ᠵᠢᠯ ᠤᠷᠤᠭᠤᠯᠬᠤ ᠵᠠᠩᠰᠢᠯ
ᠨᠡᠶᠢᠲᠡᠯᠡᠭᠰᠡᠨ ᠴᠠᠭ᠄
2024/2/29
   ᠵᠢᠯ ᠤᠷᠤᠬᠤ ᠭᠡᠳᠡᠭ ᠪᠤᠯ ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠮᠤᠩᠭᠤᠯᠴᠤᠳ ᠤᠨ ᠬᠦᠨᠳᠦᠳᠭᠡᠨ ᠦᠵᠡᠳᠡᠭ ᠮᠠᠰᠢ ᠴᠢᠬᠤᠯᠠ ᠨᠢᠭᠡ ᠶᠠᠪᠤᠳᠠᠯ ᠪᠤᠯᠤᠨ᠎ᠠ᠃    ᠡᠨᠡ ᠨᠢ ᠬᠤᠯᠤᠭᠠᠨ᠎ᠠ᠂ ᠦᠬᠡᠷ᠂ ᠪᠠᠷᠰ᠂ ᠲᠠᠤᠯᠠᠢ᠂ ᠯᠤᠤ᠂ ᠮᠤᠭᠠᠢ᠂ ᠮᠤᠷᠢ᠂ ᠬᠤᠨᠢ᠂ ᠪᠡᠴᠢ᠂ ᠲᠠᠬᠢᠶ᠎ᠠ᠂ ᠨᠤᠬᠠᠢ᠂ ᠭᠠᠭ᠋ᠠᠢ ᠭᠡᠵᠤ ᠠᠯᠢ ᠡᠰᠢ ᠡᠷᠬᠡᠳᠡᠨ ᠳᠤ ᠲᠤᠬᠢᠶ᠋ᠯᠳᠤᠨ ᠲᠦᠷᠦᠭᠰᠡᠨ ᠪᠤᠯ ᠲᠡᠷᠡ ᠵᠢᠯ ᠲᠡᠭᠡᠷ᠎ᠡ ᠪᠠᠨ ᠬᠦᠷᠴᠦ ᠢᠷᠡᠪᠡᠯ ᠵᠢᠯ ᠤᠷᠤᠬᠤ ᠭᠡᠳᠡᠭ᠃ ᠡᠶᠢᠮᠦ ᠠᠴᠠ ᠡᠨᠡ ᠨᠢ ᠠᠷᠪᠠᠨ ᠬᠤᠶᠠᠷ ᠵᠢᠯ ᠢᠶᠠᠷ ᠡᠭᠡᠯᠵᠢᠯᠡᠳᠡᠭ ᠲᠤᠯᠠ ᠬᠦᠮᠦᠰ ᠠᠷᠪᠠᠨ ᠭᠤᠷᠪᠠ᠂ ᠬᠤᠷᠢᠨ ᠲᠠᠪᠤ᠂ ᠭᠤᠴᠢᠨ ᠲᠤᠯᠤᠭ᠎ᠠ᠂ ᠲᠦᠴᠢ ᠶᠢᠰᠦ᠂ ᠵᠢᠷᠠᠨ ᠨᠢᠭᠡ᠂ ᠲᠠᠯᠠᠨ ᠭᠤᠷᠪᠠ᠂ ᠨᠠᠶᠠᠨ ᠲᠠᠪᠤ᠂ ᠶᠢᠷᠠᠨ ᠲᠤᠯᠤᠭᠠᠨ ᠨᠠᠰᠤᠨ ᠳᠤ ᠲᠤᠬᠢᠶᠠᠯᠳᠤᠳᠠᠭ᠃ ᠡᠶᠢᠮᠦ ᠵᠢᠯ ᠤᠨ ᠪᠠᠶᠢᠳᠠᠯ ᠢᠶᠠᠷ ᠦᠵᠡᠵᠦ ᠲᠦᠷᠦᠯ ᠰᠠᠳᠤᠨ᠂ ᠠᠶᠢᠯ ᠠᠶᠢᠮᠠᠭ᠂ ᠨᠠᠶᠢᠵᠠ ᠨᠦᠬᠦᠳ ᠨᠢ ᠢᠷᠡᠵᠦ ᠵᠢᠯ ᠤᠷᠤᠭᠤᠯᠳᠠᠭ᠃    ᠵᠢᠯ ᠤᠷᠤᠭᠰᠠᠨ ᠬᠦᠮᠦᠨ ᠨᠢ ᠤᠯᠠᠭᠠᠨ ᠪᠦᠰᠡ ᠪᠦᠰᠡᠯᠡᠵᠦ ᠵᠢᠯ ᠤᠷᠤᠵᠤ ᠪᠠᠶᠢᠭ᠎ᠠ ᠪᠠᠨ ᠪᠡᠯᠭᠡᠯᠡᠨ᠎ᠡ᠃ ᠵᠢᠯ ᠤᠷᠤᠭᠤᠯᠬᠤ ᠬᠦᠮᠦᠨ ᠨᠢ ᠵᠢᠯ ᠤᠷᠤᠭᠤᠯᠬᠤ ᠪᠠᠷ ᠠᠪᠴᠢᠷᠠᠭᠰᠠᠨ ᠡᠳ᠋ ᠪᠤᠳᠠᠰ ᠤᠨ ᠪᠠᠭᠯᠠᠭ᠎ᠠ ᠪᠠᠨ ᠤᠯᠠᠭᠠᠨ ᠴᠠᠭᠠᠰᠤ ᠪᠠᠷ ᠭᠠᠳᠠᠷᠯᠠᠵᠤ᠂ ᠴᠠᠭᠠᠨ ᠠᠮᠠᠨ ᠬᠠᠳᠠᠭ ᠢᠶᠠᠨ ᠭᠤᠷᠪᠠᠯᠵᠢᠯᠠᠨ ᠨᠤᠭᠤᠯᠵᠤ᠂ ᠬᠠᠳᠠᠭ ᠢᠶᠠᠨ ᠡᠪᠦᠳᠦᠭ ᠲᠡᠭᠡᠷ᠎ᠡ ᠨᠢ ᠬᠠᠳᠠᠭ ᠤᠨ ᠡᠩ ᠢᠶᠠᠨ ᠡᠩᠭᠡᠷ ᠡᠰᠡᠷᠬᠦ ᠨᠢ ᠲᠠᠯᠪᠢᠵᠤ᠂ ᠲᠡᠬᠦᠨ ᠤ ᠦᠭᠡᠳᠡ ᠡᠰᠡᠷᠡᠭ ᠪᠠᠶᠢᠬᠤ ᠶᠢ ᠪᠡᠯᠭᠡᠳᠡᠨ᠂ ᠠᠪᠴᠢᠷᠠᠭᠰᠠᠨ ᠪᠤᠳᠠᠰ ᠢᠶᠠᠨ ᠡᠮᠦᠨ᠎ᠡ ᠨᠢ ᠲᠠᠯᠪᠢᠵᠤ᠂ ᠲᠠᠭᠤᠳᠠᠯᠭ᠎ᠠ ᠪᠠᠨ ᠬᠡᠯᠡᠵᠦ᠂ ︽XXX ᠵᠢᠯ ᠤᠷᠤᠭᠤᠯᠵᠤ ᠪᠠᠶᠢᠨ᠎ᠠ︾ ᠭᠡᠵᠤ ᠭᠤᠷᠪᠠ ᠮᠦᠷᠭᠦᠭᠡᠳ ᠪᠤᠰᠤᠨ᠎ᠠ᠃ ᠡᠬᠦᠨ ᠳᠤ ᠢᠷᠦᠭᠡᠯ ᠬᠠᠶᠢᠷᠠᠯᠠᠬᠤ ᠦᠭᠡᠢ᠂ ᠤᠴᠢᠷ ᠨᠢ ᠡᠨᠡ ᠨᠢ ᠰᠢᠨ᠎ᠡ ᠶᠢᠨ ᠵᠤᠯᠭᠠᠯᠳᠠ ᠪᠢᠰᠢ᠃ ᠰᠢᠨ᠎ᠡ ᠶᠢᠨ ᠵᠤᠯᠭᠠᠯᠳᠠ ᠪᠠᠷ ᠮᠦᠷᠬᠦᠬᠦ ᠳᠡᠭᠡᠨ ᠵᠢᠯ ᠤᠷᠤᠭᠤᠯᠬᠤ ᠶᠢ ᠲᠠᠪᠬᠤᠷᠯᠠᠨ ᠭᠦᠢᠴᠡᠳᠭᠡᠵᠦ ᠪᠤᠯᠬᠤ ᠦᠭᠡᠢ᠃     ᠵᠢᠯ ᠤᠨ ᠬᠤᠪᠢᠶᠠᠷᠢ     ᠵᠢᠯ ᠢ ᠨᠠᠰᠤ ᠪᠠᠷ ᠨᠢ ᠦᠵᠡᠵᠦ ᠠᠷᠪᠠᠨ ᠭᠤᠷᠪᠠ᠂ ᠬᠤᠷᠢᠨ ᠲᠠᠪᠤ᠂ ᠭᠤᠴᠢᠨ ᠲᠤᠯᠤᠭ᠎ᠠ ᠶᠢ ᠪᠠᠭ᠎ᠠ ᠵᠢᠯ ᠭᠡᠵᠤ ᠂ ᠲᠦᠴᠢ ᠶᠢᠰᠦ ᠶᠢ ᠲᠤᠮᠳᠠ ᠵᠢᠯ ᠭᠡᠵᠤ᠂ ᠵᠢᠷᠡᠨ ᠨᠢᠭᠡ᠂ ᠲᠠᠯᠠᠨ ᠭᠤᠷᠪᠠ᠂ ᠨᠠᠶᠠᠨ ᠲᠠᠪᠤ᠂ ᠶᠢᠷᠡᠨ ᠲᠤᠯᠤᠭ᠎ᠠ ᠶᠢ ᠦᠨᠳᠦᠷ ᠵᠢᠯ ᠭᠡᠨ᠎ᠡ᠃ ᠦᠨᠳᠦᠷ ᠵᠢᠯ ᠤᠷᠤᠭᠰᠠᠨ ᠬᠦᠮᠦᠨ ᠵᠢᠯ ᠤᠨ ᠪᠠᠶᠠᠷ ᠬᠢᠵᠦ᠂ ᠵᠢᠯ ᠤᠷᠤᠭᠤᠯᠤᠭᠰᠠᠨ ᠬᠦᠮᠦᠰ ᠪᠠ ᠲᠦᠷᠦᠯ ᠰᠠᠳᠤᠨ᠂ ᠨᠠᠶᠢᠵᠠ ᠨᠦᠬᠦᠳ ᠢᠶᠠᠨ ᠵᠠᠯᠠᠵᠤ ᠵᠤᠴᠢᠯᠠᠳᠠᠭ᠃     ᠵᠢᠯ ᠤᠨ ᠦᠩᠭᠡ ᠪᠠᠷ ᠨᠢ ᠡᠩ ᠤᠨ ᠵᠢᠯ᠂ ᠠᠯᠳᠠᠨ ᠵᠢᠯ ᠭᠡᠵᠤ ᠬᠤᠶᠠᠷ ᠬᠤᠪᠢᠶᠠᠳᠠᠭ᠃ ᠬᠦᠬᠡ ᠬᠦᠬᠡᠭᠴᠢᠨ ᠵᠢᠯ ᠳᠤ ᠲᠤᠬᠢᠶᠠᠯᠳᠤᠬᠤ ᠶᠢ ᠠᠯᠳᠠᠨ ᠵᠢᠯ ᠭᠡᠵᠤ᠂ ᠤᠯᠠᠭᠠᠨ ᠤᠯᠠᠭᠴᠢᠨ᠂ ᠰᠢᠷ᠎ᠡ ᠰᠢᠷᠠᠭᠴᠢᠨ᠂ ᠴᠠᠭᠠᠨ ᠴᠠᠭᠠᠭᠴᠢᠨ᠂ ᠬᠠᠷ᠎ᠠ ᠬᠠᠷᠠᠭᠴᠢᠨ ᠵᠢᠯ ᠳᠤ ᠲᠤᠬᠢᠶᠠᠯᠳᠤᠬᠤ ᠶᠢ ᠡᠩ ᠤᠨ ᠵᠢᠯ ᠭᠡᠳᠡᠭ᠃     ᠵᠠᠷᠢᠮ ᠬᠦᠮᠦᠨ ᠤ ᠨᠢᠭᠡ ᠨᠠᠰᠤᠨ ᠳᠤ ᠠᠯᠳᠠᠨ ᠵᠢᠯ ᠬᠤᠶᠠᠷ ᠤᠳᠠᠭ᠎ᠠ ᠲᠤᠬᠢᠶᠠᠯᠳᠤᠳᠠᠭ᠂ ᠵᠠᠷᠢᠮ ᠬᠦᠮᠦᠨ ᠳᠤ ᠭᠠᠭᠴᠠᠬᠠᠨ ᠤᠳᠠᠭ᠎ᠠ ᠲᠤᠬᠢᠶᠠᠯᠳᠤᠳᠠᠭ ᠪᠠᠶᠢᠨ᠎ᠠ᠃ ᠤᠴᠢᠷ ᠨᠢ ᠵᠢᠷᠡᠨ ᠵᠢᠯ ᠠᠯᠤᠰᠯᠠᠭᠠᠳ ᠰᠠᠶ᠋ᠢ ᠨᠢᠭᠡ ᠡᠭᠡᠯᠵᠢᠯᠡᠳᠡᠭ᠃     ᠬᠠᠷ᠎ᠠ ᠬᠠᠷᠠᠭᠴᠢᠨ ᠵᠢᠯ ᠳᠤ ᠲᠦᠷᠦᠭᠰᠡᠨ ᠬᠦᠮᠦᠨ ᠠᠷᠪᠠᠨ ᠭᠤᠷᠪᠠ᠂ ᠲᠠᠯᠠᠨ ᠭᠤᠷᠪᠠᠨ ᠨᠠᠰᠤᠨ ᠳᠠᠭᠠᠨ ᠠᠯᠳᠠᠨ ᠵᠢᠯ ᠲᠤᠬᠢᠶᠠᠯᠳᠤᠳᠠᠭ᠃ ᠴᠠᠭᠠᠨ ᠴᠠᠭᠠᠭᠴᠢᠨ ᠵᠢᠯ ᠳᠤ ᠲᠤᠬᠢᠶᠠᠯᠳᠤᠨ ᠲᠦᠷᠦᠭᠰᠡᠨ ᠬᠦᠮᠦᠨ ᠬᠤᠷᠢᠨ ᠲᠠᠪᠤ᠂ ᠨᠠᠶᠠᠨ ᠲᠠᠪᠤᠨ ᠨᠠᠰᠤᠨ ᠳᠠᠭᠠᠨ ᠲᠤᠬᠢᠶᠠᠯᠳᠤᠳᠠᠭ᠃ ᠰᠢᠷ᠎ᠠ ᠰᠢᠷᠠᠭᠴᠢᠨ ᠵᠢᠯ ᠳᠤ ᠲᠤᠬᠢᠶᠠᠯᠳᠤᠨ ᠲᠦᠷᠦᠭᠰᠡᠨ ᠬᠦᠮᠦᠨ ᠭᠤᠴᠢᠨ ᠲᠤᠯᠤᠭᠠᠨ ᠨᠠᠰᠤᠨ ᠳᠠᠭᠠᠨ ᠠᠯᠳᠠᠨ ᠵᠢᠯ ᠲᠤᠬᠢᠶᠠᠯᠳᠤᠳᠠᠭ᠃ ᠤᠯᠠᠭᠠᠨ ᠤᠯᠠᠭᠴᠢᠨ ᠵᠢᠯ ᠳᠤ ᠲᠤᠬᠢᠶᠠᠯᠳᠤᠨ ᠲᠦᠷᠦᠭᠰᠡᠨ ᠬᠦᠮᠦᠨ ᠲᠦᠴᠢ ᠶᠢᠰᠦᠨ ᠨᠠᠰᠤᠨ ᠳᠠᠭᠠᠨ ᠠᠯᠳᠠᠨ ᠵᠢᠯ ᠲᠤᠬᠢᠶᠠᠯᠳᠤᠨ᠂ ᠬᠦᠬᠡ ᠬᠦᠬᠡᠭᠴᠢᠨ ᠵᠢᠯ ᠳᠤ ᠲᠦᠷᠦᠭᠰᠡᠨ ᠬᠦᠮᠦᠨ ᠵᠢᠷᠡᠨ ᠨᠢᠭᠡᠨ ᠨᠠᠰᠤᠨ ᠳᠠᠭᠠᠨ ᠠᠯᠳᠠᠨ ᠵᠢᠯ ᠲᠤᠬᠢᠶᠠᠯᠳᠤᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号