᠤᠵᠢᠷᠭᠠᠨ ᠡᠮᠡᠭᠡᠯ ᠰᠢᠭᠠᠵᠤ ᠪᠠᠶᠢᠭᠰᠠᠨ ᠠᠴᠠ ᠪᠠᠨ ᠤᠵᠢᠷᠭᠠᠨ ᠮᠤᠳᠤ ᠬᠤᠪᠤᠷ ᠴᠤᠬᠠᠭ ᠪᠤᠯᠤᠭᠰᠠᠨ ᠨᠦᠬᠦᠴᠡᠯ ᠳᠤᠤᠷ᠎ᠠ ᠡᠮᠡᠬᠡᠯ ᠤᠨ ᠬᠤᠶᠠᠷ ᠪᠦᠬᠦᠷᠬᠡ ᠶᠢ ᠤᠵᠢᠷᠭ᠎ᠠ ᠪᠠᠷ ᠬᠢᠬᠦ ᠪᠤᠯᠵᠤ᠂ ᠳᠠᠬᠢᠭᠠᠳ ᠴᠢᠨᠠᠭᠰᠢᠯᠠᠭᠠᠳ ᠬᠤᠶᠠᠷ ᠪᠦᠬᠦᠷᠬᠡ ᠶᠢᠨ ᠨᠢᠭᠤᠷ ᠳᠠᠯ᠎ᠠ ᠶᠢ ᠵᠦᠰᠦᠭᠰᠡᠨ ᠤᠵᠢᠷᠭ᠎ᠠ ᠶᠢ ᠨᠠᠭᠠᠵᠤ ᠬᠢᠬᠦ ᠪᠤᠯᠪᠠ᠃ ᠡᠬᠦᠨ ᠢ ᠨᠠᠭᠠᠮᠠᠯ ᠤᠵᠢᠷᠭᠠᠨ ᠡᠮᠡᠬᠡᠯ ᠭᠡᠵᠤ᠂ ᠰᠡᠬᠦᠯᠳᠡᠵᠦ ᠲᠦᠬᠦᠮᠴᠢᠯᠡᠬᠡᠳ ᠨᠠᠭᠠᠮᠠᠯ ᠡᠮᠡᠬᠡᠯ ᠭᠡᠬᠦ ᠪᠤᠯᠪᠠ᠃    ᠬᠤᠷᠴᠢᠨᠴᠤᠳ ᠤᠵᠢᠷᠭ᠎ᠠ ᠶᠢ ᠶᠠᠭᠤ ᠭᠡᠵᠤ ᠳᠡᠬᠡᠵᠦ ᠡᠷᠬᠢᠮᠯᠡᠳᠡᠭ ᠪᠤᠢ︖ ᠬᠡᠪᠡᠯ᠂ ᠤᠵᠢᠷᠭ᠎ᠠ ᠶᠢ ᠷᠢᠳᠢ ᠰᠢᠳᠢ ᠲᠠᠢ ᠬᠤᠪᠢᠯᠭᠠᠨ ᠮᠤᠳᠤ᠂ ᠴᠢᠨᠳᠠᠮᠤᠨᠢ ᠡᠷᠳᠡᠨᠢ ᠤᠪᠢᠳᠠᠰᠤᠳᠠᠢ ᠮᠤᠳᠤ ᠪᠠᠷ ᠦᠵᠡᠳᠡᠭ᠃ ᠳᠡᠷᠡ ᠨᠢ ᠳᠠᠷᠤᠢ ᠬᠡᠴᠢᠨᠡᠨ ᠵᠠᠭᠤᠨ ᠵᠢᠯ ᠤᠨ ᠳᠤᠷᠰᠢ ᠠᠴᠢᠭᠳᠠᠭᠰᠠᠨ ᠮᠤᠷᠢᠨ ᠤ ᠴᠢᠮᠡᠭ᠂ ᠤᠨᠤᠭᠰᠠᠨ ᠡᠵᠡᠨ ᠤ ᠵᠠᠰᠠᠯ ᠳᠡᠳᠤᠢ ᠪᠢᠰᠢ ᠂ ᠮᠡᠳᠡᠷᠡᠭᠳᠡᠨ ᠪᠢᠰᠢᠷᠡᠭᠳᠡᠭᠰᠡᠨ ᠶᠡᠷᠤ ᠪᠤᠰᠤ ᠶᠢᠨ ᠤᠴᠠᠷᠠᠯ ᠳᠤᠬᠢᠶᠠᠯ᠂ ᠢᠯᠡᠷᠡᠯ ᠦᠵᠡᠭᠳᠡᠯ ᠳᠤ ᠨᠢ ᠪᠠᠶᠢᠭ᠎ᠠ ᠶᠤᠮ᠃ ᠳᠠᠷᠤᠢ᠂ ᠤᠭᠠᠯᠵᠠᠯᠠᠭᠰᠠᠨ ᠤᠡᠴᠠᠭᠠᠢ ᠰᠢᠷᠭᠡᠭ ᠲᠠᠢ᠂ ᠤᠷᠠᠯᠠᠭᠰᠠᠨ ᠡᠳᠡᠭᠡᠳ ᠬᠤᠸᠠᠷ ᠲᠠᠢ᠂ ᠤᠰᠤᠨ ᠳᠤ ᠬᠢᠬᠡᠳ ᠳᠡᠪᠳᠦᠵᠦ ᠰᠠᠯᠪᠠᠷᠠᠬᠤ ᠦᠭᠡᠢ᠂ ᠤᠳᠠᠭᠠᠨ ᠬᠡᠷᠡᠭᠯᠡᠭᠰᠡᠨ ᠴᠦ ᠴᠢᠨᠡᠷ ᠬᠤᠪᠢᠷᠠᠬᠤ ᠦᠭᠡᠢ ᠪᠠᠶᠢᠭ᠎ᠠ ᠳᠤ ᠨᠢ ᠶᠤᠮ᠃ ᠳᠡᠭᠡᠭᠡᠳ ᠤᠵᠢᠷᠭᠠᠨ ᠡᠮᠡᠬᠡᠯ ᠢ ᠦᠯᠵᠡᠢ ᠵᠢᠷᠭᠠᠯ ᠤᠨ ᠰᠠᠭᠤᠳᠠᠯ᠂ ᠤᠷᠳᠤ ᠨᠠᠰᠤᠯᠠᠬᠤ ᠶᠢᠨ ᠰᠠᠭᠤᠷᠢ ᠪᠠᠷ ᠦᠵᠡᠳᠡᠭ    ᠰᠡᠬᠦᠯ ᠰᠡᠬᠦᠯᠳᠡᠭᠡᠳ ᠨᠠᠭᠠᠮᠠᠯ ᠡᠮᠡᠬᠡᠯ ᠨᠢ ᠴᠦ ᠬᠦᠮᠦᠰ ᠤᠨ ᠰᠠᠶᠢᠬᠠᠷᠬᠠᠵᠤ ᠰᠤᠷᠳᠤᠭᠤᠯᠠᠵᠤ ᠬᠡᠷᠡᠭᠯᠡᠬᠦ ᠬᠤᠪᠤᠷ ᠡᠳ᠋ᠯᠡᠯ ᠪᠤᠯᠤᠭᠰᠠᠨ ᠶᠤᠮ᠃ ᠰᠠᠶᠢᠨ ᠤᠷᠠᠨ ᠮᠤᠳᠤᠨ ᠳᠠᠷᠬᠠᠨ ᠤ ᠰᠢᠭᠠᠭᠰᠠᠨ ᠨᠠᠭᠠᠮᠠᠯ ᠡᠮᠡᠬᠡᠯ ᠢ ᠴᠦ ᠠᠮᠠᠷ ᠬᠢᠯᠪᠡᠷ  ᠢᠶᠠᠷ ᠦᠵᠡᠵᠦ ᠭᠠᠷᠳᠠᠭ ᠦᠭᠡᠢ᠃ ᠮᠥᠨ ᠯᠠ ᠪᠦᠳᠦᠨ ᠤᠵᠢᠷᠭᠠᠨ ᠡᠮᠡᠭᠡᠯ ᠭᠡᠵᠤ ᠪᠤᠰᠤᠳ ᠲᠤ ᠪᠤᠳᠤᠭᠳᠠᠭᠤᠯᠳᠠᠭ᠂ ᠰᠠᠶᠢᠨ ᠨᠠᠭᠠᠮᠠᠯ ᠡᠮᠡᠭᠡᠯ ᠨᠢ ᠴᠤᠯᠭᠤᠢ ᠤᠵᠢᠷᠭᠠᠨ ᠡᠮᠡᠬᠡᠯ ᠲᠠᠢ ᠨᠢᠬᠡᠯᠡ ᠠᠳᠠᠯᠢ ᠦᠡᠭᠭᠡ ᠵᠢᠰᠤ ᠲᠠᠢ ᠪᠦᠬᠡᠳ ᠴᠢᠨᠡᠷ ᠰᠠᠶᠢᠳᠠᠢ ᠪᠠᠶᠢᠳᠠᠭ᠃ ᠨᠠᠭᠠᠮᠠᠯ ᠡᠮᠡᠬᠡᠯ ᠬᠢᠬᠦ ᠳᠤ ᠡᠮᠡᠬᠡᠯ ᠤᠨ ᠬᠤᠶᠠᠷ ᠬᠠᠪᠳᠠᠭᠠᠯ ᠢ ᠨᠠᠭᠠᠳᠠᠭ ᠦᠭᠡᠢ᠂ ᠵᠦᠪᠬᠡᠨ ᠬᠤᠶᠠᠷ ᠪᠦᠬᠦᠷᠬᠡ ᠶᠢᠨ ᠬᠠᠭᠠᠰ ᠪᠡᠶ᠎ᠠ ᠪᠤᠶᠤ ᠬᠤᠷᠤᠭᠤ ᠵᠤᠵᠠᠭᠠᠨ ᠤᠵᠢᠷᠭ᠎ᠠ ᠶᠢᠨ ᠬᠠᠪᠳᠠᠰᠤ ᠪᠠᠷ ᠨᠢᠭᠤᠷ  ᠢ ᠯᠠ ᠨᠠᠭᠠᠳᠠᠭ᠃ ᠵᠠᠷᠢᠮ ᠳᠤ ᠪᠠᠨ ᠭᠠᠭᠴᠠ ᠤᠷᠢᠳᠤ ᠪᠦᠬᠦᠷᠬᠡ ᠶᠢ ᠯᠠ ᠨᠠᠭᠠᠵᠤ ᠬᠢᠭᠰᠡᠨ ᠬᠠᠷᠠᠭᠳᠠᠳᠠᠭ᠃ ᠭᠡᠪᠡᠴᠣ ᠳᠡᠷᠡ ᠨᠢ ᠳᠤᠩ ᠴᠦᠬᠡᠨ ᠪᠠᠶᠢᠳᠠᠭ ᠶᠤᠮ᠃    ᠮᠤᠳᠤᠨ ᠡᠮᠡᠭᠡᠯ ᠰᠢᠭᠠᠬᠤ ᠳᠤ᠂ ᠤᠷᠢᠳᠤ ᠬᠤᠶᠢᠳᠤ ᠬᠤᠶᠠᠷ ᠪᠦᠬᠦᠷᠬᠡ ᠶᠢ ᠴᠦᠮ ᠰᠠᠯᠠᠭ᠎ᠠ ᠮᠤᠳᠤ ᠶᠢᠨ ᠠᠴᠠ ᠰᠠᠯᠠᠭ᠎ᠠ ᠶᠢ ᠳᠤᠷᠤᠭᠰᠢ ᠬᠠᠨᠳᠤᠭᠤᠯᠤᠨ ᠬᠤᠶᠠᠷ ᠬᠠᠪᠳᠠᠭᠠᠯ ᠳᠡᠬᠡᠷ᠎ᠠ ᠤᠨᠤᠭᠤᠯᠵᠤ ᠰᠢᠭᠠᠳᠠᠭ ᠶᠤᠮ᠃ ᠠᠴᠠ ᠰᠠᠯᠠᠭ᠎ᠠ ᠮᠤᠳᠤ ᠪᠠᠷ ᠪᠦᠬᠦᠷᠬᠡ ᠬᠢᠪᠡᠯ ᠬᠢᠯᠪᠡᠷ ᠲᠦᠬᠦᠮ ᠢᠶᠠᠷ ᠬᠠᠭᠠᠷᠠᠳᠠᠭ ᠦᠭᠡᠢ᠃ ᠮᠤᠳᠤᠨ ᠳᠠᠷᠬᠠᠳ ᠶᠠᠷᠤ  ᠠᠴᠠ ᠬᠠᠶᠢᠯᠠᠰᠤᠨ ᠮᠤᠳᠤ ᠪᠠᠷ ᠡᠮᠡᠭᠡᠯ ᠤᠨ ᠬᠠᠪᠳᠠᠭᠠᠯ ᠪᠠ ᠰᠠᠭᠤᠳᠠᠯ ᠢ ᠬᠢᠵᠦ᠂ ᠤᠳᠠ ᠮᠤᠳᠤ ᠪᠠᠷ ᠬᠤᠶᠠᠷ ᠪᠦᠬᠦᠷᠬᠡ ᠶᠢ ᠬᠢᠳᠡᠭ᠃ ᠤᠳᠠ ᠮᠤᠳᠤ ᠨᠢ ᠵᠦᠰᠦᠬᠦ᠂ ᠤᠭᠤᠯᠢᠳᠠᠬᠤ᠂ ᠬᠠᠷᠤᠭᠤᠯᠳᠠᠬᠤ ᠳᠤ ᠵᠦᠬᠡᠯᠡᠨ ᠮᠦᠷᠳᠡᠭᠡᠨ ᠴᠠᠪᠠᠤ ᠨᠠᠭᠠᠯᠳᠤᠬᠤ᠂ ᠰᠢᠷ ᠪᠤᠳᠤᠭ ᠰᠠᠭᠤᠬᠤ ᠳᠤ ᠰᠠᠶᠢᠨ᠂ ᠪᠠᠰᠠ ᠴᠢᠨᠡᠷ ᠨᠢ ᠬᠦᠡᠭᠭᠡᠨ ᠮᠦᠷᠳᠡᠭᠡᠨ ᠰᠢᠷᠬᠡᠭ ᠨᠢ ᠨᠢᠬᠳᠠ᠂ ᠦᠡᠭᠭᠡ ᠨᠢ ᠰᠠᠶᠢᠬᠠᠨ᠃ ᠳᠡᠶᠢᠮᠤᠷᠬᠦ ᠤᠳᠠ ᠮᠤᠳᠤ ᠶᠢ ᠬᠦᠮᠦᠰ ᠪᠠᠰᠠ ︽ᠳᠤᠷᠭᠠᠨ ᠮᠤᠳᠤ︾ ᠭᠡᠳᠡᠭ ᠶᠤᠮ᠃    ᠦᠪᠴᠢ ᠬᠠᠶᠢᠯᠠᠰᠤᠨ ᠮᠤᠳᠤᠨ ᠡᠮᠡᠬᠡᠯ ᠢ ᠮᠤᠳᠤᠨ ᠳᠠᠷᠬᠠᠳ ᠴᠦᠬᠡᠨ ᠬᠢᠳᠡᠭ᠂ ᠮᠤᠷᠢᠴᠢᠨ ᠤᠨᠤᠭᠠᠴᠢᠨ ᠴᠦ ᠴᠦᠬᠡᠨ ᠬᠡᠷᠡᠭᠯᠡᠳᠡᠭ᠃ ᠤᠴᠢᠷ ᠨᠢ ᠬᠠᠶᠢᠯᠠᠰᠤᠨ ᠮᠤᠳᠤ ᠨᠢ ᠤᠳᠠ ᠮᠤᠳᠤ ᠠᠴᠠ ᠬᠤᠪᠢ ᠳᠠᠬᠢᠨ ᠬᠦᠨᠳᠦ ᠪᠠᠶᠢᠳᠠᠭ ᠃ ᠭᠡᠳᠤᠶᠢᠪᠡᠷ ᠰᠢᠷᠭᠡᠭ ᠤᠨ ᠬᠤᠸᠠᠷ᠂ ᠴᠢᠨᠡᠷ ᠴᠢᠨᠰᠠᠭ᠎ᠠ ᠪᠠᠷ ᠢᠶᠠᠨ ᠤᠳᠠ ᠮᠤᠳᠤ ᠠᠴᠠ ᠬᠤᠪᠢ ᠳᠠᠬᠢᠨ ᠬᠡᠳᠤᠶᠢᠳᠡᠬᠦ ᠪᠤᠯᠪᠠᠴᠤ ᠮᠤᠷᠢᠨ ᠨᠢᠷᠤᠭᠤᠨ ᠳᠤ ᠬᠦᠨᠳᠦ ᠪᠠᠶᠢᠵᠦ᠂ ᠬᠤᠯᠠ ᠶᠢᠨ ᠠᠶᠠᠨ ᠳᠤ ᠮᠤᠷᠢᠨ ᠤ ᠳᠡᠭᠡᠭᠡᠷ᠎ᠠ ᠪᠤᠯᠵᠤ᠂ ᠠᠭᠳᠠ ᠬᠦᠯᠦᠭ ᠢ ᠴᠦᠬᠦᠬᠦᠯᠵᠦ ᠶᠠᠳᠠᠷᠠᠭᠤᠯᠳᠠᠭ᠃ ᠳᠡᠶᠢᠮᠤ ᠠᠴᠠ ᠪᠠᠷᠤᠭᠳᠠᠢ ᠳᠤ ᠳᠠᠩ ᠴᠤᠯᠭᠤᠢ ᠬᠠᠶᠢᠯᠠᠰᠤᠨ ᠮᠤᠳᠤᠨ ᠪᠦᠬᠦᠷᠬᠡ ᠲᠠᠢ ᠡᠮᠨᠬᠡᠯ ᠳᠤ ᠤᠵᠢᠷᠭ᠎ᠠ ᠨᠠᠭᠠᠳᠠᠭ ᠦᠭᠡᠢ᠂ ᠰᠠᠶᠢᠨ ᠬᠠᠶᠢᠯᠠᠰᠤᠨ ᠮᠤᠳᠤ ᠨᠢ ᠤᠵᠢᠷᠭ᠎ᠠ ᠠᠳᠠᠯᠢ ᠬᠠᠳᠠᠭᠤ ᠪᠦᠬᠡᠳ ᠠᠴᠠ ᠰᠠᠯᠠᠭ᠎ᠠ ᠶᠢᠨ ᠬᠤᠸᠠᠷ ᠨᠢ ᠴᠦ ᠳᠤᠩ ᠭᠤᠶᠤ ᠪᠠᠶᠢᠳᠠᠭ᠃    ᠡᠮᠡᠬᠡᠯ ᠰᠢᠭᠠᠬᠤ ᠳᠤ ᠤᠷ᠎ᠠ ᠮᠡᠷᠭᠡᠵᠢᠯ ᠤᠷᠤᠨ᠎ᠠ᠃ ᠡᠨᠡᠬᠦ ᠤᠷ᠎ᠠ ᠮᠡᠷᠭᠡᠵᠢᠯ ᠨᠢ ᠳᠠᠷᠤᠢ ᠮᠤᠳᠤ ᠰᠤᠩᠭᠤᠬᠤ᠂ ᠤᠭᠳᠤᠯᠠᠵᠤ ᠵᠦᠰᠦᠬᠦ᠂ ᠤᠬᠤᠵᠤ ᠤᠭᠤᠯᠢᠳᠠᠬᠤ᠂ ᠵᠤᠶᠢᠵᠦ ᠡᠰᠭᠡᠬᠦ᠂ ᠴᠠᠪᠠᠳᠳᠠᠵᠤ ᠨᠠᠭᠠᠯᠳᠤᠭᠤᠯᠬᠤ᠂ ᠨᠦᠬᠡᠯᠡᠵᠦ ᠴᠤᠭᠤᠯᠬᠤ᠂ ᠱᠦᠷᠬᠦᠬᠡᠵᠦ ᠦᠡᠭᠭᠡᠯᠡᠬᠦ᠂ ᠰᠢᠷᠳᠡᠵᠦ ᠴᠢᠮᠡᠭᠯᠡᠬᠦ ᠳᠡᠬᠡᠷ᠎ᠠ ᠢᠯᠡᠷᠡᠳᠡᠭ᠃ ᠡᠶᠢᠮᠤᠷᠬᠦ ᠤᠷ᠎ᠠ ᠮᠡᠷᠭᠡᠵᠢᠯ  ᠤᠨ ᠳᠤᠳᠤᠷ᠎ᠠ ᠬᠦᠮᠦᠰ ᠲᠤ ᠳᠠᠭᠠᠰᠢᠶᠠᠭᠳᠠᠳᠠᠭ ᠨᠢᠭᠤᠴᠠ ᠨᠢ ᠶᠠᠭᠤ ᠪᠤᠢ︖ ᠭᠡᠪᠡᠯ ᠳᠠᠷᠤᠢ ︽ᠤᠷᠤᠨ ᠨᠤᠳᠤᠭ  ᠤᠨ ᠤᠨᠴᠠᠯᠢᠭ︾᠂ ︽ᠭᠡᠮᠵᠢᠶ᠎ᠠ ᠪᠠᠷᠢᠮᠵᠢᠶ᠎ᠠ︾ ᠪᠤᠯᠤᠨ᠎ᠠ᠃    ᠮᠤᠩᠭᠤᠯᠴᠤᠳ ᠤᠨ ᠦᠪᠡᠷ ᠢᠶᠠᠨ ᠬᠢᠵᠦ ᠦᠢᠯᠡᠳᠤᠨ᠂ ᠵᠠᠷᠤᠵᠤ ᠬᠡᠷᠡᠭᠯᠡᠳᠡᠭ ᠶᠠᠭᠤ ᠪᠦᠬᠦᠨ ᠴᠦᠮ ᠬᠡᠮᠵᠢᠶ᠎ᠠ ᠬᠢᠷᠢ ᠲᠠᠢ ᠪᠠᠶᠢᠳᠠᠭ᠃ ᠭᠠᠭᠴᠠ ᠡᠮᠡᠬᠡᠯ ᠢᠶᠠᠷ ᠵᠢᠱᠢᠶᠡᠯᠡᠬᠦ ᠳᠤ ᠬᠤᠶᠠᠷ ᠪᠦᠬᠦᠷᠬᠡ ᠶᠢᠨ ᠪᠤᠰᠤᠭ᠎ᠠ ᠪᠠ ᠨᠠᠮ᠂ ᠦᠷᠬᠡᠨ ᠪᠠ ᠵᠤᠵᠠᠭᠠᠨ᠂ ᠬᠤᠶᠠᠷ ᠬᠠᠪᠳᠠᠭᠠᠯ ᠤᠨ ᠤᠷᠳᠤ ᠪᠠ ᠦᠷᠬᠡᠨ ᠵᠤᠵᠠᠭᠠᠨ᠂ ᠭᠤᠤᠯ ᠰᠠᠭᠤᠳᠠᠯ ᠤᠨ ᠤᠷᠳᠤ ᠪᠠ ᠦᠷᠬᠡᠨ᠂ ᠤᠯᠤᠩ ᠵᠢᠷᠢᠮ ᠤᠨ ᠤᠭᠤᠰᠤᠷ ᠤᠨ ᠨᠦᠬᠡ ᠶᠢᠨ ᠤᠷᠤᠨ ᠵᠠᠢ᠂ ᠲᠦᠷᠦᠬᠡᠨ ᠰᠤᠷ ᠤᠨ ᠨᠦᠬᠡ ᠶᠢᠨ ᠤᠷᠤᠨ ᠵᠠᠢ᠂ ᠳᠠᠪᠰᠠ ᠳᠠᠷᠤᠭᠤᠯᠬ᠎ᠠ ᠶᠢᠨ ᠨᠦᠬᠡ ᠶᠢᠨ ᠤᠷᠤᠨ ᠵᠠᠢ᠂ ᠭᠠᠨᠵᠤᠭ᠎ᠠ ᠶᠢᠨ ᠨᠦᠬᠡ ᠶᠢᠨ ᠤᠷᠤᠨ ᠵᠠᠢ ᠵᠡᠷᠭᠡ ᠨᠢ ᠴᠦᠮ ᠭᠡᠮᠵᠢᠶ᠎ᠠ ᠪᠠᠷᠢᠮᠵᠢᠶ᠎ᠠ ᠲᠠᠢ ᠪᠠᠶᠢᠳᠠᠭ᠃    ᠬᠤᠷᠴᠢᠨ ᠡᠮᠡᠬᠡᠯ ᠤᠨ ᠬᠤᠶᠠᠷ ᠪᠦᠬᠦᠷᠬᠡ᠂ ᠬᠠᠪᠳᠠᠭᠠᠯ᠂ ᠰᠠᠭᠤᠳᠠᠯ ᠤᠨ ᠬᠡᠮᠵᠢᠶ᠎ᠠ ᠨᠢ ᠴᠦᠮ ᠦᠬᠡᠷ᠎ᠠ ᠪᠤᠰᠤᠳ ᠤᠷᠤᠨ ᠭᠠᠵᠠᠷ ᠤᠨ ᠡᠮᠡᠬᠡᠯ ᠤᠨ ᠬᠢ ᠲᠠᠢ ᠠᠳᠠᠯᠢ ᠦᠭᠡᠢ᠃ ᠴᠦᠮ ᠦᠪᠡᠷ ᠤᠨ ᠬᠡᠰᠡᠨ ᠳᠤᠭ᠎ᠠ ᠬᠡᠮᠵᠢᠶ᠎ᠠ  ᠲᠠᠢ ᠪᠠᠶᠢᠳᠠᠭ᠃    ᠡᠮᠡᠬᠡᠯ ᠤᠨ ᠤᠷᠢᠳᠤ ᠪᠦᠬᠦᠷᠬᠡ᠂ ᠨᠠᠷᠠᠨ ᠪᠦᠬᠦᠷᠭᠡ ᠶᠢᠨ ᠬᠠᠪᠳᠠᠭᠠᠯ ᠠᠴᠠ ᠳᠡᠭᠡᠭᠰᠢᠬᠢ ᠪᠤᠰᠤᠭ᠎ᠠ ᠶᠢᠨ ᠭᠡᠮᠵᠢᠶ᠎ᠠ  ᠨᠢ 16 ᠰᠠᠨᠲ᠋ᠢᠮᠧᠲᠷ᠂ ᠬᠠᠭᠠᠰ ᠨᠠᠷᠠᠨ ᠤ ᠬᠦᠨᠳᠡᠢ ᠶᠢᠨ ᠭᠤᠤᠯ ᠠᠴᠠ ᠳᠡᠭᠡᠭᠰᠢ 11 ᠰᠠᠨᠲ᠋ᠢᠮᠧᠲᠷ ᠪᠤᠰᠤᠭ᠎ᠠ ᠪᠠᠶᠢᠵᠤ᠂ ᠬᠠᠪᠳᠠᠭᠠᠯ ᠳᠡᠭᠡᠷ᠎ᠠ ᠨᠠᠭᠠᠭᠰᠠᠨ ᠬᠤᠶᠠᠷ ᠬᠦᠯ ᠤᠨ ᠤᠷᠳᠤ ᠨᠢ ᠳᠤᠰ ᠳᠤᠰ 10 ᠰᠠᠨᠲ᠋ᠢᠮᠧᠲᠷ᠃ ᠳᠤᠤᠷ᠎ᠠ ᠬᠦᠯ ᠤᠨ ᠤᠯᠠ ᠠᠴᠠ ᠪᠠᠨ ᠤᠷᠢᠳᠤ ᠪᠦᠬᠦᠷᠬᠡ ᠶᠢᠨ ᠤᠷᠤᠢ ᠶᠢᠨ ᠭᠤᠤᠯ ᠬᠦᠷᠳᠡᠯ᠎ᠠ ᠨᠡᠶᠢᠳᠡ 26 ᠰᠠᠨᠲ᠋ᠢᠮᠧᠲᠷ ᠪᠤᠰᠤᠭ᠎ᠠ ᠪᠠᠶᠢᠳᠠᠭ᠃ ᠨᠠᠷᠠᠨ ᠪᠦᠬᠦᠷᠬᠡ ᠶᠢᠨ ᠳᠤᠯᠢ ᠶᠢᠨ ᠵᠤᠵᠠᠭᠠᠨ ᠨᠢ 6 — 7 ᠰᠠᠨᠲ᠋ᠢᠮᠧᠲᠷ᠃ ᠬᠤᠶᠠᠷ ᠬᠠᠪᠳᠠᠭᠠᠯ ᠳᠡᠭᠡᠷ᠎ᠠ ᠠᠴᠠᠯᠠᠵᠤ ᠰᠠᠭᠤᠭᠰᠠᠨ ᠵᠡᠬᠦᠨᠰᠢ ᠪᠠᠷᠠᠭᠤᠨᠰᠢ ᠦᠷᠬᠡᠨ ᠤ ᠬᠡᠮᠵᠢᠶ᠎ᠠ ᠨᠢ 28 ᠰᠠᠨᠲ᠋ᠢᠮᠧᠲᠷ᠃ ᠨᠠᠷᠠᠨ ᠬᠦᠨᠳᠡᠢ ᠶᠢᠨ ᠠᠭᠤᠵᠢᠮ ᠵᠠᠢ ᠨᠢ 11 ᠰᠠᠡᠲ᠋ᠢᠮᠧᠲᠷ᠃    ᠬᠤᠶᠢᠳᠤ ᠪᠦᠬᠦᠷᠬᠡ᠂ ᠰᠠᠷᠠᠨ ᠪᠦᠬᠦᠷᠬᠡ ᠶᠢᠨ ᠬᠠᠪᠳᠠᠭᠠᠯ ᠠᠴᠠ ᠳᠡᠭᠡᠭᠰᠢ ᠪᠤᠰᠤᠭ᠎ᠠ ᠨᠢ 10 ᠰᠠᠡᠲ᠋ᠢᠮᠧᠲᠷ᠂ ᠬᠠᠭᠠᠰ ᠰᠠᠷᠠᠨ ᠤ ᠬᠦᠨᠳᠡᠢ ᠶᠢᠨ ᠭᠤᠤᠯ ᠠᠴᠠ ᠳᠡᠭᠡᠭᠰᠢ 7 ᠰᠠᠡᠲ᠋ᠢᠮᠧᠲᠷ ᠪᠤᠰᠤᠭ᠎ᠠ ᠪᠠᠶᠢᠵᠤ᠂ ᠬᠠᠪᠳᠠᠭᠠᠯ ᠳᠡᠭᠡᠷ᠎ᠠ ᠨᠠᠭᠠᠭᠰᠠᠨ ᠬᠦᠯ ᠤᠨ ᠤᠯᠠ ᠠᠴᠠ ᠬᠤᠶᠢᠳᠤ ᠪᠦᠬᠦᠷᠬᠡ ᠶᠢᠨ ᠤᠷᠤᠢ ᠶᠢᠨ ᠭᠤᠤᠯ ᠬᠦᠷᠳᠡᠯᠡᠬᠢ ᠪᠤᠰᠤᠭ᠎ᠠ ᠵᠠᠢ ᠨᠢ 20 ᠰᠠᠡᠲ᠋ᠢᠮᠧᠲᠷ ᠪᠠᠶᠢᠳᠠᠭ᠃ ᠰᠠᠷᠠᠨ ᠪᠦᠬᠦᠷᠬᠡ ᠶᠢᠨ ᠳᠤᠯᠢ ᠶᠢᠨ ᠵᠤᠵᠠᠭᠠᠨ ᠨᠢ 7 ᠰᠠᠡᠲ᠋ᠢᠮᠧᠲᠷ᠂ ᠰᠠᠭᠤᠷᠢ ᠨᠢ 12 ᠰᠠᠡᠲ᠋ᠢᠮᠧᠲᠷ ᠦᠷᠭᠡᠨ᠃ ᠰᠠᠷᠠᠨ ᠪᠦᠬᠦᠷᠬᠡ ᠶᠢᠨ ᠬᠦᠨᠳᠡᠢ ᠶᠢᠨ ᠠᠭᠤᠵᠢᠮ ᠵᠠᠢ ᠨᠢ 13 ᠰᠠᠡᠲ᠋ᠢᠮᠧᠲᠷ᠂ ᠬᠠᠪᠳᠠᠭᠠᠯ ᠳᠡᠬᠡᠷ᠎ᠠ ᠠᠴᠠᠯᠠᠵᠤ ᠰᠠᠭᠤᠭᠰᠠᠨ ᠵᠡᠬᠦᠨᠰᠢ ᠪᠠᠷᠠᠭᠤᠨᠰᠢ ᠦᠷᠬᠡᠨ ᠨᠢ 33 ᠰᠠᠡᠲ᠋ᠢᠮᠧᠲᠷ ᠪᠠᠶᠢᠳᠠᠭ᠃    ᠨᠠᠷᠠᠨ ᠰᠠᠷᠠᠨ ᠬᠤᠶᠠᠷ ᠪᠦᠬᠦᠷᠬᠡ ᠶᠢᠨ ᠤᠷᠤᠢ ᠶᠢᠨ ᠬᠤᠭᠤᠷᠤᠨᠳᠤᠬᠢ ᠵᠠᠢ ᠨᠢ 35 — 40 ᠰᠠᠡᠲ᠋ᠢᠮᠧᠲᠷ ᠪᠠᠶᠢᠳᠠᠭ᠃ ᠤᠷᠢᠳᠤ ᠬᠤᠶᠢᠳᠤ ᠪᠦᠬᠦᠷᠬᠡ ᠶᠢᠨ ᠬᠦᠯ ᠤᠨ ᠬᠤᠭᠤᠷᠤᠨᠳᠤᠬᠢ ᠵᠠᠢ ᠨᠢ 20 ᠰᠠᠨᠲ᠋ᠢᠮᠧᠲᠷ ᠤᠷᠴᠢᠮ᠃ ᠬᠦᠯ ᠤᠨ ᠳᠤᠤᠷ᠎ᠠ ᠭᠡᠰᠡᠭ ᠤᠨ ᠦᠷᠬᠡᠨ ᠨᠢ ᠳᠤᠰ ᠳᠤᠰ 6 ᠰᠠᠡᠲ᠋ᠢᠮᠧᠲᠷ ᠪᠠᠶᠢᠳᠠᠭ᠃ ᠬᠤᠶᠠᠷ ᠬᠠᠪᠳᠠᠭᠠᠯ ᠤᠨ ᠬᠠᠪᠳᠠᠰᠤ ᠶᠢᠨ ᠦᠷᠬᠡᠨ ᠨᠢ 10 ᠰᠠᠡᠲ᠋ᠢᠮᠧᠲᠷ᠂ ᠤᠷᠳᠤ ᠨᠢ ᠱᠠᠳᠤᠯᠵᠢᠨ ᠬᠡᠯᠪᠡᠷᠢ ᠲᠠᠢ ᠪᠡᠶᠢᠵᠦ᠂ ᠳᠤᠤᠷ᠎ᠠ ᠳᠠᠯ᠎ᠠ ᠶᠢᠨ ᠡᠮᠤᠨ᠎ᠠ ᠬᠤᠶᠢᠨ᠎ᠠ ᠬᠤᠶᠠᠷ ᠦᠨᠴᠦᠭ ᠢ ᠮᠤᠬᠤᠭᠤ ᠦᠨᠴᠦᠭ ᠭᠠᠷᠭᠠᠨ ᠳᠤᠭᠤᠶᠢᠯᠠᠨ᠎ᠠ᠃ ᠬᠤᠶᠢᠰᠢ ᠤᠷᠤᠭᠰᠢ ᠪᠠᠨ 41 ᠰᠠᠡᠲ᠋ᠢᠮᠧᠲᠷ᠃ ᠳᠡᠭᠡᠷ᠎ᠠ ᠢᠷᠮᠡᠭ ᠤᠨ ᠡᠮᠤᠨ᠎ᠠ ᠬᠤᠶᠢᠨ᠎ᠠ ᠦᠵᠦᠬᠦᠷ ᠤᠨ ᠬᠤᠭᠤᠷᠤᠨᠳᠤᠬᠢ ᠤᠷᠳᠤ ᠨᠢ 48 ᠰᠠᠡᠲ᠋ᠢᠮᠧᠲᠷ᠂ ᠦᠨᠴᠦᠭ ᠨᠢ ᠪᠠᠭ᠋ᠠᠨ ᠬᠤᠷᠴᠠ ᠪᠠᠶᠢᠳᠠᠭ᠃ ᠬᠠᠪᠳᠠᠭᠠᠯ ᠤᠨ ᠳᠤᠷᠰᠢ ᠵᠤᠵᠠᠭᠠᠨ ᠤ ᠭᠡᠮᠵᠢᠶ᠎ᠠ ᠨᠢ ᠠᠳᠠᠯᠢ ᠦᠭᠡᠢ᠂ ᠭᠤᠤᠯ ᠳᠤ ᠪᠠᠨ 3 ᠰᠠᠡᠲ᠋ᠢᠮᠧᠲᠷ᠂ ᠬᠤᠶᠠᠷ ᠦᠵᠦᠬᠦᠷ ᠵᠦᠭ ᠢᠶᠠᠨ ᠨᠢᠮᠬᠡᠷᠡᠵᠦ᠂ ᠳᠤᠰ ᠳᠤᠰ 1 ᠰᠠᠡᠲ᠋ᠢᠮᠧᠲᠷ ᠪᠤᠯᠳᠠᠭ᠃ ᠬᠤᠶᠠᠷ ᠬᠠᠪᠳᠠᠭᠠᠯ ᠤᠨ ᠰᠠᠭᠤᠳᠠᠯ ᠪᠠᠶᠢᠷᠢ ᠨᠢ ᠬᠤᠶᠢᠳᠤ ᠪᠦᠬᠦᠷᠬᠡ ᠤᠷᠤᠭᠤ ᠪᠠᠨ ᠪᠠᠭ᠋ᠠᠨ ᠠᠯᠴᠠᠭᠠᠷ᠃ ᠬᠤᠶᠠᠷ ᠬᠠᠪᠳᠠᠭᠠᠯ ᠨᠢ ᠴᠦᠮ ᠮᠤᠷᠢᠨ ᠨᠢᠷᠤᠭᠤᠨ ᠳᠤ ᠵᠤᠬᠢᠴᠠᠬᠤ ᠪᠠᠷ ᠪᠠᠭ᠋ᠠᠨ ᠮᠢᠳᠠᠭᠠᠷ ᠰᠢᠭ᠋ ᠪᠠᠶᠢᠳᠠᠭ᠃ ᠵᠡᠬᠦᠨ ᠪᠠᠷᠠᠭᠤᠨ ᠬᠤᠶᠠᠷ ᠬᠠᠪᠳᠠᠭᠠᠯ ᠤᠨ ᠳᠡᠭᠡᠷ᠎ᠠ ᠢᠷᠮᠡᠭ ᠤᠨ ᠬᠤᠭᠤᠷᠤᠨᠳᠤᠬᠢ ᠵᠠᠢ ᠨᠢ ᠨᠠᠷᠠᠨ ᠪᠦᠬᠦᠷᠬᠡ ᠶᠢᠨ ᠳᠤᠤᠷ᠎ᠠ 11 ᠰᠠᠡᠲ᠋ᠢᠮᠧᠲᠷ᠂ ᠰᠠᠷᠠᠨ ᠪᠦᠬᠦᠷᠬᠡ ᠶᠢᠨ ᠳᠤᠤᠷ᠎ᠠ 12 ᠰᠠᠡᠲ᠋ᠢᠮᠧᠲᠷ᠂ ᠳᠤᠤᠷ᠎ᠠ ᠢᠷᠮᠡᠭ ᠤᠨ ᠵᠠᠢ ᠨᠢ ᠨᠠᠷᠠᠨ ᠪᠦᠬᠦᠷᠬᠡ ᠶᠢᠨ ᠳᠤᠤᠷ᠎ᠠ 23 ᠰᠠᠡᠲ᠋ᠢᠮᠧᠲᠷ᠂ ᠰᠠᠷᠠᠨ ᠪᠦᠬᠦᠷᠬᠡ ᠶᠢᠨ ᠳᠤᠤᠷ᠎ᠠ 25 ᠰᠠᠡᠲ᠋ᠢᠮᠧᠲᠷ ᠪᠠᠶᠢᠳᠠᠭ᠃ ᠡᠮᠡᠭᠡᠯ ᠤᠨ ᠬᠤᠶᠠᠷ ᠬᠠᠪᠳᠠᠭᠠᠯ ᠤᠨ ᠰᠠᠭᠤᠷᠢ ᠰᠠᠭᠤᠳᠠᠯ ᠢᠶᠠᠷ ᠨᠢ ᠬᠦᠮᠦᠰ᠂ ᠰᠤᠮᠤᠳᠠᠵᠤ ᠪᠠᠶᠢᠭ᠎ᠠ ᠰᠢᠪᠠᠭᠤᠨ ᠤ ᠵᠢᠬᠦᠷ᠂ ᠨᠢᠰᠴᠤ ᠪᠠᠶᠢᠭ᠎ᠠ ᠵᠢᠬᠦᠷᠳᠡᠨ ᠤ ᠳᠠᠯᠠᠪᠴᠢ ᠪᠠᠷ ᠪᠡᠯᠬᠡᠳᠡᠳᠡᠭ᠃    ᠡᠮᠡᠬᠡᠯ ᠤᠨ ᠬᠤᠶᠠᠷ ᠪᠦᠬᠦᠷᠬᠡ ᠶᠢ ᠬᠤᠯᠪᠤᠵᠤ᠂ ᠬᠤᠶᠠᠷ ᠬᠠᠪᠳᠠᠭᠠᠯ ᠳᠡᠭᠡᠷ᠎ᠠ ᠪᠠᠬᠢᠯᠡᠵᠦ ᠰᠠᠭᠤᠭᠰᠠᠨ ᠪᠦᠬᠡᠷᠡᠩᠭᠡᠢ ᠬᠠᠪᠳᠠᠰᠤ ᠶᠢ ᠡᠮᠡᠭᠡᠯ ᠤᠨ ᠰᠠᠭᠤᠳᠠᠯ ᠭᠡᠳᠡᠭ᠃ ᠪᠠᠰᠠ ᠡᠮᠡᠬᠡᠯ ᠪᠤᠶᠤ ᠠᠴᠢᠮᠠᠭ ᠴᠦ ᠭᠡᠳᠡᠭ᠃ ᠡᠮᠡᠬᠡᠯ  ᠤᠨ ᠪᠦᠬᠦᠷᠬᠡ ᠶᠢ ᠭᠤᠤᠯ ᠢᠶᠠᠷ ᠨᠢ ᠨᠢᠬᠡᠯᠡ ᠵᠦᠰᠦᠵᠦ ᠬᠠᠭᠠᠯᠤᠭᠰᠠᠨ ᠳᠠᠯ᠎ᠠ ᠮᠤᠳᠤ ᠪᠠᠷ ᠬᠢᠵᠦ᠂ ᠬᠤᠶᠠᠷ ᠬᠠᠪᠳᠠᠭᠠᠯ᠂ ᠬᠤᠶᠠᠷ ᠪᠦᠬᠦᠷᠬᠡ ᠲᠠᠢ ᠪᠠᠨ ᠨᠡᠶᠢᠯᠡᠬᠦᠯᠵᠦ ᠴᠠᠪᠠᠤᠳᠠᠭᠰᠠᠨ ᠤ ᠳᠠᠷᠠᠭ᠎ᠠ ᠰᠠᠶ᠋ᠢ ᠳᠤᠭᠤᠢ ᠢᠷ ᠲᠠᠢ ᠭᠠᠷ ᠤᠭᠤᠯᠢ ᠪᠠᠷ ᠴᠠᠪᠴᠢᠵᠦ ᠤᠬᠤᠳᠠᠭ᠃ ᠡᠰᠡ ᠳᠡᠶᠢᠮᠤ ᠪᠤᠯ ᠴᠠᠪᠠᠤᠳᠠᠵᠤ ᠨᠡᠶᠢᠯᠡᠬᠦᠯᠬᠦ ᠳᠤ ᠬᠦᠴᠢᠷᠳᠡᠳᠡᠭ ᠶᠤᠮ᠃ ᠳᠠᠬᠢᠭᠠᠳ ᠦᠬᠡᠷ᠎ᠠ ᠮᠤᠳᠤᠨ ᠬᠠᠪᠳᠠᠰᠤ ᠶᠢ ᠬᠠᠪᠳᠠᠭᠠᠯ ᠳᠡᠭᠡᠷ᠎ᠠ ᠨᠦᠬᠦᠪᠤᠷᠢᠯᠡᠨ ᠨᠠᠭᠠᠵᠤ ᠪᠠᠶᠢᠳᠠᠭ᠃ ᠰᠠᠭᠤᠳᠠᠯ ᠤᠨ ᠬᠤᠶᠢᠨ᠎ᠠ ᠡᠮᠤᠨ᠎ᠠ ᠦᠵᠦᠬᠦᠷ ᠢ ᠴᠦᠮ ᠪᠠᠭ᠋ᠠᠨ ᠨᠤᠮᠤ ᠬᠡᠯᠪᠡᠷᠢ ᠪᠠᠷ ᠳᠠᠶᠢᠷᠠᠵᠤ᠂ ᠬᠤᠶᠠᠷ ᠪᠦᠬᠦᠷᠬᠡ ᠲᠠᠢ ᠵᠤᠯᠭᠠᠭᠤᠯᠳᠠᠭ᠃ ᠡᠮᠡᠭᠡᠯ ᠤᠨ ᠰᠠᠭᠤᠳᠠᠯ ᠤᠨ ᠭᠤᠤᠯ ᠨᠢᠷᠤᠭᠤᠨ ᠤ ᠤᠷᠳᠤ ᠨᠢ 30 — 36 ᠰᠠᠡᠲ᠋ᠢᠮᠧᠲᠷ ᠢᠶᠠᠷ ᠵᠤᠬᠢᠴᠠᠭᠤᠯᠵᠤ᠂ ᠬᠤᠶᠠᠷ ᠳᠤᠤᠷ᠎ᠠ ᠢᠷᠮᠡᠭ ᠤᠨ ᠬᠤᠶᠢᠳᠤ ᠤᠷᠢᠳᠤ ᠪᠦᠬᠦᠷᠬᠡ ᠶᠢᠨ ᠬᠦᠯ ᠲᠠᠢ ᠵᠤᠯᠭᠠᠬᠤ ᠤᠷᠳᠤ  ᠨᠢ ᠳᠤᠰ ᠳᠤᠰ ᠪᠠᠷᠤᠭ 20 ᠰᠠᠡᠲ᠋ᠢᠮᠧᠲᠷ᠃ ᠰᠠᠭᠤᠳᠠᠯ ᠤᠨ ᠵᠤᠵᠠᠭᠠᠨ ᠨᠢ ᠪᠠᠷᠤᠭ 2 — 3 ᠰᠠᠨᠲ᠋ᠢᠮᠧᠲᠷ ᠪᠠᠶᠢᠳᠠᠭ᠃    ᠡᠮᠡᠬᠡᠯ ᠤᠨ ᠳᠠᠪᠤᠨ ᠬᠡᠰᠡᠭ ᠮᠤᠳᠤ ᠶᠢ ᠢᠡᠭᠭᠢᠵᠦ ᠳᠤᠭ᠎ᠠ ᠬᠡᠮᠵᠢᠶ᠎ᠠ ᠲᠠᠢ ᠪᠠᠷ ᠨᠠᠷᠢᠨ ᠨᠢᠮᠪᠠᠢ ᠨᠡᠶᠢᠯᠡᠬᠦᠯᠵᠦ ᠨᠠᠭᠠᠬᠤ ᠳᠤ ᠪᠠᠨ ᠶᠡᠷᠤ ᠠᠴᠠ ᠳᠡᠮᠤᠷ ᠭᠠᠳᠠᠭᠠᠰᠤ ᠵᠠᠷᠤᠳᠠᠭ ᠦᠭᠡᠢ᠃ ᠬᠤᠷᠴᠢᠨ ᠡᠮᠡᠭᠡᠯ ᠱᠠᠭᠠᠬᠤ ᠡᠶᠢᠮᠤᠷᠬᠦ ᠨᠠᠷᠢᠯᠢᠭ ᠬᠢᠴᠠ᠂ ᠨᠢᠬᠳᠠ ᠶᠠᠪᠤᠴᠠ ᠶᠢ ᠬᠦᠮᠦᠨ ᠪᠦᠬᠦᠨ ᠳᠡᠮᠡᠢ ᠬᠦᠨᠵᠡᠭᠡᠢ ᠤᠶᠢᠯᠠᠭᠠᠬᠤ ᠦᠭᠡᠢ ᠪᠤᠯᠪᠠᠴᠤ ᠵᠠᠰᠠᠯ ᠴᠢᠮᠡᠭ ᠪᠦᠷᠢᠳᠦᠭᠰᠡᠨ ᠬᠤᠷᠴᠢᠨ ᠡᠮᠡᠬᠡᠯ ᠢ ᠤᠯᠵᠤ ᠬᠠᠷᠠᠮᠠᠭᠴᠠ ᠪᠠᠨ ︽ᠸᠠ︕ ᠡᠬᠦᠨ ᠢ ᠰᠠᠶ᠋ᠢ ᠡᠮᠡᠬᠡᠯ ᠬᠡᠨ᠎ᠠ︕ ︾ ᠭᠡᠵᠤ ᠬᠦᠮᠦᠨ ᠪᠦᠬᠦᠨ ᠱᠠᠭᠰᠢᠨ ᠮᠠᠭᠳᠠᠳᠠᠭ᠃    ᠬᠤᠷᠴᠢᠨ ᠤ ᠵᠠᠰᠠᠯ ᠴᠢᠮᠡᠭ ᠪᠦᠷᠢᠳᠦᠭᠰᠡᠨ ᠮᠤᠷᠢᠨ ᠡᠮᠡᠭᠡᠯ ᠭᠡᠭᠴᠢ ᠴᠤᠬᠤᠮ ᠬᠦ ᠦᠵᠡᠮᠤᠷᠢ ᠶᠢᠨ ᠡᠳ᠋᠂ ᠦᠨᠡᠳᠤ ᠪᠤᠳᠠᠰ ᠪᠠᠶᠢᠭ᠎ᠠ ᠶᠤᠮ᠃ ᠡᠷᠳᠡ ᠳᠡᠤᠬᠡᠨ ᠠᠴᠠ ᠠᠪᠤᠭᠠᠳ ᠬᠡᠳᠤᠨ ᠪᠦᠳᠦᠬᠦᠨ ᠪᠤᠳᠠ ᠶᠢᠨ ᠦᠨ᠎ᠡ ᠬᠦᠷᠴᠤ ᠪᠠᠶᠢᠭᠰᠠᠨ ᠭᠡᠳᠡᠭ᠃ ᠤᠯᠤᠰ ᠪᠠᠶᠢᠭᠤᠯᠤᠭᠳᠠᠬᠤ ᠠᠩᠬᠠᠨ ᠤ ᠦᠶ᠎ᠠ ᠳᠤ ᠯᠤᠤ ᠶᠢᠨ ᠠᠮᠠ ᠲᠠᠢ ᠲᠦᠷᠦᠬᠡ᠂ ᠦᠬᠡᠷ ᠤᠨ ᠠᠷᠠᠰᠤᠨ ᠬᠦᠯᠢᠮ᠂ ᠦᠡᠭᠭᠡᠳᠠᠢ ᠰᠠᠶᠢᠬᠠᠨ ᠤᠵᠢᠷᠭᠠᠨ ᠡᠮᠡᠬᠡᠯ ᠨᠢ ᠬᠤᠶᠠᠷ ᠦᠬᠡᠷ ᠤᠨ ᠵᠤᠭᠤᠰ ᠬᠦᠷᠴᠤ ᠪᠠᠶᠢᠪᠠ᠃ ᠬᠤᠷᠰᠢᠶ᠎ᠠ ᠠᠴᠠ ᠪᠠᠨ ᠬᠦᠡᠭᠱᠧ ᠳᠤ ᠰᠢᠯᠵᠢᠵᠦ ᠬᠠᠮᠳᠤ ᠨᠡᠶᠢᠳᠡ ᠪᠤᠯᠤᠭᠠᠳ᠂ ᠬᠤᠪᠢ ᠡᠷᠤᠬᠡ ᠶᠢᠨ ᠬᠦᠯᠦᠭ ᠮᠤᠷᠢ ᠤᠰᠠᠳᠤᠭᠠᠳ ᠰᠠᠶ᠋ᠢ ᠦᠨ᠎ᠡ ᠬᠠᠨᠭ᠍ᠰᠢ ᠪᠠᠭᠤᠷᠠᠪᠠ᠃ ᠬᠡᠪᠡᠴᠤ ᠳᠠᠷᠤᠭ᠎ᠠ ᠨᠤᠶᠠᠳ ᠤᠨ ᠦᠵᠡᠵᠦ ᠳᠤᠭᠤᠭᠰᠠᠨ ᠵᠠᠰᠠᠯ ᠴᠢᠮᠡᠭ ᠲᠠᠢ ᠤᠵᠢᠷᠭᠠᠨ ᠡᠮᠡᠬᠡᠯ ᠮᠥᠨ ᠨᠢᠬᠡ ᠦᠬᠡᠷ ᠤᠨ ᠦᠨ᠎ᠡ ᠠᠴᠠ ᠪᠠᠭᠤᠷᠠᠭᠰᠠᠨ ᠦᠭᠡᠢ᠃ ᠳᠠᠭᠠᠭᠠᠴᠢᠯᠠᠯᠳᠠ ᠬᠢᠵᠦ ᠳᠠᠩᠭᠠᠷ ᠠᠵᠢᠯᠯᠠᠭᠰᠠᠨ ᠠᠴᠠ ᠨᠠᠰᠢ ᠠᠷᠠᠳ ᠤᠨ ᠠᠮᠢᠳᠤᠷᠠᠯ ᠤᠨ ᠬᠢᠷᠢ ᠲᠦᠪᠰᠢᠨ ᠳᠡᠭᠡᠭᠰᠢᠯᠡᠬᠦ ᠶᠢ ᠳᠠᠭᠠᠯᠳᠤᠨ ᠤᠯᠠᠩᠭᠢ ᠬᠦᠮᠦᠰ ᠬᠦᠯᠦᠭ ᠤᠨᠤᠭ᠎ᠠ ᠪᠠᠨ ᠮᠠᠰᠢᠨ ᠮᠧᠬᠠᠨᠢᠭ ᠬᠤᠪᠢᠯᠭᠠᠵᠤ᠂ ᠡᠮᠡᠬᠡᠯ ᠬᠠᠵᠠᠭᠠᠷ ᠢᠶᠠᠨ ᠬᠤᠷᠢᠶᠠᠭᠰᠠᠨ ᠪᠤᠯᠪᠠᠴᠤ ᠬᠦᠯᠦᠭ ᠤᠨᠤᠭᠠᠨ ᠳᠤ ᠪᠠᠭ᠋ᠠᠳᠠᠢ ᠴᠦᠬᠡᠨ ᠳᠤᠭᠠᠨ ᠤ ᠡᠷᠤᠬᠡ ᠶᠢᠨ ᠡᠵᠡᠳ ᠮᠥᠨ ᠯᠠ ᠠᠭᠳᠠ ᠶᠢᠨ ᠰᠠᠶᠢᠨ ᠢ ᠰᠢᠯᠢᠵᠦ᠂ ᠡᠮᠡᠬᠡᠯ ᠤᠨ ᠰᠠᠶᠢᠬᠠᠨ ᠢ ᠰᠤᠩᠭᠤᠨ ᠠᠶᠢᠯ ᠭᠠᠴᠠᠭ᠎ᠠ᠂ ᠠᠯᠤᠰ ᠨᠤᠳᠤᠭ᠂ ᠨᠠᠶᠢᠷ ᠨᠠᠭᠠᠳᠤᠮ ᠢᠶᠠᠷ ᠭᠠᠶᠢᠬᠠᠭᠤᠯᠵᠤ ᠶᠠᠪᠤᠨ᠎ᠠ᠃ ᠳᠡᠭᠡᠭᠡᠳ ᠯᠠ ᠬᠤᠷᠴᠢᠨ ᠡᠮᠡᠬᠡᠯ ᠤᠨ ᠠᠯᠳᠠᠷ ᠨᠡᠷ᠎ᠠ ᠳᠠᠬᠢᠨ ᠮᠡᠨᠳᠤᠵᠤ᠂ ᠤᠶᠢᠷ᠎ᠠ ᠵᠡᠷᠭᠡᠯᠡᠳᠡᠭᠡ ᠮᠤᠵᠢ ᠤᠷᠤᠨ᠂ ᠠᠯᠤᠰ ᠳᠡᠷᠳᠡᠭᠡ ᠤᠯᠤᠰ ᠬᠦᠷᠦᠨ ᠤ ᠬᠦᠮᠦᠰ  ᠤᠨ ᠱᠠᠭᠰᠢᠯ ᠪᠠᠭ᠋ᠠᠷᠬᠠᠯ ᠢ ᠤᠯᠵᠤ᠂ ᠦᠨ᠎ᠠ ᠬᠠᠶᠠᠵᠤ ᠵᠠᠬᠢᠶᠠᠯᠠᠨ ᠠᠪᠬᠤ ᠦᠨᠡᠳᠤ ᠡᠳ᠋ ᠪᠤᠯᠤᠭᠰᠠᠨ ᠪᠠᠶᠢᠨ᠎ᠠ᠃    ᠮᠤᠷᠢᠨ ᠡᠮᠡᠬᠡᠯ ᠪᠤᠯ ᠳᠡᠷᠡ ᠴᠢᠭ ᠢᠶᠠᠷ ᠢᠶᠠᠨ ᠠᠬᠠᠮᠠᠳ ᠨᠠᠰᠤᠳᠠᠳ ᠤᠨ ᠪᠤᠶᠠᠨ ᠵᠢᠷᠭᠠᠯ ᠤᠨ ᠰᠠᠭᠤᠳᠠᠯ᠂ ᠢᠳᠡᠷ ᠵᠠᠯᠠᠭᠤᠴᠤᠳ ᠤᠨ ᠭᠡᠢ ᠮᠤᠷᠢ ᠶᠢᠨ ᠰᠠᠭᠤᠳᠠᠯ᠂ ᠦᠰᠪᠤᠷᠢ ᠬᠡᠤᠬᠡᠳ ᠤᠨ ᠤᠬᠠᠭᠠᠨ ᠳᠤᠮᠤᠭᠠᠵᠢᠯ ᠤᠨ ᠰᠠᠭᠤᠳᠠᠯ ᠪᠠᠶᠢᠭ᠎ᠠ ᠶᠤᠮ᠃ ᠮᠤᠩᠭᠤᠯ ᠬᠦᠮᠦᠨ ᠶᠡᠷᠤ ᠠᠴᠠ ᠡᠮᠡᠬᠡᠯ ᠳᠡᠬᠡᠷ᠎ᠠ ᠡᠷ᠎ᠠ ᠪᠤᠯᠵᠤ᠂ ᠡᠮᠡᠬᠡᠯ ᠳᠡᠬᠡᠷ᠎ᠠ ᠠᠮᠢᠳᠤᠷᠠᠨ᠂ ᠡᠮᠡᠬᠡᠯ ᠳᠡᠭᠡᠷ᠎ᠠ ᠠᠴᠠ ᠳᠡᠯᠡᠬᠡᠢ ᠶᠢ ᠬᠠᠷᠠᠳᠠᠭ ᠪᠠᠶᠢᠭᠰᠠᠨ᠃ ᠮᠤᠩᠭᠤᠯ ᠬᠦᠮᠦᠨ ᠳᠡᠭᠡᠭᠡᠳ ᠯᠠ ᠡᠮᠡᠬᠡᠯ ᠳᠡᠬᠡᠷ᠎ᠠ ᠪᠠᠨ ᠠᠯᠠᠪᠬᠢᠨ ᠮᠤᠷᠳᠠᠮᠠᠭᠴᠠ ᠴᠤᠭ ᠵᠢᠪᠬᠤᠭ᠎ᠠ ᠨᠢ ᠪᠠᠳᠠᠷᠠᠵᠤ᠂ ᠭᠡᠢ ᠮᠤᠷᠢ ᠨᠢ ᠮᠠᠨᠳᠤᠨ᠂ ᠭᠡᠰᠢᠭ ᠪᠤᠶᠠᠨ  ᠨᠢ ᠨᠡᠮᠡᠭᠳᠡᠳᠡᠭ᠃   ᠬᠤᠷᠴᠢᠨ ᠬᠠᠨᠭ᠍ᠬᠠᠢ ᠡᠮᠡᠬᠡᠯ ᠢ ᠪᠦᠷᠢᠨ ᠪᠦᠳᠦᠨ ᠡᠮᠡᠬᠡᠯ ᠪᠤᠯᠭᠠᠨ ᠳᠡᠪᠰᠡᠯᠡᠨ ᠴᠢᠮᠡᠭᠯᠡᠬᠦ ᠳᠤ ᠳᠤᠩ ᠤᠯᠠᠨ ᠵᠤᠶᠢᠯ  ᠤᠨ ᠨᠡᠷ᠎ᠠ ᠨᠡᠷᠡᠶᠢᠳᠦᠯ ᠲᠠᠢ ᠶᠠᠭᠤᠮ᠎ᠠ ᠶᠢ ᠪᠡᠯᠡᠳᠭᠡᠬᠦ ᠴᠢᠬᠤᠯᠠ ᠲᠠᠢ ᠪᠠᠶᠢᠳᠠᠭ᠃ ᠳᠡᠭᠡᠭᠡᠳ ᠳᠡᠳᠡᠭᠡᠷ ᠵᠤᠶᠢᠯᠡᠰ ᠨᠢ ᠴᠦᠮ ᠦᠪᠡᠷ ᠦᠪᠡᠷ ᠤᠨ ᠳᠤᠭᠳᠠᠭᠰᠠᠨ ᠤᠷᠤᠨ ᠪᠠᠶᠢᠷᠢ ᠲᠠᠢ ᠪᠦᠬᠡᠳ ᠤᠷᠳᠤ ᠤᠬᠤᠷ ᠤᠨ ᠬᠡᠮᠵᠢᠶ᠎ᠠ᠂ ᠦᠷᠬᠡᠨ ᠨᠠᠷᠢᠨ ᠤ ᠬᠢᠵᠠᠭᠠᠷ᠂ ᠵᠤᠵᠠᠭᠠᠨ ᠨᠢᠮᠬᠡᠨ ᠤ ᠪᠠᠷᠢᠮᠵᠢᠶ᠎ᠠ᠂ ᠦᠡᠭᠭᠡ ᠪᠤᠳᠤᠭ ᠤᠨ ᠢᠯᠭᠠᠯ ᠲᠠᠢ ᠪᠠᠶᠢᠳᠠᠭ᠃ ᠨᠢᠬᠡ ᠪᠦᠷᠢᠨ ᠡᠮᠡᠬᠡᠯ ᠳᠠᠪᠰᠠᠯᠠᠵᠤ ᠤᠭᠰᠠᠷᠠᠬᠤ ᠳᠤ ᠤᠯᠤᠩ᠂ ᠵᠢᠷᠢᠮ᠂ ᠲᠦᠷᠦᠬᠡ᠂ ᠭᠠᠨᠵᠤᠭ᠎ᠠ᠂ ᠲᠤᠬᠤᠮ᠂ ᠬᠦᠯᠢᠮ᠂ ᠬᠠᠷᠠᠤ᠂ ᠳᠠᠪᠰᠠ᠂ ᠳᠠᠷᠤᠭᠤᠯᠭ᠎ᠠ᠂ ᠰᠤᠶᠢᠳᠡᠬᠦᠰᠦ ᠵᠡᠷᠭᠡ ᠶᠢᠨ ᠵᠤᠶᠢᠯᠡᠰ ᠳᠠᠭᠠᠯᠳᠤᠳᠠᠭ᠃ ᠡᠷᠳᠡᠨ ᠤ ᠬᠤᠷᠴᠢᠨ ᠡᠮᠡᠬᠡᠯ ᠳᠤ ᠬᠠᠵᠠᠭᠠᠷ ᠨᠤᠭᠳᠤ᠂ ᠬᠦᠮᠦᠯᠳᠦᠷᠭᠡ᠂ ᠬᠤᠳᠠᠷᠭ᠎ᠠ᠂ ᠮᠢᠯᠠᠭ᠎ᠠ᠂ ᠴᠢᠳᠤᠷ ᠦᠷᠦᠬᠡᠯ ᠳᠤᠱᠠ ᠳᠠᠭᠠᠯᠳᠤᠳᠠᠭ ᠃ ᠡᠨᠡ ᠨᠢ ᠰᠠᠶ᠋ᠢ ᠨᠢᠬᠡ ᠬᠦᠯᠦᠭ ᠤᠨᠤᠭ᠎ᠠ ᠶᠢᠨ ᠨᠢᠬᠡᠨ ᠢᠵᠢ ᠪᠦᠷᠢᠨ ᠵᠠᠰᠠᠯ ᠴᠢᠮᠡᠭᠯᠡᠯ ᠪᠠᠶᠢᠪᠠ᠃    ᠤᠯᠤᠰ ᠤᠨ ᠲᠡᠰ ᠤᠨ ᠪᠣᠳᠠᠰ ᠤᠨ ᠪᠣᠰᠤ ᠰᠤᠶᠤᠯ ‍ᠤᠨ‌ᠦᠪ ᠤᠨ ᠮᠣᠷᠢᠨ ᠡᠮᠡᠭᠡᠯ ᠬᠢᠬᠦ ᠮᠡᠷᠭᠡᠵᠢᠯ ᠤᠨ ᠤᠯᠠᠮᠵᠢᠯᠠᠭᠴᠢ ᠲᠤᠭᠳᠠᠡᠪᠠᠶᠠᠷ ᠤᠨ ᠲᠤᠪᠴᠢ ᠨᠠᠮᠳᠠᠷ   ᠲᠣᠭᠳᠠᠨᠪᠠᠶᠠᠷ᠂ ᠡᠷᠡᠭᠳᠡᠢ᠂ ᠮᠣᠩᠭᠤᠯ ᠦᠨᠳᠦᠰᠦᠳᠡᠨ᠂1947 ᠣᠨ ᠤ11 ᠰᠠᠷ᠎ᠠ ᠶᠢᠨ15 ᠤ ᠡᠳᠦᠷ᠂ ᠦᠪᠦᠷ ᠮᠤᠩᠭᠤᠯ ᠤᠨ ᠦᠪᠡᠷᠲᠡᠭᠡᠨ ᠵᠠᠰᠠᠬᠤ ᠣᠷᠤᠨ ᠤ ᠲᠦᠩᠯᠢᠶᠤᠤ ᠬᠤᠲᠠ ᠶᠢᠨ ᠬᠤᠷᠴᠢᠨ ᠵᠡᠭᠦᠨ ᠭᠠᠷᠤᠨ ᠬᠤᠶᠢᠳᠤ ᠬᠤᠰᠢᠭᠤᠨ ᠤ ᠮᠣᠳᠤᠳᠤ ᠰᠣᠮᠤ ᠶᠢᠨ ᠬᠠᠭ ᠤᠨ ᠴᠣᠬᠤᠢ  ᠭᠠᠴᠠᠭ᠎ᠠ ᠳᠤ ᠲᠦᠷᠦᠪᠡ᠃ ᠭᠤᠷᠪᠠᠳᠤᠭᠠᠷ ᠬᠤᠭᠤᠴᠠᠭᠠᠨ ᠤ ᠤᠯᠤᠰ ᠤᠨ ᠳᠡᠰ ᠤᠨ ᠪᠤᠳᠠᠰ ᠤᠨ ᠪᠣᠰᠤ ᠰᠣᠶᠤᠯ ᠤᠨ ᠥᠪ — ᠮᠣᠷᠢᠨ ᠡᠳ᠋ᠯᠡᠯ ᠦᠢᠯᠡᠳᠦᠨ ᠵᠤᠬᠢᠶᠠᠬᠤ ᠤᠷ᠎ᠠ ᠮᠡᠷᠭᠡᠵᠢᠯ ᠤᠨ ᠤᠯᠠᠮᠵᠢᠯᠠᠭᠴᠢ ᠪᠣᠯᠣᠨ᠎ᠠ᠃ ᠡᠨᠡ ᠵᠢᠯ ᠳᠠᠯᠠᠨ ᠬᠤᠶᠠᠷ ᠨᠠᠰᠤᠳᠠᠢ ᠲᠡᠷᠡ ᠪᠠᠷ ᠮᠣᠷᠢᠨ ᠡᠳ᠋ᠯᠡᠯ ᠦᠢᠯᠡᠳᠦᠨ ᠵᠤᠬᠢᠶᠠᠭᠠᠳ ᠨᠢᠭᠡᠨᠲᠡ 40 ᠭᠠᠷᠤᠢ ᠵᠢᠯ ᠤᠨ ᠢᠷᠠᠭᠤ ᠠᠯᠳᠠᠷᠲᠤ ᠲᠡᠤᠬᠡ ᠲᠠᠢ ᠪᠣᠯᠵᠠᠢ᠃    ᠲᠡᠷᠡ ᠬᠠᠷᠠᠬᠠᠨ ᠪᠠᠭ᠎ᠠ ᠠᠴᠠ ᠪᠠᠨ ᠮᠣᠷᠢ ᠤᠨᠤᠭ᠎ᠠ ᠳᠤ ᠪᠠᠭ᠋ᠠᠳᠠᠢ ᠨᠢᠭᠡᠨ ᠪᠠᠶᠢᠵᠤ᠂ ᠮᠣᠷᠢᠨ ᠤ ᠡᠳ᠋ᠯᠡᠯ ᠬᠡᠷᠡᠭᠰᠡᠯ ᠢ ᠮᠠᠰᠢ ᠪᠠᠭ᠋ᠠᠷᠳᠠᠭ ᠪᠠᠶᠢᠭᠰᠠᠨ ᠶᠤᠮ᠃ ᠲᠡᠶᠢᠨ ᠬᠦ ᠪᠠᠭ᠎ᠠ ᠨᠠᠰᠤᠨ ᠠᠴᠠ ᠪᠠᠨ ᠡᠴᠢᠭᠡ ᠨᠢᠮ᠎ᠡ᠂ ᠠᠪᠠᠭ᠎ᠠ ᠨᠣᠷᠪᠤ ᠶᠢᠨ ᠢᠶᠠᠨ ᠨᠦᠯᠦᠭᠡ ᠪᠠᠷ ᠮᠣᠩᠭᠤᠯ ᠦᠨᠳᠦᠰᠦᠳᠡᠨ ᠤ ᠮᠣᠷᠢᠨ ᠡᠳ᠋ᠯᠡᠯ ᠦᠢᠯᠡᠳᠦᠨ ᠵᠤᠬᠢᠶᠠᠬᠤ ᠮᠡᠷᠭᠡᠵᠢᠯ ᠳᠤ ᠬᠤᠷᠣᠬᠠᠢ ᠲᠠᠢ ᠪᠣᠯᠵᠤ᠂ ᠲᠡᠳᠡᠭᠡᠷ ᠵᠦᠢᠯᠡᠰ ᠢ ᠠᠩᠬᠠᠷᠤᠨ ᠰᠢᠡᠵᠢᠨ ᠰᠤᠳᠤᠯᠳᠠᠭ ᠪᠠᠶᠢᠵᠠᠢ᠃ ᠡᠶᠢᠮᠤ ᠠᠴᠠ ᠤᠳᠠᠭᠠᠨ ᠵᠢᠯ ᠤᠨ ᠲᠤᠷᠰᠢ ᠮᠣᠷᠢᠨ ᠤ ᠡᠳ᠋ᠯᠡᠯ ᠬᠡᠷᠡᠭᠰᠡᠯ ᠦᠢᠯᠡᠳᠦᠨ ᠵᠤᠬᠢᠶᠠᠬᠤ ᠤᠷ᠎ᠠ ᠮᠡᠷᠭᠡᠵᠢᠯ ᠢ ᠰᠣᠳᠤᠯᠤᠨ ᠰᠤᠷᠤᠯᠴᠠᠵᠣ᠂ ᠣᠳᠤ ᠮᠣᠷᠢᠨ ᠡᠳ᠋ᠯᠡᠯ ᠬᠡᠷᠡᠭᠰᠡᠯ ᠦᠢᠯᠡᠳᠦᠨ ᠵᠤᠬᠢᠶᠠᠬᠤ ᠲᠤᠰᠬᠠᠢ ᠡᠷᠦᠬᠡ ᠪᠣᠯᠤᠭᠰᠠᠨ ᠪᠠᠶᠢᠨ᠎ᠠ᠃ ᠲᠡᠷᠡ ᠭᠤᠣᠯᠳᠠᠭᠤ ᠢᠵᠢ ᠪᠦᠷᠢᠳᠦᠭᠰᠡᠨ ᠮᠣᠷᠢᠨ ᠡᠮᠡᠭᠡᠯ᠂ ᠠᠷᠠᠰᠤᠨ ᠡᠳ᠋ᠯᠡᠯ ᠢ ᠦᠢᠯᠡᠳᠦᠨ ᠵᠤᠬᠢᠶᠠᠵᠤ ᠪᠣᠷᠤᠯᠠᠭᠤᠯᠬᠤ ᠶᠢᠨ ᠬᠠᠮᠳᠤ ᠪᠠᠰᠠ ᠮᠠᠰᠢ ᠤᠯᠠᠨ ᠱᠠᠪᠢ ᠡᠯᠰᠡᠨ ᠮᠡᠷᠭᠡᠵᠢᠯ ᠢᠶᠠᠨ ᠵᠢᠭᠠᠨ ᠰᠤᠷᠭᠠᠵᠤ ᠤᠯᠠᠮᠵᠢᠯᠠᠨ ᠬᠦᠭᠵᠢᠬᠦᠯᠵᠦ ᠪᠠᠶᠢᠨ᠎ᠠ᠃ ᠲᠡᠭᠦᠨ ᠤ ᠬᠢᠵᠦ ᠪᠦᠲᠦᠭᠡᠭᠰᠡᠨ ᠨᠠᠷᠢᠯᠢᠭ ᠰᠠᠶᠢᠬᠠᠨ ᠮᠣᠷᠢᠨ ᠡᠮᠡᠭᠡᠯ ᠢᠶᠠᠨ ᠪᠥᠬᠦ ᠤᠯᠤᠰ ᠤᠨ ᠡᠯ᠎ᠡ ᠭᠠᠵᠠᠷ ᠲᠤ ᠵᠠᠯᠭᠠᠪᠠᠷ ᠳᠡᠯᠭᠡᠨ ᠦᠵᠡᠭᠦᠯᠬᠦ ᠪᠠᠷ ᠲᠠᠮᠵᠢᠨ ᠣᠯᠠᠨ ᠲᠦᠮᠡᠨ ᠤ ᠪᠠᠭ᠋ᠠᠷᠬᠠᠯ ᠢ ᠬᠦᠷᠭᠡᠨ ᠂ ᠮᠠᠭᠳᠠᠭᠠᠯ ᠰᠠᠶᠢᠰᠢᠶᠠᠯ ᠢ ᠨᠢ ᠬᠦᠷᠳᠡᠨ ᠨᠡᠶᠢᠭᠡᠮ ᠨᠡᠶᠢᠲᠡ ᠳᠤ ᠮᠠᠰᠢ ᠰᠠᠶᠢᠨ ᠨᠦᠯᠦᠭᠡ ᠲᠤᠰᠬᠠᠯ ᠭᠠᠷᠤᠭᠰᠠᠨ ᠶᠤᠮ ᠃ ᠲᠡᠭᠦᠨ ᠤ ᠵᠤᠬᠢᠶᠠᠨ ᠦᠢᠯᠡᠳᠦᠭᠰᠡᠨ ᠮᠣᠷᠢᠨ ᠡᠮᠡᠭᠡᠯ ᠢ ᠨᠢ ᠪᠡᠭᠡᠵᠢᠩ ᠤᠨ ᠮᠣᠷᠢᠨ ᠮᠡᠷᠭᠡᠵᠢᠯ ᠤᠨ ᠨᠡᠶᠢᠭᠡᠮᠯᠢᠭ᠂ ᠭᠤᠸᠠᠩᠵᠸᠦ ᠬᠤᠲᠠ ᠶᠢᠨ ᠮᠣᠷᠢᠨ ᠮᠡᠷᠭᠡᠵᠢᠯ ᠤᠨ ᠺᠯᠦ᠋ᠪ᠂ ᠱᠧᠨ᠋ᠵᠧᠨ ᠤ ᠮᠣᠷᠢᠨ ᠮᠡᠷᠭᠡᠵᠢᠯ ᠤᠨ ᠺᠯᠦ᠋ᠪ ᠨᠢ ᠬᠤᠷᠢᠶᠠᠨ ᠬᠠᠳᠠᠭᠠᠯᠠᠵᠤ ᠪᠠᠶᠢᠬᠤ ᠪᠦᠭᠡᠳ ᠲᠤᠩ ᠤᠯᠠᠨ ᠮᠣᠷᠢᠨ ᠡᠳ᠋ᠯᠡᠯ ᠬᠡᠷᠡᠭᠰᠡᠯ ᠳᠤ ᠳᠤᠷ᠎ᠠ ᠪᠠᠭ᠋ᠠᠳᠠᠢ ᠬᠥᠮᠦᠰ ᠴᠤᠭᠯᠠᠭᠤᠯᠤᠨ ᠬᠠᠳᠠᠭᠠᠯᠠᠵᠣ ᠪᠠᠶᠢᠨ᠎ᠠ᠃   ᠲᠣᠭᠳᠠᠨᠪᠠᠶᠠᠷ᠂ 2008ᠣᠨ ᠳᠤ᠂ ᠱᠠᠩᠬᠠᠢ ᠶᠢᠨ ᠳᠡᠯᠡᠬᠡᠢ ᠶᠢᠨ ᠦᠵᠡᠰᠭᠦᠯᠡᠩ ᠤᠨ ᠦᠪᠦᠷ ᠮᠤᠩᠭᠤᠯ ᠤᠨ ᠣᠷᠳᠤᠨ ᠳᠠᠬᠢ ᠤᠯᠠᠮᠵᠢᠯᠠᠯᠲᠤ ᠭᠠᠷ ᠤᠷᠠᠯᠠᠯ ᠤᠨ ᠲᠡᠯᠭᠡᠨ ᠦᠵᠡᠭᠦᠯᠦᠯᠭᠡ ᠳᠤ ᠣᠷᠤᠯᠴᠠᠭᠰᠠᠨ ᠪᠦᠭᠡᠳ 2012 ᠣᠨ ᠳᠤ ᠰᠣᠶᠤᠯ ᠤᠨ ᠶᠠᠮᠤᠨ ᠠᠴᠠ ᠡᠷᠬᠢᠯᠡᠨ ᠵᠤᠬᠢᠶᠠᠨ ᠪᠠᠶᠢᠭᠤᠯᠤᠭᠰᠠᠨ ᠳᠤᠮᠳᠠᠳᠤ ᠤᠯᠤᠰ ︵ᠬᠤᠸᠠᠩ ᠱᠠᠨ︶ ᠤᠨ ᠪᠤᠳᠠᠰ ᠤᠨ ᠪᠣᠰᠤ ᠰᠣᠶᠤᠯ ᠤᠨ ᠥᠪ ᠤᠨ ᠶᠡᠭᠡ ᠳᠡᠯᠭᠡᠴᠡ ᠳᠤ ᠣᠷᠤᠯᠴᠠᠵᠣ᠂ ᠲᠡᠭᠦᠨ ᠤ ᠬᠢᠵᠦ ᠪᠦᠲᠦᠭᠡᠭᠰᠡᠨ ᠮᠣᠩᠭᠤᠯ ᠦᠨᠳᠦᠰᠦᠳᠡᠨ ᠤ ᠮᠣᠷᠢᠨ ᠡᠮᠡᠭᠡᠯ ᠨᠢ ᠠᠯᠲᠠᠨ ᠮᠧᠲ᠋ᠠᠯ ᠢ ᠲᠤᠰᠤᠭᠰᠠᠨ ᠪᠠᠶᠢᠨ᠎ᠠ᠃ 2013 ᠣᠨ ᠳᠤ᠂ ᠮᠦᠨ ᠲᠡᠭᠦᠨ ᠤ ᠦᠢᠯᠡᠳᠦᠨ ᠪᠦᠲᠦᠭᠡᠭᠰᠡᠨ ᠮᠣᠩᠭᠤᠯ ᠦᠨᠳᠦᠰᠦᠳᠡᠨ ᠤ ᠮᠣᠷᠢᠨ ᠡᠮᠡᠭᠡᠯ ᠨᠢ ᠳᠥᠷᠪᠡᠳᠦᠭᠡᠷ ᠬᠤᠭᠤᠴᠠᠭᠠᠨ ᠤ ᠵᠡᠭᠦᠨ ᠬᠤᠶᠢᠳᠤ ᠣᠷᠤᠨ ᠤ ᠰᠣᠶᠤᠯ ᠤᠨ ᠦᠵᠡᠰᠭᠦᠯᠡᠩ ᠳᠤ ᠣᠷᠤᠯᠴᠠᠨ᠂ ᠡᠯ᠎ᠡ ᠡᠳᠡᠬᠡᠳ ᠤᠨ ᠰᠠᠶᠢᠨ ᠦᠨᠡᠯᠡᠯᠲᠡ ᠶᠢ ᠬᠦᠷᠳᠡᠪᠡ᠃ ᠨᠡᠩ ᠪᠠᠶᠠᠷᠯᠠᠭᠤᠰᠢᠲᠠᠢ ᠨᠢ ᠲᠣᠭᠳᠠᠨᠪᠠᠶᠠᠷ ᠨᠠᠰᠤᠳᠠᠨ ᠤ ᠴᠢᠷᠮᠠᠶᠢᠯᠭ᠎ᠠ ᠪᠠᠷ᠂ ᠬᠤᠷᠴᠢᠨ ᠵᠡᠭᠦᠨ ᠭᠠᠷᠤᠨ ᠬᠤᠶᠢᠳᠤ ᠬᠤᠰᠢᠭᠤᠨ ᠤ ᠮᠣᠷᠢᠨ ᠡᠳ᠋ᠯᠡᠯ ᠤᠨ ᠨᠡᠶᠢᠭᠡᠮᠯᠢᠭ 2015 ᠣᠨ ᠤ 6 ᠰᠠᠷ᠎ᠠ ᠳᠤ ᠪᠠᠶᠢᠭᠤᠯᠤᠭᠳᠠᠯ᠎ᠠ᠃ ᠡᠨᠡ ᠨᠢ ᠴᠦ ᠮᠣᠷᠢᠨ ᠡᠳ᠋ᠯᠡᠯ ᠤᠨ ᠰᠣᠶᠤᠯ ᠦᠶ᠎ᠡ ᠶᠢᠨ ᠦᠶ᠎ᠡ ᠶᠢᠨ ᠤᠷᠠᠴᠤᠤᠯ ᠤᠨ ᠴᠢᠷᠮᠠᠶᠢᠯᠭ᠎ᠠ ᠪᠠᠷ ᠵᠢᠩᠬᠢᠨᠢ ᠦᠨᠡᠳᠦ ᠰᠤᠶᠤᠯ ᠤᠨ ᠥᠪ ᠬᠦᠷᠦᠩᠭᠡ ᠪᠣᠯᠣᠨ ᠤᠯᠠᠮᠵᠢᠯᠠᠭᠳᠠᠵᠣ ᠪᠠᠶᠢᠭ᠎ᠠ ᠶᠢ ᠬᠠᠷᠠᠭᠤᠯᠵᠤ ᠪᠠᠶᠢᠭ᠎ᠠ ᠶᠤᠮ᠃
 
ᠢᠷᠡᠯᠲᠡ᠄ ᠦᠪᠦᠷ ᠮᠤᠩᠭᠤᠯ ᠤᠨ ᠪᠤᠳᠠᠰ ᠤᠨ ᠪᠤᠰᠤ ᠪᠠ ᠪᠤᠳᠠᠰ ᠤᠨ ᠰᠤᠶᠤᠯ ᠤᠨ ᠦᠪ ᠤᠨ ᠴᠤᠪᠤᠷᠠᠯ ᠪᠢᠴᠢᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号