ᠤᠯᠠᠮᠵᠢᠯᠠᠯᠳᠤ ᠲᠠᠭᠤᠤᠷᠢᠯᠢᠭ — — ᠬᠤᠯᠪᠤᠭ᠎ᠠ
ᠨᠡᠶᠢᠲᠡᠯᠡᠭᠰᠡᠨ ᠴᠠᠭ᠄
2024/3/12
   ᠬᠤᠯᠪᠤᠭ᠎ᠠ ᠭᠡᠳᠡᠭ ᠨᠢ ᠬᠤᠯᠪᠤᠨ ᠭᠡᠯᠡᠬᠦ ᠭᠡᠰᠡᠨ ᠤᠳᠬ᠎ᠠ ᠲᠠᠢ᠂ ᠮᠤᠩᠭᠤᠯᠴᠤᠳ ᠤᠨ ᠤᠷᠠᠯᠢᠭ ᠤᠨ ᠲᠦᠷᠦᠯ ᠵᠦᠢᠯ ᠤᠨ ᠨᠢᠭᠡ ᠪᠤᠯᠤᠨ᠎ᠠ᠃ ᠲᠡᠦᠭᠡ ᠶᠢᠨ ᠲᠠᠮᠳᠡᠭᠯᠡᠯ ᠢ ᠦᠨᠳᠦᠰᠦᠯᠡᠪᠡᠯ᠂ ᠠᠷᠪᠠᠨ ᠬᠤᠶᠠᠳᠤᠭᠠᠷ ᠵᠠᠭᠤᠨ ᠤ ᠡᠬᠢᠨ  ᠳᠤ ᠪᠦᠷᠢᠨ ᠲᠦᠬᠦᠷ ᠬᠤᠯᠪᠤᠭ᠎ᠠ ᠶᠢᠨ ᠲᠦᠷᠦᠯ ᠵᠦᠢᠯ ᠪᠦᠷᠢᠯᠳᠦᠯ᠎ᠡ ᠭᠡᠵᠦ ᠪᠠᠶᠢᠨ᠎ᠠ᠃ ᠲᠡᠭᠡᠪᠡᠯ ᠨᠢᠭᠡᠨᠳᠡ ᠮᠢᠩᠭ᠎ᠠ ᠰᠢᠬᠠᠮ ᠵᠢᠯ ᠤᠨ ᠲᠡᠦᠭᠡ ᠲᠠᠢ ᠪᠤᠯᠵᠠᠢ᠃ ᠲᠠᠷᠬᠠᠢ ᠪᠤᠳᠠᠷᠬᠠᠢ ᠮᠠᠯᠵᠢᠯ ᠠᠮᠢᠳᠤᠷᠠᠯ ᠤᠨ ᠭᠡᠯᠪᠡᠷᠢ ᠨᠢ《 ᠭᠠᠭᠴᠠ ᠬᠦᠮᠦᠨ᠂ ᠭᠠᠭᠴᠠ ᠬᠦᠭᠵᠢᠮᠳᠡᠬᠦᠷ ᠢᠶᠠᠷ ᠨᠢᠭᠡ ᠲᠠᠯᠠᠪᠠᠢ ᠲᠤᠭᠯᠠᠯᠳᠠ ᠭᠠᠷᠭᠠᠴᠢᠬᠠᠳᠠᠭ》 ᠬᠤᠯᠪᠤᠭ᠎ᠠ ᠤᠷᠠᠯᠢᠭ ᠢ ᠪᠦᠳᠦᠭᠡᠭᠰᠡᠨ ᠪᠠᠶᠢᠨ᠎ᠠ᠃ ᠲᠡᠷᠡ ᠨᠢ ᠦᠯᠢᠭᠡᠷ᠂ ᠦᠯᠢᠭᠡᠷᠳᠦ ᠠᠷᠠᠳ ᠤᠨ ᠲᠠᠭᠤᠤ ᠲᠠᠢ ᠢᠬᠢᠷ᠎ᠡ ᠲᠦᠷᠦᠭᠰᠡᠨ ᠡᠭᠡᠴᠢ ᠲᠡᠬᠦᠦ ᠤᠷᠠᠯᠢᠭ᠂ ᠭᠡᠴᠢᠨᠡᠨ ᠵᠠᠭᠤᠨ ᠵᠢᠯ ᠤᠨ ᠲᠤᠷᠰᠢ ᠮᠤᠩᠭᠤᠯᠴᠤᠳ ᠤᠨ ᠬᠠᠶᠢᠷ᠎ᠠ ᠪᠠᠭ᠋ᠠᠷᠬᠠᠯ ᠢ ᠤᠯᠤᠭᠰᠠᠭᠠᠷ ᠢᠷᠡᠭᠰᠡᠨ ᠶᠤᠮ᠃    ᠬᠤᠯᠪᠤᠭ᠎ᠠ ᠶᠢᠨ ᠦᠭᠡ ᠨᠢ ᠤᠯᠠᠩᠬᠢ ᠳᠤ ᠪᠠᠨ ᠲᠦᠷᠪᠡᠨ ᠮᠦᠷ ᠢᠶᠠᠷ ᠪᠠᠳᠠᠭᠯᠠᠵᠤ᠂ ᠲᠤᠯᠤᠭᠠᠢ ᠬᠤᠯᠪᠤᠬᠤ᠂ ᠪᠦᠰᠡ ᠬᠤᠯᠪᠤᠬᠤ᠂ ᠰᠡᠬᠦᠯ ᠲᠠᠷᠤᠬᠤ ᠤᠨᠴᠠᠯᠢᠭ ᠲᠠᠢ᠃ ᠠᠭᠤᠯᠭ᠎ᠠ ᠪᠠᠨ ᠦᠨᠳᠦᠰᠦᠯᠡᠨ ᠪᠠᠳᠠᠭ ᠤᠨ ᠲᠤᠭ᠎ᠠ ᠪᠠᠨ ᠴᠢᠯᠦᠭᠡᠳᠡᠢ ᠲᠤᠭᠳᠠᠭᠠᠵᠤ ᠪᠤᠯᠳᠠᠭ᠃ ᠠᠷᠠᠳ ᠤᠨ ᠲᠠᠭᠤᠤ᠂ ᠰᠢᠯᠦᠭ ᠲᠠᠭᠤᠯᠠᠯ᠂ ᠬᠦᠨ ᠤᠬᠠᠭᠠᠯᠢᠭ ᠰᠡᠴᠡᠨ ᠦᠭᠡ᠂ ᠠᠮᠠᠨ ᠦᠯᠢᠭᠡᠷ᠂ ᠲᠤᠮᠤᠭ ᠦᠯᠢᠭᠡᠷ᠂ ᠰᠤᠶᠤᠯ ᠤᠨ ᠮᠡᠳᠡᠯᠭᠡ᠂ ᠪᠠᠶᠢᠭᠠᠯᠢ ᠶᠢᠨ ᠮᠡᠳᠡᠯᠭᠡ᠂ ᠠᠷᠠᠳ ᠤᠨ ᠵᠠᠩ ᠵᠠᠩᠰᠢᠯ ᠵᠡᠷᠭᠡ ᠶᠢ ᠪᠦᠷ ᠰᠢᠯᠦᠭᠯᠡᠵᠦ ᠪᠤᠯᠳᠠᠭ ᠠᠭᠤᠯᠭ᠎ᠠ ᠪᠠᠶᠠᠯᠢᠭ ᠤᠷᠠᠯᠢᠭ ᠪᠤᠯᠬᠤ ᠶᠤᠮ᠃ ᠬᠤᠯᠪᠤᠭ᠎ᠠ ᠶᠢᠨ ᠭᠡᠯᠡᠬᠦ ᠠᠶ᠎ᠠ ᠬᠤᠪᠢᠷᠠᠯᠳᠠ ᠶᠡᠭᠡᠳᠡᠢ᠂ ᠴᠤᠬᠢᠯᠭ᠎ᠠ ᠴᠤᠪᠤᠭᠤᠯᠢᠭ᠃ ᠡᠷᠳᠡᠨ ᠤ ᠶᠠᠪᠠᠭᠠᠨ ᠬᠤᠯᠪᠤᠭ᠎ᠠ ᠠᠴᠠ ᠲᠦᠷᠪᠡᠨ ᠤᠳᠠᠰᠤᠳᠤ ᠬᠤᠭᠤᠷ ᠢᠶᠠᠷ ᠬᠠᠪᠰᠤᠷᠭᠠᠬᠤ᠂ ᠦᠪᠡᠷ ᠢᠶᠠᠨ ᠬᠤᠭᠤᠷᠳᠠᠵᠤ ᠦᠪᠡᠷ ᠢᠶᠠᠨ ᠭᠡᠯᠡᠬᠦ ᠠᠴᠠ ᠶᠡᠷᠦᠩᠭᠡᠶᠢᠯᠡᠭᠰᠡᠨ ᠰᠢᠨᠵᠢ ᠲᠠᠢ ᠬᠦᠭᠵᠢᠮ ᠤᠨ ᠠᠩᠬᠢ ᠶᠢᠨ ᠬᠠᠪᠰᠤᠷᠤᠯᠭ᠎ᠠ ᠲᠠᠢ ᠪᠤᠯᠵᠤ ᠬᠦᠭᠵᠢᠵᠦ ᠢᠷᠡᠪᠡ᠃ ᠭᠠᠭᠴᠠᠭᠠᠷ ᠭᠡᠯᠡᠬᠦ ︽ᠲᠠᠩᠬᠠᠢ ᠬᠤᠯᠪᠤᠭ᠎ᠠ︾᠂ ᠬᠤᠤᠰ ᠢᠶᠠᠷ ᠭᠡᠯᠡᠳᠡᠭ ︽ᠲᠠᠭᠠᠷᠢᠯᠴᠠᠭ᠎ᠠ ᠬᠤᠯᠪᠤᠭ᠎ᠠ︾᠂ ᠤᠯᠠᠭᠤᠯᠠ ᠭᠡᠯᠡᠳᠡᠭ ︽ᠡᠯᠬᠦᠭᠡ ᠬᠤᠯᠪᠤᠭ᠎ᠠ》 ᠵᠡᠷᠭᠡ ᠲᠤᠭᠯᠠᠯᠳᠠ ᠶᠢᠨ ᠭᠡᠯᠪᠡᠷᠢ ᠲᠠᠢ᠃ ᠴᠢᠯᠦᠭᠡᠳᠡᠢ ᠲᠤᠭᠠᠴᠢᠯᠳᠠ᠂ ᠨᠠᠷᠢᠯᠢᠭ ᠲᠦᠷᠰᠦᠯᠡᠯ᠂ ᠠᠮᠢᠳᠤᠯᠢᠭ ᠵᠢᠷᠤᠭᠯᠠᠯ᠂ ᠡᠯᠪᠡᠭ ᠲᠦᠷᠰᠦᠯᠡᠨ ᠪᠤᠳᠤᠯᠳᠠ᠂ ᠲᠤᠬᠢᠷᠠᠮᠵᠢᠳᠠᠢ ᠵᠦᠢᠷᠯᠡᠯ᠂ ᠬᠦᠨᠵᠡᠭᠡᠢ ᠶᠤᠭᠳᠠᠯᠠᠯ ᠪᠦᠬᠦᠢ ᠤᠷᠢᠳᠠᠬᠢ ᠬᠦᠮᠦᠰ ᠤᠨ ᠤᠷᠳᠤ ᠤᠳᠠᠭᠠᠨ ᠲᠡᠦᠭᠡ ᠶᠢᠨ ᠶᠠᠪᠤᠴᠠ ᠳᠤ ᠡᠬᠦᠳᠦᠨ ᠪᠦᠳᠦᠭᠡᠭᠰᠡᠨ ᠡᠷᠬᠢᠮ ᠨᠠᠨᠳᠢᠨ ᠰᠤᠶᠤᠯ ᠤᠨ ᠦᠪ᠂ ᠤᠷᠠᠯᠢᠭ ᠤᠨ ᠲᠤᠨᠳᠠᠰᠤ ᠪᠤᠯᠬᠤ ᠶᠤᠮ᠂ ᠬᠤᠯᠪᠤᠭ᠎ᠠ  ᠪᠠᠷ ᠲᠠᠮᠵᠢᠨ ᠪᠠᠶᠢᠭᠠᠯᠢ ᠶᠢ ᠤᠶᠢᠯᠠᠭᠠᠵᠤ᠂ ᠲᠡᠦᠭᠡ ᠶᠢᠨ ᠮᠡᠳᠡᠯᠭᠡ ᠶᠢ ᠤᠯᠠᠮᠵᠢᠯᠠᠵᠤ᠂ ᠬᠠᠶᠢᠷ᠎ᠠ ᠰᠡᠳᠬᠢᠯᠭᠡ ᠪᠠᠨ ᠰᠤᠯᠢᠯᠴᠠᠵᠤ᠂ ᠠᠮᠢᠳᠤᠷᠠᠯ ᠢᠶᠠᠨ ᠮᠠᠭᠳᠠᠨ ᠲᠠᠭᠤᠯᠠᠵᠤ᠂ ᠦᠨᠳᠦᠰᠦᠳᠡᠨ ᠤ ᠬᠦᠭᠵᠢᠯ ᠲᠠᠪᠰᠢᠯᠳᠠ ᠳᠤ ᠲᠡᠦᠭᠡᠳᠦ ᠴᠢᠨᠠᠷ ᠲᠠᠢ ᠬᠤᠪᠢ ᠨᠡᠮᠡᠷᠢ ᠤᠷᠤᠭᠤᠯᠤᠭᠰᠠᠨ ᠶᠤᠮ᠃     ᠬᠤᠷᠴᠢᠨ ᠵᠡᠭᠦᠨ ᠭᠠᠷᠤᠨ ᠬᠤᠶᠢᠳᠤ ᠬᠤᠰᠢᠭᠤᠨ ᠤ ᠬᠤᠯᠪᠣᠭ᠎ᠠ ᠤᠷᠠᠯᠢᠭ ᠨᠢ ᠮᠠᠰᠢ ᠬᠥᠭᠵᠢᠯᠲᠡ ᠲᠠᠢ ᠶᠤᠮ᠃ ᠲᠤᠰ ᠬᠤᠰᠢᠭᠤᠨ ᠠᠴᠠ ᠮᠠᠰᠢ ᠤᠯᠠᠨ ᠨᠡᠷᠡᠲᠤ ᠬᠤᠯᠪᠣᠭᠠᠴᠢᠨ ᠬᠦᠮᠦᠵᠢᠭᠳᠡᠨ ᠪᠣᠶᠢᠵᠢᠵᠠᠢ᠃ ᠲᠡᠭᠡᠷ᠎ᠡ ᠵᠠᠭᠤᠨ ᠤ ᠲᠠᠪᠢ᠂ ᠵᠢᠷᠠᠭᠠᠳ ᠣᠨ ᠤ ᠦᠶ᠎ᠡ ᠳᠤ ᠲᠤᠰ ᠬᠤᠰᠢᠭᠤᠨ ᠤ ᠤᠯᠠᠭᠠᠡᠮᠦ᠋ᠴᠢᠷ ᠤᠨ ᠬᠤᠯᠪᠣᠭᠠᠴᠢᠨ ᠰᠡᠷᠭᠦᠯᠡᠩ᠂ ᠬᠤᠯᠪᠣᠭ᠎ᠠ ᠪᠠᠷ ᠢᠶᠠᠨ ᠮᠣᠩᠭᠤᠯ ᠦᠡᠳᠦᠰᠦᠳᠡᠨ ᠤ ᠤᠯᠠᠨ ᠲᠦᠮᠡᠨ ᠢᠶᠠᠨ ᠪᠠᠶᠠᠰᠬᠠᠵᠤ ᠶᠠᠪᠤᠭᠰᠠᠨ ᠪᠣᠯ ᠲᠡᠭᠡᠷ᠎ᠡ ᠵᠠᠭᠤᠨ ᠤ ᠨᠠᠶᠠ᠂ ᠶᠡᠷᠢᠭᠡᠳ ᠣᠨ ᠤ ᠦᠶ᠎ᠡ ᠳᠤ ᠬᠤᠰᠢᠭᠤᠨ ᠤ ᠤᠯᠠᠭᠠᠡᠮᠦ᠋ᠴᠢᠷ ᠤᠨ ᠬᠤᠯᠪᠣᠭᠠᠴᠢᠨ ᠬᠤᠪᠢᠰ᠂ ᠪᠣᠤ ᠬᠦᠢ ᠨᠠᠷ ᠮᠥᠨ ᠬᠤᠯᠪᠤᠭ᠎ᠠ ᠤᠷᠠᠯᠢᠭ ᠢᠶᠠᠷ ᠢᠶᠠᠨ ᠦᠭᠡᠷᠡᠴᠢᠯᠡᠯᠲᠡ ᠨᠡᠭᠡᠭᠡᠯᠲᠡ ᠶᠢᠨ ᠲᠦᠷᠤ ᠶᠢᠨ ᠪᠣᠳᠤᠯᠭ᠎ᠠ ᠪᠣᠯᠤᠨ ᠬᠤᠰᠢᠭᠤ ᠨᠣᠲᠤᠭ ᠤᠨ ᠢᠶᠠᠨ ᠬᠤᠪᠢᠷᠠᠯᠲᠠ ᠬᠦᠭᠵᠢᠯᠲᠡ ᠵᠢᠴᠢ ᠠᠷᠠᠳ ᠲᠦᠮᠡᠨ ᠤ ᠵᠢᠷᠭᠠᠯᠲᠤ ᠠᠮᠢᠳᠤᠷᠠᠯ ᠢ ᠮᠠᠭᠲᠠᠨ ᠲᠠᠭᠤᠯᠠᠵᠤ᠂ ᠨᠡᠶᠢᠭᠡᠮ ᠨᠡᠶᠢᠲᠡ ᠳᠤ ᠮᠠᠰᠢ ᠶᠡᠭᠡ ᠨᠦᠯᠦᠭᠡ ᠲᠤᠰᠬᠠᠯ ᠢᠶᠠᠨ ᠦᠵᠡᠭᠦᠯᠦᠭᠰᠡᠨ ᠶᠤᠮ᠃ ᠬᠤᠯᠪᠣᠭ᠎ᠠ ᠶᠢᠨ ᠵᠤᠬᠢᠶᠠᠨ ᠪᠦᠳᠦᠭᠡᠯᠭᠡ ᠶᠢᠨ ᠲᠠᠯ᠎ᠠ ᠪᠠᠷ ᠮᠠᠡᠳᠤᠬᠤ᠂ ᠬᠤᠪᠢᠰ᠂ ᠪᠣᠤ ᠬᠦᠢ᠂ ᠵᠦᠩᠨᠡᠢ᠂ ᠵᠢᠷᠦᠭᠡ᠂ ᠬᠠᠶᠢᠴᠢᠩ ᠰᠢᠪᠠᠭᠤ ᠨᠠᠷ ᠮᠠᠰᠢ ᠠᠯᠳᠠᠷᠳᠠᠢ ᠶᠤᠮ᠃ 2008 ᠣᠨ ᠳᠤ᠂ ᠬᠤᠰᠢᠭᠤᠨ ᠤ ᠰᠤᠶᠤᠯ ᠤᠨ ᠭᠡᠷ ᠤᠨ ᠨᠠᠶᠢᠳᠠᠯᠭ᠎ᠠ ᠪᠠᠷ ᠮᠠᠡᠳᠤᠬᠤ《ᠬᠤᠷᠴᠢᠨ ᠵᠡᠭᠦᠨ ᠭᠠᠷᠤᠨ ᠭᠠᠷᠤᠨ ᠬᠤᠶᠢᠳᠤ ᠬᠤᠰᠢᠭᠤᠨ ᠤ ᠬᠤᠯᠪᠣᠭ᠎ᠠ ᠶᠢᠨ ᠰᠤᠩᠭᠤᠮᠠᠯ》 ᠢ ᠡᠮᠬᠢᠳᠭᠡᠨ ᠨᠠᠶᠢᠷᠠᠭᠤᠯᠵᠤ᠂ ᠦᠪᠦᠷ ᠮᠣᠩᠭᠤᠯ ᠤᠨ ᠪᠠᠭᠠᠴᠤᠳ ᠬᠡᠤᠬᠡᠳ ᠤᠨ ᠬᠡᠪᠯᠡᠯ ᠤᠨ ᠬᠤᠷᠢᠶ᠎ᠠ ᠠᠴᠠ ᠬᠡᠪᠯᠡᠭᠦᠯᠦᠨ ᠲᠠᠷᠬᠠᠭᠠᠪᠠ᠃    1992ᠣᠨ ᠳᠤ᠂ ᠮᠠᠡᠳᠤᠬᠤ ᠬᠤᠪᠢᠰ ᠤᠨ ᠵᠤᠬᠢᠶᠠᠨ ᠪᠦᠳᠦᠭᠡᠵᠦ ᠲᠤᠭᠯᠠᠭᠰᠠᠨ ᠬᠤᠯᠪᠣᠭ᠎ᠠ《 ᠬᠠᠨ ᠬᠦᠯᠦᠭ ᠤᠨ ᠮᠠᠭᠲᠠᠭᠠᠯ》 ᠨᠢ ᠤᠯᠤᠰ ᠤᠨ ᠰᠤᠶᠤᠯ ᠤᠨ ᠶᠠᠮᠤᠨ ᠤ《 ᠣᠳᠤᠨ ᠮᠡᠴᠢᠳ》 ︵ᠴᠢᠶᠦ᠋ᠨ ᠰᠢᠩ ᠱᠠᠩᠨᠠᠯ︶ ᠱᠠᠩᠨᠠᠯ ᠢ ᠬᠦᠷᠳᠡᠭᠰᠡᠨ ᠶᠤᠮ᠃ ᠰᠡᠭᠦᠯᠡᠷ ᠨᠢ ᠦᠪᠦᠷ ᠮᠣᠩᠭᠤᠯ ᠤᠨ ᠦᠪᠡᠷᠲᠡᠭᠡᠨ ᠵᠠᠰᠠᠬᠤ ᠤᠷᠤᠨ ᠤ ᠤᠷᠠᠯᠢᠭ ᠤᠨ ᠬᠠᠮᠤᠭ ᠦᠡᠳᠦᠷ ᠱᠠᠩᠨᠠᠯ — —《 ᠰᠠᠷᠠᠨ᠎ᠠ》 ᠱᠠᠩᠨᠠᠯ ᠢ ᠴᠦ ᠬᠦᠷᠳᠡᠵᠡᠢ᠃    ᠰᠢᠨ᠎ᠡ ᠡᠷᠢᠨ ᠳᠤ ᠲᠠᠪᠰᠢᠨ ᠣᠷᠤᠭᠰᠠᠨ ᠤ ᠲᠠᠷᠠᠭ᠎ᠠ᠂ ᠬᠤᠷᠴᠢᠨ ᠵᠡᠭᠦᠨ ᠭᠠᠷᠤᠨ ᠬᠤᠶᠢᠳᠤ ᠬᠤᠰᠢᠭᠤᠨ ᠤ ᠬᠤᠯᠪᠣᠭ᠎ᠠ ᠤᠷᠠᠯᠢᠭ ᠨᠢ ᠤᠯᠠᠮ ᠶᠡᠭᠡ ᠬᠦᠭᠵᠢᠯᠲᠡ ᠪᠠᠨ ᠤᠯᠵᠠᠢ᠃ ᠪᠣᠳᠠᠰ ᠤᠨ ᠪᠣᠰᠤ ᠰᠤᠶᠤᠯ ᠤᠨ ᠦᠪ ᠢ ᠵᠠᠯᠭᠠᠮᠵᠢᠯᠠᠨ ᠬᠦᠭᠵᠢᠭᠦᠯᠬᠦ ᠱᠠᠭᠠᠷᠳᠠᠯᠭ᠎ᠠ ᠠᠴᠠ ᠪᠣᠯᠵᠤ ᠬᠤᠰᠢᠭᠤᠨ ᠤ ᠰᠤᠶᠤᠯ ᠤᠨ ᠭᠡᠷ ᠨᠢ 《ᠬᠤᠷᠴᠢᠨ ᠵᠡᠭᠦᠨ ᠭᠠᠷᠤᠨ ᠭᠠᠷᠤᠨ ᠬᠤᠶᠢᠳᠤ ᠬᠤᠰᠢᠭᠤᠨ ᠤ ᠬᠤᠯᠪᠣᠭ᠎ᠠ ᠶᠢᠨ ᠨᠡᠶᠢᠭᠡᠮᠯᠢᠭ》 ᠢ ᠡᠭᠦᠰᠭᠡᠨ ᠪᠠᠶᠢᠭᠤᠯᠵᠤ᠂ ᠠᠯᠳᠠᠷᠲᠤ ᠬᠤᠭᠤᠷᠴᠢ ᠭᠠᠨᠵᠣᠤᠷ᠂ ᠯᠢ ᠱᠤᠸᠠᠩ ᠰᠢ ᠵᠡᠷᠭᠡ ᠪᠠᠭᠰᠢ ᠨᠠᠷ ᠢ ᠵᠠᠯᠠᠵᠤ ᠬᠤᠭᠤᠷᠴᠢ ᠬᠤᠯᠪᠣᠭᠠᠴᠢᠨ ᠤ ᠪᠣᠯᠪᠠᠰᠤᠷᠠᠯ ᠤᠨ ᠠᠩᠭᠢ ᠶᠢ ᠤᠳᠠᠭ᠎ᠠ ᠲᠠᠷᠠᠭᠠᠯᠠᠨ ᠡᠷᠭᠢᠯᠡᠵᠦ᠂ ᠨᠣᠲᠤᠭ ᠤᠨ ᠬᠤᠭᠤᠷᠴᠢ ᠬᠤᠯᠪᠣᠭᠠᠴᠢᠨ ᠤ ᠮᠡᠳᠡᠯᠭᠡ ᠮᠡᠷᠭᠡᠵᠢᠯ ᠢ ᠨᠢ ᠲᠡᠭᠡᠭᠰᠢᠯᠡᠬᠦᠯᠵᠦ᠂ ᠠᠷᠭ᠎ᠠ ᠤᠬᠠᠭᠠᠨ ᠵᠢᠭᠠᠵᠤ᠂ ᠠᠪᠢᠶᠠᠰ ᠴᠢᠳᠠᠪᠣᠷᠢ ᠶᠢ ᠨᠢ ᠪᠠᠳᠠᠷᠠᠭᠤᠯᠤᠨ᠂ ᠡᠯ᠎ᠡ ᠵᠦᠢᠯ ᠤᠨ ᠤᠷᠤᠯᠳᠤᠭᠠᠨ ᠮᠦᠷᠦᠶᠢᠴᠡᠭᠡᠨ ᠢ ᠤᠯᠠᠡᠲᠠ ᠵᠤᠬᠢᠶᠠᠨ ᠪᠠᠶᠢᠭᠤᠯᠵᠤ ᠤᠷᠮ᠎ᠠ ᠵᠣᠷᠢᠭ ᠢ ᠨᠢ ᠡᠷᠴᠢᠯᠡᠭᠰᠡᠨ ᠪᠠᠶᠢᠨ᠎ᠠ᠃ ᠣᠳᠤ ᠲᠤᠰ ᠬᠤᠰᠢᠭᠤᠨ ᠤ ᠬᠤᠭᠤᠷᠴᠢ ᠬᠤᠯᠪᠣᠭᠠᠴᠢᠨ ᠤ ᠲᠤᠭ᠎ᠠ ᠨᠢ ᠨᠡᠮᠡᠭᠳᠡᠭᠰᠡᠨ ᠢᠶᠠᠷ ᠪᠠᠷᠠᠬᠤ ᠦᠬᠡᠢ ᠮᠡᠷᠭᠡᠵᠢᠯ ᠴᠢᠳᠠᠪᠣᠷᠢ ᠨᠢ ᠴᠦ ᠲᠤᠩ ᠦᠡᠳᠦᠷ ᠲᠦᠪᠰᠢᠨ ᠳᠤ ᠬᠦᠷᠦᠭᠰᠡᠨ ᠪᠠᠶᠢᠨ᠎ᠠ᠃    2010 ᠣᠨ ᠳᠤ᠂ ᠣᠷᠤᠨ ᠤ ᠲᠡᠰ ᠤᠨ ᠬᠤᠯᠪᠣᠭ᠎ᠠ ᠤᠷᠠᠯᠢᠭ ᠤᠨ ᠤᠯᠠᠮᠵᠢᠯᠠᠭᠴᠢ᠂ ᠲᠤᠰ ᠬᠤᠰᠢᠭᠤᠨ ᠤ ᠵᠠᠯᠠᠭᠤ ᠬᠤᠭᠤᠷᠴᠢ ᠬᠠᠶᠢᠴᠢᠩ ᠰᠢᠪᠠᠭᠤ ᠶᠢᠨ ᠦᠪᠡᠷᠲᠡᠭᠡᠨ ᠵᠤᠬᠢᠶᠠᠵᠤ ᠬᠡᠯᠡᠭᠰᠡᠨ《ᠣᠭᠲᠠᠷᠭᠤᠢ ᠪᠠᠷ ᠵᠤᠭᠠᠴᠠᠭᠰᠠᠨ  ᠨᠢ 》 ᠭᠡᠬᠦ ᠬᠤᠯᠪᠤᠭ᠎ᠠ ᠨᠢ ᠤᠯᠤᠰ ᠤᠨ ᠰᠤᠶᠤᠯ ᠤᠨ ᠶᠠᠮᠤᠨ ᠤ《 ᠣᠳᠤᠨ ᠮᠡᠴᠢᠳ》 ︵ᠴᠢᠶᠦ᠋ᠨ ᠰᠢᠩ ᠱᠠᠩᠨᠠᠯ︶ ᠱᠠᠩᠨᠠᠯ ᠤᠨ ᠠᠯᠳᠠᠨ ᠮᠧᠲᠡᠯ ᠢ ᠬᠦᠷᠳᠡᠭᠰᠡᠨ ᠶᠤᠮ᠃    2000 ᠣᠨ ᠠᠴᠠ ᠨᠠᠭᠠᠰᠢ᠂ ᠬᠤᠰᠢᠭᠤᠨ ᠤ ᠰᠤᠶᠤᠯ ᠤᠨ ᠭᠡᠷ ᠨᠢ《ᠬᠤᠷᠴᠢᠨ ᠵᠡᠭᠦᠨ ᠭᠠᠷᠤᠨ ᠭᠠᠷᠤᠨ ᠬᠤᠶᠢᠳᠤ ᠬᠤᠰᠢᠭᠤᠨ ᠤ ᠬᠤᠯᠪᠣᠭ᠎ᠠ ᠶᠢᠨ ᠲᠡᠭᠦᠪᠦᠷᠢ》 ᠶᠢ ᠬᠤᠶᠠᠷ ᠢᠵᠢ ᠨᠣᠮ ︵ᠡᠭᠦᠨ ᠳᠤ ᠨᠢᠭᠡ ᠨᠣᠮ ᠳᠤ ᠨᠢ ᠨᠤᠲ ᠬᠠᠪᠰᠤᠷᠭᠠᠪᠠ︶ ᠪᠣᠯᠭᠠᠨ ᠬᠡᠪᠯᠡᠭᠦᠯᠦᠨ ᠲᠠᠷᠬᠠᠭᠠᠪᠠ᠃    2008ᠣᠨ ᠳᠤ᠂ ᠦᠪᠦᠷ ᠮᠣᠩᠭᠤᠯ ᠤᠨ ᠦᠪᠡᠷᠲᠡᠭᠡᠨ ᠵᠠᠰᠠᠬᠤ ᠤᠷᠤᠨ ᠤ ᠰᠤᠶᠤᠯ ᠤᠨ ᠲᠢᠩᠬᠢᠮ ᠠᠴᠠ ᠬᠤᠷᠴᠢᠨ ᠵᠡᠭᠦᠨ ᠭᠠᠷᠤᠨ ᠭᠠᠷᠤᠨ ᠬᠤᠶᠢᠳᠤ ᠬᠤᠰᠢᠭᠤ ᠶᠢ《 ᠬᠤᠯᠪᠣᠭ᠎ᠠ ᠤᠷᠠᠯᠢᠭ ᠤᠨ ᠨᠣᠲᠤᠭ 》 ᠢᠶᠠᠷ ᠴᠤᠯᠠᠯᠠᠭᠰᠠᠨ ᠪᠦᠭᠡᠳ ᠮᠥᠨ ᠲᠤᠰ ᠵᠢᠯ ᠳᠤ ᠬᠤᠷᠴᠢᠨ ᠵᠡᠭᠦᠨ ᠭᠠᠷᠤᠨ ᠭᠠᠷᠤᠨ ᠬᠤᠶᠢᠳᠤ ᠬᠤᠰᠢᠭᠤᠨ ᠤ ᠬᠤᠯᠪᠣᠭ᠎ᠠ ᠤᠷᠠᠯᠢᠭ ᠨᠢ ᠤᠯᠤᠰ ᠤᠨ ᠲᠡᠰ ᠤᠨ ᠪᠣᠳᠠᠰ ᠤᠨ ᠰᠤᠶᠤᠯ ᠤᠨ ᠦᠪ ᠲᠤ ᠲᠡᠮᠳᠡᠭᠯᠡᠭᠦᠯᠦᠭᠰᠡᠨ ᠪᠠᠶᠢᠨ᠎ᠠ᠃     ᠬᠤᠯᠪᠤᠭ᠎ᠠ ᠶᠢᠨ ᠵᠢᠱᠢᠶ᠎ᠡ     ᠲᠤᠮᠳᠠᠳᠤ ᠶᠢᠨ ᠮᠤᠷᠢᠨ ᠸᠡᠩ ᠤᠨ ᠮᠠᠭᠳᠠᠭᠠᠯᠬᠤᠭᠤᠷ ᠤᠨ ᠲᠦᠷᠪᠡᠨ ᠤᠳᠠᠰᠤ ᠮᠢᠨᠢᠬᠦᠭ ᠨᠢ ᠲᠠᠭᠠᠷᠠᠭᠠᠳ ᠬᠦᠩᠭᠢᠨᠡᠭᠡᠳᠬᠤᠭᠤᠯᠠᠢ ᠶᠢᠨ ᠨᠢᠮᠬᠡᠨ ᠲᠤᠷᠬᠢᠴᠡ ᠮᠢᠨᠢᠰᠡᠪ ᠨᠢ ᠲᠠᠷᠤᠭᠳᠠᠭᠠᠳ ᠤᠶᠠᠩᠭᠠᠬᠠᠨᠬᠤᠯᠪᠤᠭ᠎ᠠ ᠶᠢᠨ ᠰᠠᠶᠢᠬᠠᠨ ᠠᠶᠠᠰ ᠮᠢᠨᠢᠬᠤᠷᠤᠭᠤ ᠶᠢᠨ ᠠᠶ᠎ᠠ ᠪᠠᠷ ᠬᠠᠩᠭᠢᠨᠠᠩᠬᠠᠨᠬᠡᠯᠡᠵᠦ ᠡᠷᠭᠦᠬᠦ ᠰᠡᠳᠦᠪ ᠮᠢᠨᠢᠬᠡᠭᠦᠳᠡᠭ ᠢ ᠴᠢᠪᠬᠠᠳᠠᠭᠠᠳ ᠤᠷᠭᠢᠯᠠᠩᠬᠠᠨᠲᠦᠷᠪᠡᠨ ᠰᠠᠷ᠎ᠠ ᠶᠢᠨ ᠲᠤᠷᠤᠨ᠎ᠠ ᠶᠢᠨ ᠲᠡᠭᠷᠢᠲᠡᠷᠡᠰᠦ ᠬᠡᠶᠢᠰᠬᠦ ᠦᠬᠡᠢ ᠨᠠᠮᠤᠭᠤᠨᠲᠤᠮᠳᠠᠳᠤ ᠶᠢᠨ ᠮᠤᠷᠢᠨ ᠸᠡᠩ ᠤᠨ ᠠᠯᠳᠠᠷᠲᠡᠯᠡᠬᠡᠢ ᠶᠢ ᠲᠤᠩᠰᠤᠯᠭᠠᠨ ᠲᠠᠭᠤᠷᠢᠰᠤᠩᠬᠠᠨ ︽ᠮᠤᠷᠢᠨ ᠸᠠᠩ︾ ᠤᠨ ᠡᠷᠳᠡᠨᠢ ᠶᠢᠨ ᠰᠠᠭᠤᠷᠢᠨᠮᠤᠩᠭᠤᠯ ᠤᠨ ᠡᠬᠦᠳᠡᠨ ᠠᠴᠠ ᠡᠵᠡᠯᠡᠭᠡᠨ ᠲᠠᠢᠮᠠᠩᠯᠠᠢ ᠪᠤᠯᠤᠭᠰᠠᠨ《 ᠠᠯᠳᠠᠨ ᠮᠤᠷᠢᠨ ᠬᠤᠨᠳᠠᠭ᠎ᠠ》ᠮᠠᠨ ᠤ ᠬᠤᠷᠴᠢᠨ ᠳᠤ ᠬᠢᠯᠠᠯᠵᠠᠭ᠎ᠠ ᠲᠠᠢ᠃    ᠵᠠ᠂ ᠡᠭᠦᠰᠭᠡᠵᠦ ᠬᠡᠯᠡᠬᠦ ᠬᠤᠯᠪᠤᠭ᠎ᠠ᠂ ᠡᠯᠭᠦᠵᠦ ᠠᠪᠬᠤ ᠰᠡᠳᠤᠪ ᠤᠨ ᠤᠷᠤᠨ ᠴᠠᠭ ᠢ ᠲᠤᠰᠢᠶᠠᠪᠠᠯ᠂ ᠦᠯᠵᠡᠶᠢᠳᠦ ᠬᠠᠪᠤᠷ ᠤᠨ ᠲᠦᠷᠪᠡᠨ ᠰᠠᠷ᠎ᠠ ᠳᠤ ᠦᠵᠡᠮᠵᠢᠳᠦ ᠰᠠᠶᠢᠬᠠᠨ ᠭᠤᠸᠠᠩᠵᠸᠤ ᠬᠤᠳᠠ ᠶᠢᠨ ᠬᠤᠸᠠᠩ ᠼᠦᠨ ᠮᠤᠷᠢᠨ ᠤᠷᠤᠯᠳᠤᠭᠠᠨ ᠤ ᠲᠠᠯᠠᠪᠠᠢ ᠳᠤ ᠦᠪᠡᠳᠡᠭᠰᠢ ᠶᠡᠭᠡ ᠪᠠᠷ ᠶᠠᠪᠤᠭᠳᠠᠭᠰᠠᠨ ᠲᠤᠮᠳᠠᠳᠤ ᠶᠢᠨ ᠮᠤᠷᠢᠨ ᠸᠡᠩ ᠤᠨ ᠰᠠᠭᠤᠷᠢᠨ ᠢ ᠲᠡᠮᠡᠴᠡᠬᠦ ᠤᠷᠤᠯᠳᠤᠭᠠᠨ ᠰᠢᠤ᠃ᠬᠦᠬᠡ ᠲᠡᠭᠷᠢ ᠲᠤᠭᠤᠰᠤ ᠦᠬᠡᠢ ᠠᠷᠢᠯᠤᠭᠠᠳᠲᠤᠩᠭᠠᠯᠠᠭ ᠠᠴᠠ ᠲᠤᠩᠭᠠᠯᠠᠭᠬᠦᠭᠵᠢᠨ ᠪᠠᠳᠠᠷᠠᠭᠰᠠᠨ ᠭᠤᠸᠠᠩᠵᠸᠤ ᠬᠤᠳᠠᠬᠦᠷ ᠲᠡᠭᠡᠷ᠎ᠡ ᠪᠠᠶᠠᠷᠰᠢᠨ᠎ᠡ ᠪᠡᠷᠢ ᠶᠢᠨ ᠵᠠᠰᠠᠯ ᠢᠶᠠᠷ ᠴᠢᠮᠡᠭᠳᠡᠭᠡᠳᠭᠤᠶᠤ ᠠᠴᠠ ᠭᠤᠶᠤᠬᠠᠨᠰᠢᠵᠢᠷ ᠭᠡᠷᠡᠯ ᠢᠶᠠᠨ ᠰᠠᠴᠤᠷᠠᠭᠤᠯᠤᠭᠠᠳᠰᠤᠯᠤᠩᠭᠠᠬᠠᠨ ᠠᠴᠠ ᠰᠤᠯᠤᠩᠭᠠᠬᠠᠨ ᠲᠠᠪᠤᠨ ᠲᠢᠪ ᠤᠨ ᠵᠤᠴᠢᠳ ᠢᠶᠠᠨ ᠤᠭᠤᠳᠤᠭᠠᠳᠵᠤᠴᠢᠡᠰᠠᠭ ᠠᠴᠠ ᠵᠤᠴᠢᠡᠰᠠᠭ ᠲᠤᠯᠤᠭᠠᠨ ᠠᠩᠭᠢ ᠶᠢᠨ ᠲᠠᠮᠢᠷᠴᠢᠳ ᠴᠤᠭᠯᠠᠷᠠᠭᠠᠳ ᠬᠦᠭᠵᠢᠶᠡᠨ ᠠᠴᠠ ᠬᠦᠭᠵᠢᠶᠡᠨᠬᠦᠪᠴᠢᠨ ᠲᠡᠯᠡᠬᠡᠢ ᠶᠢᠨ ᠬᠦᠡᠳᠦᠳᠦ ᠵᠤᠴᠢᠳᠬᠦᠷᠦᠭᠡᠳ ᠢᠷᠡᠯ᠎ᠡᠬᠦᠭᠵᠢᠶᠡᠡᠳᠦ ᠨᠠᠶᠢᠷ ᠲᠤ ᠪᠠᠶᠠᠷ ᠨᠡᠮᠡᠭᠡᠳᠮᠤᠷᠢᠯᠠᠨ ᠰᠠᠭᠠᠳᠠᠯ᠎ᠠᠲᠠᠯᠠᠪᠠᠢ ᠳᠤ ᠤᠷᠤᠬᠤ ᠪᠢᠯᠢᠲᠲᠠᠭ ᠪᠠᠷᠠᠯ᠎ᠠᠲᠡᠨᠢᠭᠡᠷ ᠰᠠᠶᠢᠬᠠᠨ ᠤᠷᠤᠯᠳᠤᠭᠠᠨ ᠤ ᠲᠠᠯᠠᠪᠠᠢᠫᠢᠳ ᠲᠦᠭᠦᠷᠦᠯ᠎ᠡᠲᠠᠯᠠᠪᠠᠢ ᠶᠢᠨ ᠡᠭᠦᠳᠡᠨ ᠤ ᠱᠤᠭᠤᠮᠠᠯ ᠮᠤᠷᠢ ᠴᠦᠲᠡᠪᠬᠡᠷᠡᠬᠦ‍ ᠰᠢᠭ ᠪᠤᠯᠤᠯ᠎ᠠᠲᠠᠪᠤᠨ ᠲᠢᠪ ᠤᠨ ᠦᠵᠡᠭᠴᠢᠳᠲᠠᠯᠠᠪᠠᠢ ᠲᠦᠭᠦᠷᠡᠳᠡᠯ᠎ᠡ ᠰᠠᠭᠤᠯᠴᠠᠯ᠎ᠠ᠃   《 ᠠᠯᠳᠠᠨ ᠮᠤᠷᠢᠨ ᠬᠤᠨᠳᠠᠭ᠎ᠠ》 ᠤᠨ ᠲᠤᠮᠳᠠᠳᠤ ᠶᠢᠨ ᠮᠤᠷᠢᠨ ᠸᠡᠩ ᠤᠨ ᠤᠷᠢᠯᠭ᠎ᠠ ᠪᠠᠷ ᠰᠢᠢᠳᠪᠦᠷᠢᠳᠦ ᠤᠷᠤᠯᠳᠤᠭᠠᠨ ᠳᠤ ᠤᠷᠤᠭᠰᠠᠨ ᠲᠠᠮᠢᠷᠴᠢᠳ ᠤᠳᠤ ᠠᠴᠠ ᠪᠡᠯᠡᠳᠭᠡᠨ᠎ᠡ ᠭᠡᠵᠦ ᠲᠤᠩᠬᠠᠭᠯᠠᠬᠤ ᠳᠤ ᠬᠤᠷᠴᠢᠨ ᠠᠴᠠ ᠢᠷᠡᠭᠰᠡᠨ ᠬᠠᠰᠢᠷ ᠠᠳᠤᠭᠤᠴᠢᠨ ᠵᠠᠭᠠᠨ᠎ᠠ ᠴᠢᠨᠢ ᠲᠡᠷᠡ ᠲᠠᠷᠤᠢ ᠳᠤᠨᠢ ᠤᠷᠤᠯᠳᠤᠭᠠᠨ ᠳᠤ ᠤᠷᠤᠬᠤ ᠪᠠᠷ ᠬᠤᠪᠴᠠᠯᠤᠯ᠎ᠠ᠃ᠲᠤᠷᠳᠤᠩ ᠵᠦᠭᠡᠯᠡᠨ ᠬᠤᠪᠴᠠᠰᠤ ᠶᠢᠲᠤᠳᠤᠭᠠᠳᠤ ᠪᠡᠶ᠎ᠡ ᠳᠤ ᠪᠠᠨ ᠡᠮᠦᠰᠦᠯ᠎ᠡᠲᠤᠭᠤᠷᠢᠭ ᠲᠠᠪᠤᠨ ᠲᠤᠪᠴᠢ ᠪᠠᠨᠲᠤᠳᠤᠷ᠎ᠠ ᠠᠴᠠ ᠭᠠᠳᠠᠭᠰᠢ ᠡᠯᠬᠦᠯ᠎ᠡ᠃ᠲᠤᠩ ᠴᠠᠭᠠᠨ ᠮᠤᠩᠭᠤᠯ ᠲᠡᠷᠯᠢᠭ ᠢᠲᠠᠭᠦᠨ ᠤ ᠭᠠᠳᠠᠭᠤᠷ ᠰᠤᠭᠰᠤᠷᠤᠯ᠎ᠠᠰᠠᠮᠫᠠᠨ ᠲᠤᠯᠤᠭᠠᠨ ᠲᠤᠪᠴᠢ ᠶᠢᠲᠠᠷᠠᠭ᠎ᠠ ᠲᠠᠷᠠᠭ᠎ᠠ ᠪᠠᠷ ᠲᠤᠪᠴᠢᠯᠠᠯ᠎ᠠ᠃ᠲᠡᠵᠢ ᠮᠠᠩᠨᠤᠭ ᠦᠮᠦᠳᠦ ᠪᠠᠨᠲᠡᠭᠰᠢᠯᠡᠵᠦ ᠰᠠᠶᠢᠬᠠᠨ ᠡᠮᠦᠰᠦᠯ᠎ᠡᠲᠠᠯᠠᠢ ᠶᠢᠨ ᠮᠦᠩᠭᠦᠨ ᠭᠤᠭᠴᠤᠭ᠎ᠠ ᠶᠢᠲᠠᠷ ᠬᠡᠳᠡᠯ᠎ᠡ ᠭᠤᠷᠬᠢᠯᠠᠯ᠎ᠠ᠃ᠪᠠᠳᠮ᠎ᠠ ᠦᠰᠦᠭᠳᠦ ᠲᠤᠤᠬᠤ ᠶᠢᠡᠪᠦᠳᠦᠭ ᠲᠠᠪᠠᠳᠠᠯ᠎ᠠ ᠡᠮᠦᠰᠦᠯ᠎ᠡᠪᠤᠯᠢᠭᠠᠷᠢ ᠶᠢᠨ ᠠᠷᠠᠰᠤᠨ ᠭᠤᠳᠤᠯ ᠢᠦᠯᠡᠮᠡᠢ ᠲᠠᠷᠤᠨ᠎ᠠ ᠢᠰᠭᠦᠯᠦᠯ᠎ᠡ᠃ᠦᠷᠭᠡᠨ ᠰᠠᠶᠢᠬᠠᠨ ᠲᠤᠷᠭᠠᠨ ᠪᠦᠰᠡ ᠪᠠᠨᠬᠤᠷᠢᠶᠠᠵᠤ ᠲᠠᠳᠠᠭᠠᠳ ᠴᠢᠩᠭᠠᠯᠠᠯ᠎ᠠᠤᠷᠳᠤ ᠭᠠᠷᠤᠭᠰᠠᠨ ᠬᠡᠰᠡᠭ ᠢ ᠨᠢᠦᠯᠵᠡᠢ ᠵᠠᠩᠭᠢᠶ᠎ᠠ ᠵᠠᠩᠭᠢᠳᠤᠯ᠎ᠠ᠃ᠵᠦᠷᠢᠭᠦᠯᠵᠦ ᠭᠠᠷᠤᠭᠰᠠᠨ ᠦᠵᠦᠬᠦᠷ ᠢᠵᠡᠭᠦᠨ ᠲᠠᠯ᠎ᠠ ᠳᠤ ᠪᠠᠨ ᠪᠠᠭᠤᠯᠭᠠᠯ᠎ᠠᠵᠦᠭᠡᠯᠡᠨ ᠲᠤᠷᠭᠠᠨ ᠰᠠᠴᠤᠭ ᠨᠢᠵᠢᠪᠠᠷ ᠤᠨ ᠠᠶ᠎ᠠ ᠪᠠᠷ ᠬᠡᠶᠢᠰᠦᠯ᠎ᠡ᠃ᠦᠡᠳᠦᠰᠦᠳᠡᠨ ᠤ ᠰᠠᠶᠢᠬᠠᠨ ᠮᠤᠩᠭᠤᠯ ᠮᠠᠯᠠᠭᠠᠢ ᠪᠠᠨᠤᠷᠤᠢ ᠲᠡᠭᠡᠷ᠎ᠡ ᠪᠠᠨ ᠲᠠᠷᠤᠯ᠎ᠠᠤᠷᠳᠤ ᠵᠦᠭᠡᠯᠡᠨ ᠤᠭᠤᠰᠤᠷ ᠢᠡᠷᠡᠤ ᠶᠢᠨ ᠲᠤᠤᠭᠤᠷ ᠴᠢᠩᠭᠠᠯᠠᠯ᠎ᠠ᠃ᠤᠷᠤᠯᠳᠤᠭᠠᠨ ᠨᠤᠮᠧᠷ ᠲᠡᠮᠳᠡᠭ ᠢᠡᠩᠭᠡᠷ ᠤᠨ ᠭᠤᠣᠯ ᠳᠤ ᠪᠠᠨ ᠵᠡᠭᠦᠯ᠎ᠡᠲᠠᠮᠢᠷᠴᠢᠨ ᠤ ᠲᠡᠮᠳᠡᠭ ᠳ᠋ᠤᠭᠠᠷ ᠢᠶᠠᠨᠠᠷᠤ ᠲᠠᠯ᠎ᠠ ᠳᠤ ᠪᠠᠨ ᠬᠠᠳᠠᠯ᠎ᠠ᠃ᠲᠡᠩᠰᠡᠨ ᠰᠠᠶᠢᠬᠠᠨ ᠮᠢᠯᠠᠭ᠎ᠠ ᠪᠠᠨᠪᠠᠷᠠᠭᠤᠨ ᠭᠠᠷ ᠲᠤ ᠪᠠᠨ ᠠᠳᠬᠤᠭᠠᠳ︽ᠲᠦᠷᠦᠭᠦᠦ︾ ᠴᠤᠯᠠ ᠲᠠᠢ ᠬᠦᠯᠦᠭ ᠤᠨ ᠵᠠᠬ᠎ᠠ ᠳᠤᠲᠦᠷᠭᠡᠨ ᠬᠦᠷᠦᠭᠡᠳ ᠢᠷᠡᠯ᠎ᠡ᠃ᠬᠤᠷᠳᠤᠨ ᠠᠵᠢᠷᠭ᠎ᠠ ᠶᠢᠨ ᠤᠳᠤᠮᠬᠤᠷᠴᠢᠨ ᠭᠡᠬᠦᠦ ᠶᠢᠨ ᠤᠨᠠᠭ᠎ᠠᠬᠠᠯᠵᠠᠨ ᠵᠡᠭᠡᠷᠳᠡ ᠮᠤᠷᠢ ᠶᠢᠬᠠᠷᠠᠨ ᠰᠠᠶᠢᠬᠠᠨ ᠰᠢᠡᠵᠢᠪᠡᠯᠴᠢᠨ᠋ᠸ᠎ᠠ ᠶᠢᠨ ᠬᠤᠶᠠᠷ ᠴᠢᠬᠢ ᠲᠠᠢᠴᠤᠯᠮᠤᠨ ᠬᠤᠶᠠᠷ ᠨᠢᠳᠦ ᠲᠠᠢᠭᠠᠩ ᠲᠦᠷᠪᠡᠨ ᠲᠤᠭᠤᠷᠠᠢ ᠲᠠᠢᠭᠠᠵᠠᠷ ᠰᠢᠬᠦᠷᠡᠮ᠎ᠡ ᠰᠡᠭᠦᠯ ᠲᠠᠢᠭᠠᠯ ᠮᠢᠡᠳᠠᠰᠤᠨ ᠲᠡᠯ ᠲᠠᠢᠬᠠᠰ ᠮᠦᠩᠭᠦᠨ ᠰᠢᠳᠦ ᠲᠠᠢᠬᠠᠪᠳᠠᠭᠠᠢ ᠰᠠᠶᠢᠬᠠᠨ ᠪᠦᠭᠰᠡ ᠲᠠᠢᠬᠤᠨ ᠭᠠᠯᠠᠭᠤ ᠶᠢᠨ ᠮᠠᠩᠯᠠᠢ ᠲᠠᠢᠵᠠᠭᠠᠨ᠎ᠠ ᠶᠢᠨ ᠲᠦᠷᠪᠡᠨ ᠰᠤᠶᠤᠭ᠎ᠠ ᠲᠠᠢᠲᠠᠤᠯᠠᠢ ᠶᠢᠨ ᠰᠠᠶᠢᠬᠠᠨ ᠵᠣ ᠲᠠᠢᠬᠠᠵᠢ ᠮᠦᠩᠭᠦᠨ ᠤᠷᠤᠭᠤᠯ ᠲᠠᠢᠬᠠᠨᠠᠭᠠᠷ ᠦᠷᠭᠡᠨ ᠴᠡᠭᠡᠵᠢ ᠲᠠᠢᠬᠠᠪᠢᠰᠤᠨ ᠳᠤ ᠪᠠᠨ ᠵᠠᠪᠰᠠᠷ ᠲᠠᠢᠬᠠᠷᠴᠠᠭᠠᠨ ᠳᠤ ᠪᠠᠨ ᠦᠶ᠎ᠡ ᠲᠠᠢᠦᠰᠦ ᠪᠤᠯᠭᠠᠨ ᠳᠤᠨᠢ ᠰᠤᠷ ᠲᠠᠢᠤᠮᠤᠷᠤᠤ ᠳᠤ ᠪᠠᠨ ᠡᠷᠭᠢᠯᠳᠡ ᠲᠠᠢᠮᠤᠯᠤᠷ ᠡᠷᠳᠡᠨᠢ ᠶᠢᠨ ᠲᠤᠯᠤᠭᠠᠢ ᠳᠤᠨᠢᠮᠦᠩᠭᠦᠨ ᠬᠠᠵᠠᠭᠠᠷ ᠬᠢᠯᠠᠯᠵᠠᠭᠠᠳᠵᠤᠷᠪᠠᠩ ᠭᠤᠸᠠᠯᠢᠭ ᠰᠡᠭᠦᠯ ᠳᠤᠨᠢᠦᠩᠭᠡᠳᠦ ᠲᠤᠷᠳᠤᠩ ᠵᠠᠩᠭᠢᠳᠤᠭᠠᠳᠠᠪᠤᠷᠭᠤ ᠬᠦᠴᠦᠳᠦ ᠴᠡᠭᠡᠵᠢᠨ ᠳᠤᠨᠢᠠᠷᠰᠯᠠᠨ ᠤ ᠰᠢᠡᠵᠢ ᠢᠯᠡᠷᠡᠭᠡᠳᠠᠯᠮᠠᠰ ᠲᠦᠷᠪᠡᠨ ᠲᠤᠭᠤᠷᠠᠢ ᠳᠤ ᠪᠠᠨᠪᠠᠷᠰ ᠤᠨ ᠬᠦᠴᠦ ᠶᠢ ᠪᠦᠷᠢᠳᠦᠬᠦᠯᠦᠭᠰᠡᠨᠬᠢᠯᠪᠠᠭ᠎ᠠ ᠬᠤᠶᠠᠷ ᠨᠢᠰᠦᠨ ᠳᠤ ᠪᠠᠨᠭᠠᠷᠤᠳᠢ ᠶᠢᠨ ᠰᠦᠷ ᠢ ᠪᠠᠳᠠᠷᠠᠭᠤᠯᠤᠭᠠᠳᠭᠠᠩᠭᠠᠩ ᠨᠠᠷᠢᠨ ᠪᠡᠶ᠎ᠡ ᠳᠤ ᠪᠠᠨᠯᠤᠣ ᠶᠢᠨ ᠲᠦᠷᠢ ᠶᠢ ᠰᠢᠩᠭᠡᠭᠡᠭᠰᠡᠨᠬᠠᠶᠢᠷᠠᠯᠠᠵᠤ ᠰᠤᠷᠭᠠᠭᠰᠠᠨ ᠬᠠᠯᠵᠠᠨ ᠵᠡᠭᠡᠷᠳᠡᠬᠠᠨᠢᠯᠠᠵᠤ ᠢᠵᠢᠯᠢᠰᠢᠭᠰᠡᠨ ᠡᠷᠳᠡᠨᠢ ᠶᠢᠨ ᠬᠦᠯᠦᠭᠦᠤᠷᠰᠡᠵᠦ ᠭᠤᠷᠪᠠ ᠢᠡᠴᠠᠭᠠᠭᠠᠳᠦᠰᠦᠷᠴᠦ ᠬᠡᠳᠦ ᠲᠤᠶᠢᠯᠠᠬᠤ ᠳᠤᠬᠠᠰᠢᠷ ᠠᠳᠤᠭᠤᠴᠢᠨ ᠵᠠᠭᠠᠨ᠎ᠠ ᠴᠢᠨᠢᠬᠠᠢ ᠬᠡᠮᠡᠨ ᠵᠠᠩᠳᠤᠷᠴᠦᠴᠢᠩᠭ᠎ᠠ ᠬᠦᠷᠦᠮᠡᠯ ᠨᠤᠭᠳᠤ ᠶᠢᠴᠢᠬᠢᠨ ᠠᠷᠤ ᠪᠠᠷ ᠨᠢ ᠬᠠᠶᠠᠯ᠎ᠠ᠃ᠴᠠᠪᠴᠢᠮᠠᠯ ᠮᠦᠩᠭᠦᠨ ᠬᠠᠵᠠᠭᠠᠷ ᠢᠲᠡᠭᠦᠨ ᠢ ᠲᠠᠭᠠᠷᠠ ᠨᠢ ᠬᠦᠮᠦᠷᠢᠯ᠎ᠡᠰᠢᠷ᠎ᠠ ᠠᠯᠳᠠᠨ ᠠᠮᠠᠭᠠᠢ ᠨᠢᠰᠢᠳᠦ ᠶᠢ ᠤᠨᠤᠭᠠᠳ ᠲᠠᠷ ᠬᠢᠯ᠎ᠡᠰᠠᠷᠠᠨ ᠬᠡᠯᠪᠡᠷᠢᠳᠦ ᠵᠤᠤᠵᠠᠢ ᠨᠢᠴᠠᠭᠠᠷᠢᠭ ᠲᠠᠳᠠᠭᠠᠳ ᠭᠡᠷᠡᠯᠳᠦᠯ᠎ᠡᠰᠠᠴᠤᠷᠠᠮᠠᠯ ᠡᠷᠳᠡᠨᠢ ᠶᠢᠨ ᠬᠢᠯᠪᠠᠭᠠᠨ ᠲᠤᠯᠢᠴᠤᠬᠤᠨ ᠲᠡᠭᠡᠷ᠎ᠡ ᠨᠢ ᠲᠤᠸᠠᠯᠠᠯ᠎ᠠᠴᠠᠭᠠᠨ ᠤᠯᠠᠭᠠᠨ ᠫᠢᠶᠤᠤᠳᠠᠢ ᠨᠢᠴᠡᠭᠡᠵᠢ ᠶᠢ ᠨᠢ ᠬᠠᠪᠴᠢᠭᠠᠳ ᠬᠠᠶᠠᠯᠠᠯ᠎ᠠᠰᠠᠶᠢᠬᠠᠨ ᠬᠦᠷᠦᠮᠡᠯ ᠦᠭᠡᠳᠡᠩ ᠵᠢᠯᠤᠭᠤᠲᠡᠯ ᠢ ᠨᠢ ᠲᠠᠭᠠᠭᠠᠳ ᠬᠦᠷᠪᠡᠯᠵᠡᠯ᠎ᠡᠰᠡᠭᠦᠯ ᠳᠤᠨᠢ ᠵᠠᠩᠭᠢᠳᠤᠭᠰᠠᠨ ᠲᠤᠷᠳᠤᠩᠲᠤᠭ ᠪᠤᠯᠤᠨ ᠨᠠᠮᠢᠷᠠᠯ᠎ᠠᠲᠡᠯ ᠢ ᠨᠢ ᠴᠢᠮᠡᠭᠯᠡᠭᠰᠡᠨ ᠲᠤᠷᠭ᠎ᠠᠯᠠᠪᠠᠷᠢ ᠪᠤᠯᠤᠨ ᠲᠡᠭᠳᠡᠯ᠎ᠡᠬᠤᠷᠴᠢᠨ ᠤ ᠰᠦᠷ ᠢ ᠮᠠᠡᠳᠤᠭᠤᠯᠵᠤᠬᠤᠰᠢᠭᠤᠨ ᠤ ᠨᠡᠷ᠎ᠡ ᠶᠢ ᠬᠠᠮᠠᠭᠠᠯᠠᠬᠤ ᠪᠠᠷᠬᠢᠵᠠᠭᠠᠷ ᠠᠴᠠ ᠢᠷᠡᠭᠰᠡᠨ ᠵᠠᠭᠠᠨ᠎ᠠᠬᠠᠯᠵᠠᠨ ᠵᠡᠭᠡᠷᠳᠡ ᠳᠤ ᠪᠠᠨ ᠮᠤᠷᠳᠠᠭᠠᠳᠬᠠᠰᠢᠷ ᠠᠳᠤᠭᠤᠴᠢᠨ ᠵᠠᠭᠠᠨ᠎ᠠ ᠴᠢᠨᠢᠬᠠᠵᠠᠭᠤᠯᠠᠵᠤ ᠰᠠᠶᠢᠬᠠᠨ ᠰᠠᠭᠤᠭᠠᠳᠬᠠᠮᠤᠭ ᠤᠯᠠᠨ ᠤ ᠲᠤᠮᠳᠠᠭᠤᠷᠬᠠᠷᠪᠤᠭᠰᠠᠨ ᠰᠤᠮᠤ ᠰᠢᠭ᠋ ᠤᠷᠤᠭᠠᠳ ᠢᠷᠡᠯ᠎ᠡ᠃ᠰᠢᠢᠳᠪᠦᠷᠢᠳᠦ ᠤᠷᠤᠯᠳᠤᠭᠠᠨ ᠤ ᠮᠤᠷᠢᠳ ᠴᠢᠨᠢᠰᠤᠭᠤᠨᠠᠭ ᠲᠠᠳᠠᠭᠠᠳ ᠢᠷᠡᠵᠦ ᠯᠠ ᠪᠠᠶᠢᠨ᠎ᠠᠰᠠᠭᠤᠳᠠᠯ ᠰᠠᠶᠢᠳᠠᠢ ᠮᠤᠷᠢᠴᠢᠨ ᠨᠠᠷᠰᠡᠬᠡᠶᠢᠵᠦ ᠮᠤᠷᠳᠠᠭᠠᠳ ᠢᠷᠡᠵᠦ ᠯᠠ ᠪᠠᠶᠢᠨ᠎ᠠ᠃ᠠᠭᠤᠯᠠᠨ ᠬᠦᠷᠦᠭᠡᠰᠦ ᠰᠢᠭ ᠲᠤᠭᠰᠢᠨ ᠮᠤᠷᠢᠳᠠᠭᠤᠳᠠᠮ ᠲᠠᠯᠠᠪᠠᠢ ᠳᠤ ᠴᠤᠭᠯᠠᠷᠠᠯ᠎ᠠᠤᠨᠤᠭᠰᠠᠨ ᠡᠵᠡᠳ ᠨᠢ ᠤᠮᠤᠭᠰᠢᠭᠠᠳᠦᠰᠦᠷᠦᠬᠦᠯᠵᠦ ᠬᠠᠷᠠᠶᠢᠯᠭᠠᠨ ᠭᠠᠶᠢᠬᠠᠭᠤᠯᠵᠤ ᠪᠠᠶᠢᠨ᠎ᠠ᠃ᠮᠤᠷᠢᠨ ᠳᠤ ᠪᠠᠭ᠋ᠠᠳᠠᠢ ᠦᠵᠡᠭᠴᠢᠳ ᠴᠢᠨᠢᠮᠠᠭᠳᠠᠵᠤ ᠪᠠᠭ᠋ᠠᠷᠬᠠᠭᠠᠳ ᠬᠦᠬᠡᠷᠦᠯᠳᠦᠵᠦ ᠪᠠᠶᠢᠨ᠎ᠠᠮᠠᠭᠠᠳ ᠲᠡᠷᠡ ᠨᠢ ᠲᠡᠷᠢᠬᠦᠯᠡᠨ᠎ᠡ ᠭᠡᠳᠮᠠᠷᠭᠤᠯᠳᠤᠵᠤ ᠪᠤᠯᠢᠶᠠᠯᠴᠠᠭᠠᠳ ᠢᠨᠢᠶᠡᠯᠴᠡᠵᠦ ᠪᠠᠶᠢᠨ᠎ᠠᠰᠤᠷᠳᠠᠯ ᠰᠠᠶᠢᠳᠠᠢ ᠮᠤᠷᠢᠳ ᠴᠢᠨᠢᠱᠤᠭᠤᠮ ᠢ ᠬᠠᠶᠠᠭᠠᠳᠠᠭᠠᠳ ᠲᠡᠪᠬᠡᠴᠡᠵᠦ ᠪᠠᠶᠢᠨ᠎ᠠᠰᠤᠭᠤᠷᠠᠭᠠᠳ ᠲᠦᠷᠭᠡᠨ ᠭᠠᠷᠬᠤ ᠭᠡᠳᠰᠠᠮᠠᠭᠠᠷᠴᠤ ᠲᠡᠭᠡᠭᠰᠢ ᠬᠠᠷᠠᠶᠢᠯᠠᠵᠤ ᠪᠠᠶᠢᠨ᠎ᠠ᠃ᠰᠤᠷᠮᠠᠭᠠᠢ ᠬᠠᠴᠢᠨ ᠲᠠᠮᠢᠷᠴᠢᠳ ᠴᠢᠨᠢᠰᠤᠨᠤᠷ ᠲᠠᠯᠪᠢᠭᠠᠳ ᠬᠦᠯᠢᠶᠡᠵᠦ ᠪᠠᠶᠢᠨ᠎ᠠᠰᠤᠩᠭᠤᠳᠠᠭ ᠰᠠᠶᠢᠬᠠᠨ ᠮᠤᠷᠢᠳ ᠴᠢᠨᠢᠰᠤᠮᠤ ᠰᠢᠭ᠋ ᠬᠦᠪᠴᠢᠯᠡᠭᠳᠡᠭᠡᠳ ᠪᠡᠯᠡᠬᠡᠨ ᠪᠠᠶᠢᠨ᠎ᠠ᠃ᠲᠠᠯᠠᠯᠭᠠᠨ ᠤ ᠲᠤᠭ ᠲᠤᠬᠢᠰ ᠬᠡᠯ᠎ᠡᠲᠤᠬᠢᠶᠠᠨ ᠤ ᠫᠤᠣ ᠲᠦᠩ ᠬᠡᠯ᠎ᠡᠲᠠᠯᠠᠶᠢᠭᠰᠠᠨ ᠮᠢᠯᠠᠭ᠎ᠠ ᠰᠠᠵᠢᠰ ᠬᠡᠯ᠎ᠡᠲᠤᠭᠰᠢᠨ ᠮᠤᠷᠢᠳ ᠰᠤᠭᠤᠷᠠᠰ ᠬᠡᠯ᠎ᠡ᠃ᠲᠡᠩᠰᠡᠨ ᠲᠠᠰᠢᠭᠤᠷ ᠡᠷᠭᠦᠰ ᠬᠡᠯ᠎ᠡᠲᠡᠰᠢᠶ᠎ᠠ ᠲᠠᠭᠠᠷᠠᠭᠤᠯᠵᠤ ᠭᠤᠶᠠᠳᠠᠰ ᠬᠡᠯ᠎ᠡᠲᠡᠪᠡᠯ ᠤᠨ ᠬᠤᠷᠮᠤᠢ ᠲᠡᠷᠪᠡᠰ ᠬᠡᠯ᠎ᠡᠲᠡᠭᠰᠢ ᠪᠡᠶ᠎ᠡ ᠠᠭᠵᠠᠰ ᠭᠡᠯ᠎ᠡᠬᠦᠪᠴᠢᠨ ᠤ ᠰᠤᠮᠤ ᠰᠢᠭ᠋   ᠬᠠᠷᠪᠤᠭᠠᠳ ᠭᠠᠷᠤᠯ᠎ᠠᠬᠠᠷᠴᠠᠭᠠᠢ ᠰᠢᠪᠠᠭᠤ ᠰᠢᠭ᠋   ᠬᠠᠯᠢᠭᠠᠳ ᠭᠠᠷᠤᠯ᠎ᠠᠬᠠᠨᠳᠠᠭᠠᠢ ᠪᠤᠭᠤ ᠰᠢᠭ᠋   ᠬᠠᠷᠠᠶᠢᠯᠠᠭᠠᠳ ᠭᠠᠷᠤᠯ᠎ᠠᠬᠦᠷᠦᠰᠦ ᠰᠢᠷᠤᠢ ᠶᠢ    ᠬᠤᠪᠬᠤᠯᠤᠭᠠᠳ ᠭᠠᠷᠤᠯ᠎ᠠᠬᠡᠢ ᠰᠠᠯᠬᠢᠨ ᠰᠢᠭ    ᠲᠡᠭᠳᠡᠭᠡᠳ ᠭᠠᠷᠤᠯ᠎ᠠᠬᠦᠮᠦᠰ ᠤᠨ ᠠᠩᠬᠠᠷᠤᠯ ᠢ    ᠲᠠᠳᠠᠭᠠᠳ ᠭᠠᠷᠤᠯ᠎ᠠᠬᠤᠷᠳᠤᠨ ᠵᠡᠭᠡᠷᠳᠡ ᠬᠤᠯᠮᠠᠰ ᠬᠡᠯ᠎ᠡᠬᠤᠷᠴᠠ ᠵᠠᠭᠠᠨ᠎ᠠ ᠬᠤᠵᠠᠶᠢᠰ ᠬᠡᠯ᠎ᠡᠬᠦᠵᠦᠬᠦᠦ ᠲᠡᠭᠡᠷ᠎ᠡ ᠨᠢ ᠨᠠᠭᠠᠯᠳᠤᠰ ᠬᠡᠯ᠎ᠡᠬᠦᠪᠦᠩ ᠠᠳᠠᠯᠢ ᠬᠦᠪᠪᠦᠰ ᠬᠡᠯ᠎ᠡᠸᠧᠨ ᠯᠦᠩ ᠤᠨ ᠤᠨᠤᠭᠰᠠᠨ ᠵᠡᠭᠡᠷᠳᠡ ᠮᠤᠷᠢᠤᠯᠠᠨ ᠠᠴᠠ  ᠲᠡᠷᠢᠷᠬᠦᠯᠡᠨ ᠬᠤᠰᠢᠭᠤᠷᠠᠭᠠᠳ ᠭᠠᠷᠤᠯ᠎ᠠ ᠭᠤᠸᠠᠩᠳᠦ᠋ᠩ ᠠᠴᠠ ᠢᠷᠡᠭᠰᠡᠨ ᠪᠤᠷᠤ ᠮᠤᠷᠢᠳᠡᠳ᠋ᠯᠡᠵᠦ ᠲᠠᠭᠠᠭᠠᠳ ᠵᠢᠷᠪᠢᠯᠵᠡᠭᠡᠳ ᠢᠷᠡᠯ᠎ᠡᠨᠡᠳᠮᠢᠳ ᠤᠨ ᠤᠨᠤᠭᠰᠠᠨ《 ᠬᠤᠷᠳᠤᠨ ᠬᠡᠭᠡᠷ》ᠨᠡᠷ᠎ᠡ ᠪᠠᠨ ᠭᠤᠳᠤᠭᠠᠬᠤ ᠦᠬᠡᠢ ᠬᠡᠳ ᠨᠡᠬᠡᠭᠡᠳ ᠢᠷᠡᠯ᠎ᠡᠨᠡᠷ᠎ᠡ ᠨᠢ《 ᠲᠦᠷᠦᠬᠦᠦ》 ᠬᠠᠯᠵᠠᠨ ᠵᠡᠭᠡᠷᠳᠡ ᠳᠤ ᠪᠠᠨᠨᠠᠭᠠᠯᠳᠤᠭᠠᠳ ᠵᠠᠭᠠᠨ᠎ᠠ ᠲᠠᠪᠬᠢᠭᠠᠳ ᠢᠷᠡᠯ᠎ᠡᠲᠠᠷᠭᠤ ᠰᠠᠶᠢᠳᠠᠢ ᠰᠢᠶᠠᠩᠭᠠᠩ ᠤᠨ ᠮᠤᠷᠢᠳᠲᠠᠰᠤ ᠵᠦᠰᠦᠭᠡᠳ ᠬᠠᠯᠢᠭᠠᠳ ᠢᠷᠡᠯ᠎ᠡᠲᠠᠰᠢᠶ᠎ᠠ ᠦᠷᠭᠡᠨ ᠰᠢᠡᠵᠢᠶᠠᠩ ᠤᠨ ᠮᠤᠷᠢᠳᠲᠠᠯᠠᠪᠴᠢ ᠲᠠᠢ ᠶᠤᠮ ᠰᠢᠭ᠋ ᠲᠡᠷᠪᠡᠯᠵᠡᠭᠡᠳ ᠢᠷᠡᠯ᠎ᠡᠰᠤᠭᠳᠠᠭ᠎ᠠ ᠰᠤᠭᠳᠠᠭ᠎ᠠ ᠰᠠᠶᠢᠨ ᠮᠤᠷᠢᠳ ᠨᠢ ᠰᠤᠨᠤᠰ ᠰᠤᠨᠤᠰ ᠲᠤᠪᠳᠤᠯᠤᠭᠠᠳ ᠢᠷᠡᠯ᠎ᠡᠰᠤᠷᠳᠠᠯ ᠰᠠᠶᠢᠳᠠᠢ ᠤᠷᠤᠯᠳᠤᠭᠠᠨ ᠮᠤᠷᠢᠳ ᠨᠢᠰᠤᠭᠤ ᠤᠴᠢᠭᠠᠳ ᠲᠠᠪᠬᠢᠭᠠᠳ ᠭᠠᠷᠤᠯ᠎ᠠᠠᠷᠰᠯᠠᠨ ᠪᠠᠷᠰ ᠰᠢᠭ᠋ ᠮᠤᠷᠢᠳ ᠨᠢᠠᠮᠠᠭᠠᠢ ᠬᠦᠡᠳᠦᠷᠦᠭᠡᠳ ᠵᠢᠷᠢᠢᠭᠡᠳ ᠢᠷᠡᠯ᠎ᠡᠠᠪᠤᠨ ᠲᠤᠤᠷ᠎ᠠ ᠪᠠᠨ ᠬᠦᠷᠬᠦ ᠭᠡᠳᠠᠭᠰᠤᠮᠨᠠᠵᠤ ᠰᠠᠮᠠᠭᠠᠷᠳᠠᠨ ᠶᠠᠭᠠᠷᠠᠭᠠᠳ ᠢᠷᠡᠯ᠎ᠡᠠᠷᠭ᠎ᠠ ᠤᠬᠠᠭᠠᠨ ᠲᠠᠢ ᠵᠠᠭᠠᠨ᠎ᠠ ᠴᠢᠨᠢᠠᠮᠠᠭᠠᠢ ᠶᠢ ᠨᠢ ᠲᠠᠳᠠᠭᠠᠳ ᠲᠤᠪᠳᠤᠯᠭᠠᠵᠤ ᠪᠠᠶᠢᠨ᠎ᠠᠠᠭᠱᠠᠨ ᠵᠠᠭᠤᠷ᠎ᠠ ᠪᠤᠯᠬᠤ ᠦᠬᠡᠢ ᠬᠡᠳᠠᠮᠢᠰᠬᠤᠯ ᠠᠪᠤᠭᠤᠯᠤᠨ ᠬᠦᠶᠦᠯᠭᠡᠵᠦ ᠪᠠᠶᠢᠨ᠎ᠠᠪᠠᠷᠳᠠᠮ ᠵᠠᠩ ᠲᠠᠢ ᠮᠤᠷᠢᠴᠢᠨ ᠴᠢᠨᠢᠪᠠᠶᠢᠳᠠᠭ ᠬᠦᠴᠦ ᠪᠠᠷ ᠨᠢ ᠲᠠᠯᠪᠢᠵᠤ ᠪᠠᠶᠢᠨ᠎ᠠᠪᠠᠷᠢᠨ ᠲᠤᠤᠷ᠎ᠠ ᠪᠠᠨ ᠲᠡᠷᠢᠬᠦᠯᠡᠨ᠎ᠡ ᠭᠡᠳᠪᠦᠭᠰᠡ ᠤᠷᠤᠭᠤ ᠨᠢ ᠭᠤᠶᠠᠳᠠᠵᠤ ᠪᠠᠶᠢᠨ᠎ᠠᠰᠠᠡᠳᠤᠷᠤᠤ ᠵᠠᠩ ᠲᠠᠢ ᠨᠢᠭᠡ ᠨᠢᠰᠠᠮᠪᠠᠢ ᠤᠷᠤᠭᠤ ᠨᠢ ᠲᠠᠰᠢᠭᠤᠷᠳᠠᠵᠤ ᠪᠠᠶᠢᠨ᠎ᠠᠰᠠᠮᠪᠠᠭ᠎ᠠ ᠰᠠᠶᠢᠳᠠᠢ ᠵᠠᠭᠠᠨ᠎ᠠ ᠴᠢᠨᠢᠴᠢᠳᠠᠯ ᠢ ᠨᠢ ᠦᠯᠡᠳᠡᠭᠡᠵᠦ ᠲᠠᠯᠪᠢᠵᠤ ᠪᠠᠶᠢᠨ᠎ᠠᠤᠷᠤᠯᠳᠤᠭᠠᠨ ᠮᠤᠷᠢᠳ ᠦᠵᠡᠯᠴᠡᠭᠡᠳ ᠢᠷᠡᠯ᠎ᠡᠦᠵᠡᠭᠴᠢᠳ ᠤᠨ ᠲᠠᠯᠠᠢ ᠲᠠᠪᠠᠯᠭᠠᠯᠠᠭᠠᠳ ᠢᠷᠡᠯ᠎ᠡᠸᠧᠨ ᠯᠦᠩ ᠤᠨ ᠵᠡᠭᠡᠷᠳᠡ ᠦᠵᠦᠭᠦᠷᠯᠡᠨ᠎ᠡ ᠭᠡᠳᠦᠵᠡᠭᠰᠡᠨ ᠪᠦᠬᠦᠨ ᠢᠶᠠᠷ ᠢᠶᠠᠨ ᠬᠡᠯᠡᠯᠴᠡᠵᠦ ᠪᠠᠶᠢᠨ᠎ᠠᠲᠤᠯᠤᠭᠠᠨ ᠤ ᠭᠠᠵᠠᠷ ᠤᠶᠢᠷᠠᠳᠤᠭᠠᠳ ᠢᠷᠡᠯ᠎ᠡᠲᠦᠮᠡᠨ ᠤᠯᠠᠨ ᠨᠠᠷᠭᠢᠯᠳᠤᠭᠠᠳ ᠢᠷᠡᠯ᠎ᠡᠲᠤᠰᠬᠠᠢ ᠰᠤᠷᠭᠠᠭᠴᠢ ᠡᠷᠳᠡᠨᠢᠪᠠᠷᠰ ᠴᠢᠨᠢᠲᠤᠭᠳᠠᠪᠤᠷᠢ ᠠᠯᠳᠠᠭᠠᠳ ᠪᠠᠴᠢᠮᠳᠠᠭᠠᠳ ᠢᠷᠡᠯ᠎ᠡᠰᠤᠷᠮᠠᠭᠠᠢ ᠬᠠᠰᠢᠷ ᠵᠠᠭᠠᠨ᠎ᠠ ᠴᠢᠨᠢᠰᠠᠭᠤᠳᠠᠯ ᠵᠠᠰᠠᠭᠠᠳ ᠪᠦᠬᠦᠶᠢᠯ᠎ᠡᠰᠤᠷᠳᠠᠯ ᠰᠠᠶᠢᠳᠠᠢ《 ᠲᠦᠷᠦᠬᠦᠦ》 ᠴᠢᠨᠢᠰᠤᠭᠤᠷᠠᠵᠤ ᠭᠠᠷᠬᠤ ᠪᠠᠷ ᠪᠠᠵᠠᠭᠠᠯ᠎ᠠᠵᠠᠭᠤᠨ ᠮᠧᠲᠷ ᠤᠶᠢᠷᠠᠳᠤᠯ᠎ᠠ   ᠵᠠᠭᠠᠨ᠎ᠠ ᠵᠢᠯᠤᠭᠤ ᠲᠠᠯᠪᠢᠯ᠎ᠠᠵᠢᠯᠤᠭᠤ ᠲᠠᠨᠢᠳᠠᠭ ᠬᠠᠯᠵᠠᠨ ᠵᠡᠭᠡᠷᠳᠡ   ᠵᠢᠪᠠᠷ ᠲᠠᠳᠠᠨ ᠵᠢᠵᠢᠬᠢᠨᠡᠭᠠᠳ ᠢᠷᠠᠯ᠎ᠠᠸᠧᠨ ᠯᠦᠩ ᠤᠨ ᠮᠤᠷᠢ ᠶᠢ   ᠬᠦᠢᠴᠡᠭᠡᠳ ᠢᠷᠡᠯ᠎ᠡᠦᠵᠡᠬᠦ ᠶᠢᠨ ᠬᠤᠭᠤᠷᠤᠡᠳᠤ   ᠵᠡᠷᠭᠡᠴᠡᠭᠡᠳ ᠢᠷᠡᠯ᠎ᠡᠬᠠᠯᠵᠠᠨ ᠵᠡᠭᠡᠷᠳᠡ   ᠰᠤᠭᠤᠷᠠᠭᠠᠳ ᠭᠠᠷᠤᠯ᠎ᠠ︕ᠬᠠᠰᠢᠷ ᠵᠠᠭᠠᠨ᠎ᠠ    ᠬᠠᠢ︕ ᠭᠡᠯ᠎ᠡᠮᠠᠯᠴᠢᠨ ᠵᠠᠭᠠᠨ᠎ᠠ ᠮᠡᠭᠵᠢᠰ ᠭᠡᠯ᠎ᠡᠮᠠᠩᠨᠠᠢ ᠬᠠᠯᠵᠠᠨ ᠰᠤᠨᠤᠰ ᠭᠡᠯ᠎ᠡᠮᠢᠡᠳᠠᠰᠤᠨ ᠵᠢᠯᠤᠭᠤ ᠰᠤᠯᠠᠷᠠᠰ ᠬᠡᠯ᠎ᠡᠮᠠᠰᠢ ᠠᠴᠠ ᠰᠤᠮᠤᠳᠠᠭᠠᠳ ᠬᠢᠯᠡᠰ ᠬᠡᠯ᠎ᠡᠲᠤᠷᠭᠠᠨ ᠲᠡᠪᠡᠯ ᠨᠢ ᠲᠡᠷᠪᠡᠰ ᠭᠡᠯ᠎ᠡᠲᠤᠭᠤᠰᠤᠨ ᠲᠤᠮᠳᠠᠭᠤᠷ ᠰᠤᠮᠤᠳᠠᠭᠠᠳ ᠭᠠᠷᠤᠯ᠎ᠠᠲᠤᠭᠤᠰ ᠤᠨ ᠰᠡᠭᠦᠯ ᠢᠶᠠᠨ ᠲᠠᠯᠪᠢᠰ ᠬᠡᠯ᠎ᠡᠲᠤᠯᠤᠭᠠᠨ ᠤ ᠭᠠᠵᠠᠷ ᠦᠵᠡᠭᠳᠡᠭᠡᠳ ᠢᠷᠡᠯ᠎ᠡᠬᠠᠨᠳᠠᠭᠠᠢ ᠪᠤᠭᠤ ᠰᠢᠭ᠋ ᠬᠠᠷᠠᠶᠢᠯᠠᠭᠠᠳ ᠢᠷᠡᠯ᠎ᠡᠬᠠᠷᠪᠤᠭᠰᠠᠨ ᠰᠤᠮᠤ ᠰᠢᠭ᠋ ᠱᠤᠤᠭᠢᠭᠠᠳ ᠢᠷᠡᠯ᠎ᠡᠬᠠᠷᠴᠠᠭᠠᠢ ᠰᠢᠪᠠᠭᠤ ᠰᠢᠭ᠋ ᠬᠠᠯᠢᠭᠠᠳ ᠢᠷᠡᠯ᠎ᠡᠬᠠᠷᠠᠭᠠᠨ ᠤ ᠭᠠᠵᠠᠷ ᠲᠡᠷᠢᠬᠦᠯᠡᠭᠡᠳ ᠢᠷᠡᠯ᠎ᠡᠬᠤᠷᠴᠢᠨ ᠤ ︽ᠲᠦᠷᠦᠬᠦᠦ︾    ᠬᠠᠷᠪᠤᠭᠠᠳ ᠭᠠᠷᠤᠯ᠎ᠠᠬᠠᠮᠤᠭ ᠤᠨ ᠲᠡᠷᠢᠬᠦᠨ ᠳᠤ    ᠱᠤᠭᠤᠮ ᠢ ᠰᠢᠪᠳᠤᠯᠤᠯ᠎ᠠᠦᠳᠳᠦᠷ ᠲᠦᠷᠭᠡᠨ   ᠦᠢᠮᠡᠭᠡᠨ ᠪᠤᠯᠤᠯ᠎ᠠᠦᠵᠡᠭᠴᠢᠳ ᠤᠯᠠᠨ   ᠠᠯᠠᠭ᠎ᠠ ᠲᠠᠰᠢᠯ᠎ᠠᠤᠷᠤᠯᠳᠤᠭᠠᠨ ᠤ ᠲᠠᠯᠠᠪᠠᠢ   ᠲᠠᠯᠠᠢ ᠪᠤᠴᠠᠯᠤᠯ᠎ᠠᠦᠢ ᠲᠦᠮᠡᠨ ᠢᠶᠠᠷ ᠢᠶᠠᠨ   ᠬᠡᠯᠡᠯᠴᠡᠭᠡ ᠪᠤᠯᠤᠯ᠎ᠠᠲᠡᠷᠢᠬᠦᠯᠡᠭᠰᠡᠨ ᠮᠤᠷᠢ   ᠬᠠᠯᠵᠠᠨ ᠵᠡᠭᠡᠷᠳᠡᠲᠡᠭᠦᠨ ᠤ ᠡᠵᠡᠨ   ᠵᠠᠭᠠᠨ᠎ᠠ ᠬᠡᠯ᠎ᠡ ᠬᠦᠢ︕ᠮᠤᠷᠢᠨ ᠤ ᠰᠠᠶᠢᠨ ᠢᠶᠠᠨ ᠭᠠᠶᠢᠬᠠᠭᠤᠯᠤᠭᠰᠠᠨᠮᠠᠯᠴᠢᠨ ᠵᠠᠭᠠᠨ᠎ᠠ ᠮᠠᠭᠳᠠᠭᠠᠯᠳᠠᠢᠮᠤᠩᠭᠤᠯ ᠤᠨ ᠰᠦᠷ ᠢ ᠮᠠᠡᠳᠤᠭᠤᠯᠤᠭᠠᠳᠮᠠᠨ ᠤ ᠵᠠᠭᠠᠨ᠎ᠠ ᠭᠠᠶᠢᠬᠠᠯᠳᠠᠢᠮᠤᠷᠢᠨ ᠸᠠᠩ ᠤᠨ ᠠᠯᠳᠠᠷ ᠢ ᠲᠠᠭᠤᠳᠠᠬᠤ ᠳᠤᠮᠠᠨ ᠤ ᠵᠠᠭᠠᠨ᠎ᠠ ᠲᠠᠭᠤᠷᠢᠰᠤᠯᠳᠠᠢᠮᠠᠷᠭᠠᠰᠢ ᠶᠢᠨ ᠲᠠᠬᠢᠨ ᠦᠵᠡᠯᠴᠡᠭᠡᠨ ᠳᠤᠮᠤᠩᠭᠤᠯᠴᠤᠳ ᠲᠡᠷᠢᠬᠦᠯᠡᠬᠦ ᠪᠡᠯᠡᠳᠭᠡᠯ ᠲᠠᠢᠠᠭᠳᠠ ᠶᠢᠨ ᠲᠡᠷᠢᠬᠦᠨ ᠬᠤᠷᠳᠤᠨ ᠬᠦᠯᠦᠭᠠᠳᠤᠭᠤᠨ ᠲᠤᠮᠳᠠ ᠪᠠᠨ ᠦᠤᠷᠰᠡᠯ ᠲᠠᠢ︽ᠠᠯᠳᠠᠨ ᠮᠤᠷᠢᠨ ᠬᠤᠨᠳᠠᠭ᠎ᠠ︾ᠠᠭᠤᠳᠠᠮ ᠬᠤᠷᠴᠢᠨ ᠳᠤ ᠪᠠᠨ ᠰᠠᠴᠤᠷᠠᠯ ᠲᠠᠢᠲᠤᠮᠳᠠᠳᠤ ᠶᠢᠨ ᠮᠤᠷᠢᠨ ᠸᠠᠩ ᠤᠨ ᠠᠯᠳᠠᠷᠲᠤᠷᠤᠨ᠎ᠠ ᠳᠠᠬᠢᠨ ᠳᠤ ᠴᠤᠤᠷᠢᠶᠠᠳᠤᠯᠳᠠᠢᠲᠤᠳᠤᠨᠤ ᠬᠠᠯᠠᠭᠤᠨ ᠬᠤᠷᠴᠢᠨ ᠲᠦᠮᠡᠨᠲᠠᠭᠤᠤ ᠪᠠᠨ ᠡᠷᠭᠦᠭᠡᠳ ᠤᠭᠳᠤᠯᠳᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号