ᠶᠠᠮᠠᠷᠰᠢᠦ ᠬᠦᠮᠦᠰ ᠤᠨ ᠲᠠᠷᠬᠠᠯᠠᠭ᠎ᠠ ᠠᠮᠠᠷᠬᠠᠨ ᠰᠣᠯᠠᠷᠠᠳᠠᠭ ᠪᠤᠢ︖ ᠲᠠᠷᠬᠠᠯᠠᠭ᠎ᠠ ᠰᠣᠯᠠᠷᠠᠵᠤ ᠮᠠᠭᠤᠳᠠᠬᠤ ᠶᠢ ᠶᠠᠭᠠᠬᠢᠵᠤ ᠰᠡᠷᠭᠡᠶᠢᠯᠡᠬᠦ ᠪᠣᠢ︖
ᠨᠡᠶᠢᠲᠡᠯᠡᠭᠰᠡᠨ ᠴᠠᠭ᠄
2024/7/15
   ᠠᠨᠠᠭᠠᠬᠤ ᠤᠬᠠᠭᠠᠨᠲᠠᠳ ᠠᠴᠠ ᠲᠠᠷᠬᠠᠯᠠᠭ᠎ᠠ ︵ᠡᠪᠡᠳᠴᠢᠨ ᠢ ᠡᠰᠡᠷᠭᠦᠴᠡᠬᠦ ᠴᠢᠳᠠᠪᠤᠷᠢ︶ ᠠᠮᠠᠷᠬᠠᠨ ᠰᠤᠯᠠᠷᠠᠳᠠᠭ 9 ᠲᠦᠷᠦᠯ ᠤᠨ ᠬᠦᠮᠦᠰ ᠢ ᠳ᠋ᠦᠩᠨᠡᠵᠦ ᠭᠠᠷᠭᠠᠭᠰᠠᠨ ᠢ ᠠᠮᠧᠷᠢᠺᠠ ᠶᠢᠨ ᠬᠡᠪᠯᠡᠯ ᠮᠡᠳᠡᠭᠡᠯᠡᠯ ᠤᠨ ᠬᠢᠨ ᠮᠡᠳᠡᠭᠡᠯᠡᠵᠡᠢ᠃ ᠲᠡᠭᠡᠪᠡᠯ ᠶᠠᠮᠠᠷᠰᠢᠦ ᠬᠦᠮᠦᠰ ᠤᠨ ᠲᠠᠷᠬᠠᠯᠠᠭ᠎ᠠ ᠠᠮᠠᠷᠬᠠᠨ ᠰᠣᠯᠠᠷᠠᠳᠠᠭ ᠪᠤᠢ︖ ᠲᠠᠷᠬᠠᠯᠠᠭ᠎ᠠ ᠰᠣᠯᠠᠷᠠᠵᠤ ᠮᠠᠭᠤᠳᠠᠬᠤ ᠶᠢ ᠶᠠᠭᠠᠬᠢᠵᠤ ᠰᠡᠷᠭᠡᠶᠢᠯᠡᠬᠦ ᠪᠣᠢ︖     ᠳᠣᠣᠷᠠᠬᠢ ᠶᠢᠰᠦᠨ ᠲᠦᠷᠦᠯ ᠤᠨ ᠬᠦᠮᠦᠰ ᠤᠨ ᠲᠠᠷᠬᠠᠯᠠᠭ᠎ᠠ ᠰᠣᠯᠠ ᠪᠠᠶᠢᠳᠠᠭ᠄     1. ᠨᠡᠶᠢᠭᠡᠮ ᠤᠨ ᠬᠠᠷᠢᠯᠴᠠᠭ᠎ᠠ ᠪᠠᠭ᠎ᠠ ᠬᠦᠮᠦᠰ     2. ᠨᠤᠶᠢᠷ ᠲᠤᠲᠠᠭᠤ ᠬᠦᠮᠦᠰ     3. ᠠᠯᠢᠪᠠ ᠶᠠᠪᠤᠳᠠᠯ ᠢ ᠮᠠᠭᠤ ᠲᠡᠰᠢ ᠰᠡᠳᠬᠢᠳᠡᠭ ᠬᠦᠮᠦᠰ     4. ᠦᠷᠬᠦᠯᠵᠢ ᠠᠭᠤᠷᠯᠠᠨ ᠪᠣᠬᠢᠨᠢᠳᠤᠳᠠᠭ᠂ ᠪᠠᠴᠢᠮᠳᠠᠳᠠᠭ ᠬᠦᠮᠦᠰ     5. ᠲᠠᠩᠳᠠ ᠰᠡᠳᠭᠢᠯ ᠤᠨ ᠳᠠᠷᠤᠭᠠᠰᠤ ᠲᠠᠢ ᠠᠮᠢᠳᠤᠷᠠᠳᠠᠭ ᠬᠦᠮᠦᠰ     6. ᠬᠠᠮᠢᠭ᠎ᠠ ᠶᠠᠪᠤᠪᠠᠴᠤ ᠲᠡᠷᠭᠡ ᠠᠴᠠ ᠰᠠᠯᠳᠠᠭ ᠦᠭᠡᠢ ᠬᠦᠮᠦᠰ     7. ᠲᠠᠮᠠᠬᠢᠴᠢᠨ ᠲᠠᠢ ᠨᠠᠶᠢᠵᠠᠯᠠᠳᠠᠭ ᠬᠦᠮᠦᠰ     8. ᠡᠮ ᠤᠯᠠᠨ ᠤᠤᠭᠤᠳᠠᠭ ᠬᠦᠮᠦᠰ     9. ᠠᠮᠠᠷᠬᠠᠨ ᠪᠠᠶᠠᠷᠯᠠᠳᠠᠭ ᠦᠭᠡᠢ ᠬᠦᠮᠦᠰ         ᠳᠤᠤᠷᠠᠬᠢ ᠶᠢᠰᠦᠨ ᠲᠦᠷᠦᠯ ᠤᠨ ᠠᠷᠭ᠎ᠠ ᠪᠠᠷ ᠲᠠᠷᠬᠠᠯᠠᠭ᠎ᠠ ᠪᠠᠨ ᠰᠠᠶᠢᠵᠢᠷᠠᠭᠤᠯᠵᠤ   ᠪᠣᠯᠳᠠᠭ᠄     1. ᠬᠠᠩᠭᠠᠯᠲᠠᠲᠠᠢ ᠤᠨᠲᠠᠵᠤ᠂ ᠠᠮᠠᠷᠠᠬᠤ ᠴᠠᠭ ᠢᠶᠠᠨ ᠪᠠᠲᠤᠯᠠᠬᠤ     2. ᠦᠷᠯᠦᠭᠡ ᠳᠤ ᠪᠠᠨ ᠰᠦ ᠤᠤᠭᠤᠬᠤ     3. ᠰᠠᠷᠢᠮᠰᠠᠭ ᠢᠯᠡᠬᠦᠬᠡᠨ ᠢᠳᠡᠬᠦ     4. ᠬᠦᠬᠡ ᠨᠤᠭᠤᠭ᠎ᠠ ᠪᠣᠯᠣᠨ ᠲᠠᠬᠢᠶᠠᠨ ᠱᠦᠯᠦ ᠶᠢ ᠬᠠᠮᠲᠤ ᠬᠡᠷᠡᠭᠯᠡᠬᠦ     5. ᠦᠷᠬᠦᠯᠵᠢ ᠪᠠᠯ ᠲᠠᠢ ᠤᠰᠤ ᠤᠤᠭᠤᠬᠤ     6. ᠦᠳᠡ ᠶᠢᠨ ᠬᠤᠶᠢᠨ᠎ᠠ ᠴᠠᠢ ᠤᠤᠭᠤᠬᠤ     7. ᠭᠠᠷᠠᠭ ᠪᠦᠷᠢ ᠪᠡᠶ᠎ᠡ ᠶᠢᠨ ᠲᠠᠮᠢᠷ ᠤᠨ ᠪᠣᠯᠪᠠᠰᠣᠷᠠᠯ ᠳᠤ ᠤᠷᠤᠯᠴᠠᠬᠤ     8. ᠨᠠᠷᠠᠨ ᠳᠤ ᠢᠯᠡᠬᠦᠭᠡᠨ ᠡᠭᠡᠭᠡᠬᠦ     9. ᠦᠷᠬᠦᠯᠵᠢ ᠢᠨᠢᠶᠡᠮᠰᠦᠭᠯᠡᠬᠦ      ᠬᠠᠮᠤᠭ ᠤᠨ ᠰᠠᠶᠢᠨ ᠡᠮᠴᠢ ᠲᠠᠢ ᠪᠠᠶᠢᠬᠤ ᠭᠡᠳᠡᠭ ᠪᠣᠯ ︽ᠬᠤᠪᠢᠯᠭᠠᠨ ᠤᠲᠠᠴᠢ︾ ᠲᠠᠢ ᠪᠠᠶᠢᠬᠤ ᠶᠢ ᠵᠢᠭᠠᠵᠤ ᠪᠠᠶᠢᠭ᠎ᠠ ᠪᠣᠰᠣ᠂ ᠬᠠᠷᠢᠨ ᠦᠪᠡᠷ ᠤᠨ ᠪᠡᠶ᠎ᠡ ᠶᠢᠨ ᠢᠶᠠᠨ ᠲᠠᠷᠬᠠᠯᠠᠭ᠎ᠠ ᠪᠠᠨ ᠳᠡᠭᠡᠭᠰᠢᠯᠡᠬᠦᠯᠬᠦ ᠶᠢ ᠵᠢᠭᠠᠵᠤ ᠪᠠᠶᠢᠭ᠎ᠠ ᠶᠤᠮ ᠃ ᠡᠷᠡᠭᠦᠯ ᠰᠠᠷᠠᠭᠤᠯ ᠪᠡᠶ᠎ᠡ ᠮᠠᠬᠠᠪᠤᠳ ᠪᠣᠯ ᠬᠦᠮᠦᠰ ᠤᠨ ᠠᠯᠢᠪᠠ ᠪᠦᠬᠦᠨ ᠤ ᠰᠠᠭᠤᠷᠢ ᠪᠣᠯᠬᠤᠷ ᠳᠠᠶᠠᠭᠠᠷ ᠢᠶᠠᠨ ᠪᠡᠶ᠎ᠡ ᠪᠠᠨ ᠬᠠᠶᠢᠷᠠᠯᠠᠬᠤ ᠶᠢᠨ ᠬᠠᠮᠲᠤ ᠦᠷᠦᠭᠡᠯ ᠪᠣᠰᠣᠳ ᠢ ᠬᠠᠯᠠᠮᠵᠢᠯᠠᠵᠤ ᠶᠠᠪᠤᠭᠠᠷᠠᠢ︕ ᠵᠤᠯ     ᠵᠢᠷᠭᠠᠯᠲᠤ   ᠠᠮᠢᠳᠤᠷᠠᠯ   ᠪᠣᠯ   ᠡᠳᠦᠷ   ᠪᠦᠷᠢ   ᠶᠢᠨ ᠢᠨᠢᠶᠡᠮᠰᠦᠭᠯᠡᠯ   ᠠᠴᠠ    ᠡᠬᠢᠯᠡᠳᠡᠭ ᠤᠴᠢᠷᠲᠠᠢ᠃      ᠢᠷᠡᠯᠲᠡ᠄ ᠲᠦᠪ ᠮᠤᠩᠭᠤᠯ ᠷᠠᠳᠢᠤ᠋ ᠶᠢᠨ ᠸᠢᠴᠠᠲ ᠲᠠᠪᠴᠠᠩ
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号