ᠨᠢᠭᠡ ᠬᠦᠮᠦᠨ ᠤ ᠡᠬᠡ ᠶᠢᠨ ᠬᠡᠪᠡᠯᠢ ᠳᠤ ᠪᠦᠳᠦᠬᠦ ᠠᠴᠠ ᠨᠠᠰᠤ ᠡᠴᠦᠰᠯᠡᠬᠦ ᠬᠦᠷᠳᠡᠯᠡᠬᠢ ᠬᠤᠷᠢᠨ ᠲᠠᠪᠤᠨ | ᠦᠶ᠎ᠡ ᠶᠢᠨ ᠨᠡᠷᠡᠶᠢᠳᠦᠯ ᠮᠤᠩᠭᠤᠯ ᠣᠯᠤᠰ ᠤᠨ ᠡᠷᠳᠡᠮᠳᠡᠨ ᠲ᠊᠂ ᠭᠠᠯᠰᠠᠩ ᠭᠤᠸᠠᠢ ᠬᠡᠤᠬᠡᠳ ᠨᠠᠰᠣᠨ ᠤ | ᠢᠯᠭᠠᠪᠤᠷᠢ ᠪᠠᠷ ᠨᠢᠷᠤᠭᠤᠪᠴᠢᠯᠠᠵᠤ᠂ ᠬᠦᠮᠦᠨ ᠤ ᠲᠦᠷᠦᠬᠦ ᠠᠴᠠ ᠨᠠᠰᠤ ᠨᠦᠭᠴᠢᠬᠦ ᠬᠦᠷᠳᠡᠯᠡᠬᠢ ᠠᠮᠢᠳᠣᠷᠠᠯ ᠤᠨ | ᠪᠦᠬᠦᠶᠢᠯᠡ ᠦᠶ᠎ᠡ ᠶᠢ ᠪᠠᠭᠳᠠᠭᠠᠭᠰᠠᠨ ᠨᠠᠰᠤᠨ ᠤ ᠢᠯᠭᠠᠪᠤᠷᠢ᠂ ᠵᠠᠭᠠᠭ ᠢ ᠬᠤᠷᠢᠨ ᠲᠠᠪᠤᠨ ᠦᠶ᠎ᠡ ᠪᠣᠯᠭᠠᠨ | ᠬᠤᠪᠢᠶᠠᠵᠤ᠂ ᠦᠶ᠎ᠡ ᠪᠦᠬᠦᠨ ᠳᠤ ᠣᠣᠭᠠᠯ ᠮᠤᠩᠭᠤᠯ ᠨᠡᠷ᠎ᠡ ᠬᠠᠶᠢᠷᠠᠯᠠᠵᠤ᠂ ᠲᠣᠰ ᠲᠣᠰ ᠤᠨ ᠬᠢᠨᠢ ᠣᠨᠴᠠᠯᠢᠭ ᠢ | ᠲᠣᠳᠣᠷᠠᠭᠤᠯᠣᠭᠰᠠᠨ ᠪᠠᠶᠢᠨ᠎ᠠ᠃ | 1. ᠦᠷ᠎ᠡ ᠪᠤᠶᠠᠨ ᠤ ᠨᠠᠰᠣ᠄ ᠦᠷ᠎ᠡ ᠡᠴᠢᠭᠡ ᠶᠢᠨ ᠰᠢᠮ᠎ᠡ ᠲᠣᠰᠤᠯ᠂ ᠡᠬᠡ ᠶᠢᠨ ᠠᠷᠢᠭᠤᠨ ᠬᠡᠪᠡᠯᠢ ᠳᠤ | ᠪᠦᠷᠢᠯᠳᠦᠬᠦ ᠦᠶ᠎ᠡ᠃ | 2. ᠣᠭᠤᠳᠣᠨᠠ ᠰᠡᠭᠦᠯᠯᠡᠬᠦ ᠨᠠᠰᠤ᠄ ᠬᠦᠮᠦᠨ ᠲᠦᠷᠰᠤ ᠣᠯᠬᠤ ᠦᠶ᠎ᠡ ᠶᠢ ᠣᠭᠤᠳᠣᠨᠠ ᠰᠡᠭᠦᠯᠯᠡᠬᠦ ᠨᠠᠰᠣ | ᠭᠡᠨ᠎ᠡ᠃ | 3. ᠮᠢᠨᠵᠢ ᠪᠤᠯᠭᠠᠨ ᠨᠠᠰᠤ᠄ ᠡᠬᠡ ᠶᠢᠨ ᠣᠰᠤᠨ ᠬᠡᠪᠡᠯᠢ ᠳᠤ ᠮᠢᠨᠵᠢ ᠰᠢᠭ ᠰᠠᠯᠢᠨ᠂ ᠡᠳᠦᠷ ᠠᠴᠠ ᠡᠳᠦᠷ ᠲᠤ᠂ | ᠭᠱᠠᠨ ᠠᠴᠠ ᠬᠤᠷᠢᠮ ᠳᠤ᠂ ᠬᠤᠷᠢᠮ ᠠᠴᠠ ᠴᠠᠭ ᠲᠤ᠂ ᠴᠠᠭ ᠠᠴᠠ ᠡᠳᠦᠷ ᠲᠤ ᠰᠡᠯᠢᠨ ᠨᠠᠭᠠᠳᠬᠤ ᠣᠰᠤᠨ ᠤ | ᠠᠮᠢᠳᠠᠨ ᠰᠢᠭ᠋ ᠨᠠᠰᠤ ᠶᠢ ᠮᠢᠨᠵᠢ ᠪᠤᠯᠭᠠᠨ ᠨᠠᠰᠤ ᠭᠡᠨ᠎ᠡ᠃ | 4. ᠡᠬᠡ ᠶᠢᠨ ᠨᠠᠰᠤ᠄ ᠣᠯᠤᠭᠰᠠᠨ ᠭᠱᠠᠨ ᠠᠴᠠ ᠲᠦᠷᠦᠭᠰᠡᠨ ᠬᠤᠷᠣᠮ ᠬᠦᠷᠳᠡᠯᠡᠬᠢ ᠬᠤᠭᠤᠴᠠᠭ᠎ᠠ ᠶᠢ ᠡᠬᠡ ᠶᠢᠨ | ᠨᠠᠰᠤ ᠭᠡᠨ᠎ᠡ᠃ | 5. ᠮᠡᠨᠳᠦᠯᠡᠬᠦ ᠨᠠᠰᠤ᠄ ᠣᠳᠤᠮ ᠤᠨ ᠣᠯᠠᠭᠠᠴᠢ᠂ ᠡᠴᠢᠭᠡ ᠶᠢᠨ ᠢᠶᠠᠨ ᠭᠡᠷ ᠲᠤ ᠢᠷᠡᠬᠦ ᠬᠤᠪᠣᠷ ᠵᠠᠶᠠᠭ᠎ᠠ | ᠢᠷᠦᠭᠡᠯᠳᠣ ᠦᠶ᠎ᠡ ᠶᠢ ᠮᠡᠨᠳᠦᠯᠡᠬᠦ ᠨᠠᠰᠤ ᠭᠡᠨ᠎ᠡ᠃ | 6. ᠦᠯᠦᠭᠡᠢ ᠲᠠᠢ ᠨᠠᠰᠤ᠄ ᠮᠠᠴᠤᠢ ᠳᠤ ᠮᠠᠷᠢᠶᠠᠯᠠᠬᠤ ᠦᠶ᠎ᠡ ᠶᠢ ᠦᠯᠦᠭᠡᠢ ᠲᠠᠢ ᠨᠠᠰᠤ ᠭᠡᠨ᠎ᠡ᠃ ᠪᠠᠰᠠ ᠨᠢᠷᠠᠢ | ᠨᠠᠰᠤ ᠭᠡᠨ᠎ᠡ᠃ | 7. ᠣᠬᠢᠯᠠᠮᠠᠬᠠᠢ ᠨᠠᠰᠤ᠄ ᠣᠬᠢᠯᠠᠬᠤ ᠨᠢ ᠡᠪᠡᠳᠴᠢᠨ ᠪᠤᠰᠤ᠂ ︽ᠣᠬᠢᠯᠠᠭᠰᠠᠭᠠᠷ ᠣᠬᠢᠯᠠᠭᠰᠠᠭᠠᠷ ᠬᠦᠮᠦᠨ | ᠪᠤᠯᠳᠠᠭ᠂ ᠮᠠᠶᠢᠯᠠᠭᠰᠠᠭᠠᠷ ᠮᠠᠶᠢᠯᠠᠭᠰᠠᠭᠠᠷ ᠮᠠᠯ ᠪᠤᠯᠳᠠᠭ᠃︾ ᠬᠤᠪᠢ ᠦᠢᠷ᠎ᠠ ᠶᠢᠨ ᠬᠢᠨ ᠲᠠᠢ ᠪᠠᠨ ᠬᠠᠰᠭᠢᠷᠤᠨ ︽ | ᠶᠠᠷᠢᠳᠠᠭ︾ ᠦᠶ᠎ᠡ ᠶᠢ ᠬᠡᠯᠡᠨ᠎ᠡ᠃ | 8. ᠮᠦᠯᠬᠦᠭᠡ ᠨᠠᠰᠤ᠄ ᠠᠪᠤ ᠶᠢᠨ ᠭᠡᠷ ᠤᠨ ᠬᠤᠶᠢᠮᠤᠷ ᠢ ᠡᠪᠦᠳᠦᠭ ᠲᠤᠬᠤᠢ ᠪᠠᠷ ᠢᠶᠠᠨ ᠲᠤᠭᠤᠯᠬᠤ᠂ ᠢᠯᠢᠭᠡ | ᠡᠯᠡᠭᠡᠬᠦ ᠬᠤᠭᠤᠴᠠᠭ᠎ᠠ ᠶᠢ ᠮᠦᠯᠬᠦᠭᠡ ᠨᠠᠰᠤ ᠭᠡᠨ᠎ᠡ᠃ | 9. ᠬᠦᠯ ᠳᠤ ᠣᠷᠤᠬᠤ ᠨᠠᠰᠤ᠄ ᠲᠡᠭᠰᠢ ᠭᠠᠵᠠᠷ ᠲᠤ ᠲᠡᠩᠴᠡᠨ᠂ ᠲᠠᠨᠳᠠᠷ ᠲᠣᠨᠳᠠᠷ ᠠᠯᠬᠤᠵᠤ ᠡᠬᠢᠯᠡᠬᠦ | ᠦᠶ᠎ᠡ ᠶᠢ ᠬᠦᠯ ᠳᠤ ᠣᠷᠤᠬᠤ ᠨᠠᠰᠤ ᠭᠡᠨ᠎ᠡ᠃ | 10. ᠣᠶᠠᠯᠠᠭᠠ ᠪᠠᠳᠤ ᠨᠠᠰᠤ᠄ ᠬᠦᠯ ᠳᠤ ᠣᠷᠤᠵᠤ ᠡᠬᠢᠯᠡᠭᠰᠡᠨ ᠳᠡᠭᠡᠨ ᠬᠦᠭᠡᠷᠦᠭᠰᠡᠨ ᠬᠡᠤᠬᠡᠳ᠂ ᠠᠪᠤ | ᠡᠵᠢ ᠶᠢᠨ ᠢᠶᠠᠨ ᠡᠵᠡᠭᠦᠢ ᠳᠤ ᠠᠶᠣᠯ ᠦᠷᠳᠦᠯᠦᠭᠡᠰᠤ ᠳᠤ ᠣᠷᠤᠬᠤ ᠠᠴᠠ ᠰᠡᠷᠭᠡᠶᠢᠯᠡᠬᠦ᠂ ᠪᠠᠷᠠᠭᠤᠨ ᠬᠤᠶᠢᠳᠤ | ᠬᠠᠨᠠᠨ ᠠᠴᠠ ᠡᠷ᠎ᠡ ᠰᠣᠷ ᠢᠶᠠᠷ ᠪᠠᠳᠣᠳᠠᠢ ᠣᠶᠠᠵᠤ ᠰᠣᠷᠭᠠᠳᠠᠭ ᠨᠠᠰᠤ ᠶᠢ ᠬᠡᠯᠡᠨ᠎ᠡ᠃ ︽ᠣᠶᠠᠭᠰᠠᠨ ᠬᠡᠤᠬᠡᠳ ᠣᠷᠳᠤ | ᠨᠠᠰᠣᠯᠠᠳᠠᠭ︾ ᠭᠡᠰᠡᠨ ᠠᠮᠠᠨ ᠬᠡᠯᠡᠴᠡ ᠪᠤᠢ᠃ | 11. ᠬᠤᠷᠠᠭᠠᠴᠢᠨ ᠨᠠᠰᠤ᠄ ᠬᠤᠷᠠᠭ᠎ᠠ ᠲᠠᠢ ᠲᠤᠭᠯᠠᠬᠤ᠂ ᠬᠦᠭᠡᠨ᠎ᠡ ᠬᠤᠷᠠᠭ᠎ᠠ ᠢᠰᠢᠭᠡ ᠲᠠᠯᠪᠢᠬᠤ᠂ ᠭᠡᠷ ᠤᠨ | ᠦᠢᠷ᠎ᠠ ᠵᠠᠭᠤᠷ᠎ᠠ ᠭᠠᠵᠠᠷ ᠲᠤ ᠬᠤᠷᠠᠭ᠎ᠠ ᠲᠠᠭᠤᠵᠤ ᠠᠪᠴᠢᠷᠠᠬᠤ ᠵᠡᠷᠭᠡ ᠪᠠᠷ ᠠᠪᠤ ᠡᠵᠢ ᠳᠡᠭᠡᠨ ᠭᠠᠷ ᠬᠦᠯ ᠪᠤᠯᠬᠤ | ᠦᠶ᠎ᠡ ᠶᠢ ᠬᠤᠷᠠᠭᠠᠴᠢᠨ ᠨᠠᠰᠤ ᠭᠡᠨ᠎ᠡ᠃ ᠮᠤᠩᠭᠤᠯᠴᠣᠳ 4 — 5 ᠨᠠᠰᠤᠨ ᠤ ᠵᠢᠭᠠᠯ ᠲᠠᠢ ᠪᠤᠯᠪᠠᠯ ︽ᠲᠠᠨ ᠤ | ᠭᠠᠶᠢᠭᠤᠢ ᠰᠠᠶᠢᠨ ᠬᠤᠷᠠᠭᠠᠴᠢᠨ ᠲᠠᠢ ᠪᠤᠯᠵᠡᠢ︾ ᠭᠡᠵᠤ ᠬᠡᠯᠡᠳᠡᠭ᠃ | 12. ᠲᠣᠭᠤᠯᠴᠢᠨ ᠨᠠᠰᠤ᠄ ᠵᠠᠯᠠᠨ ᠠᠴᠠ ᠲᠤᠭᠤᠯ ᠲᠠᠯᠪᠢᠬᠤ᠂ ᠦᠢᠷ᠎ᠠ ᠵᠠᠭᠤᠷ᠎ᠠ ᠡᠷᠭᠢᠬᠦᠯᠬᠦ ᠪᠤᠯᠤᠭᠰᠠᠨ | ᠦᠶ᠎ᠡ ᠶᠢ ᠲᠤᠭᠤᠯᠴᠢᠨ ᠨᠠᠰᠤ ᠭᠡᠨ᠎ᠡ᠃ ᠡᠨᠡ ᠨᠢ 5 — 6 ᠨᠠᠰᠤ ᠭᠡᠰᠡᠨ ᠦᠭᠡ᠃ | 13. ᠪᠤᠳᠣᠭᠤᠴᠢᠨ ᠨᠠᠰᠤ᠄ ᠲᠡᠮᠡᠭᠡ ᠪᠤᠯ ᠣᠷᠳᠤ ᠬᠦᠯ ᠤᠨ ᠠᠮᠢᠳᠠᠨ᠃ ᠲᠣᠣᠱᠢ ᠵᠠᠮ ᠳᠤ ᠨᠢᠭᠡ ᠦᠷᠳᠡᠭᠡ ︵ | 2 ᠺᠢᠯᠤᠮᠧᠳ᠋ᠷ︶ ᠵᠠᠮ ᠲᠤᠭᠤᠯᠣᠨᠠ᠃ ᠪᠤᠳᠣᠭᠤ ᠪᠠᠰᠠ ᠣᠳᠤᠮ ᠢᠶᠠᠨ ᠲᠠᠭᠤᠷᠢᠶᠠᠬᠤ ᠨᠢ ᠢᠯᠡᠷᠬᠡᠢ᠃ ᠭᠡᠷ ᠠᠴᠠ 2 | — 4 ᠺᠢᠯᠤᠮᠧᠳ᠋ᠷ ᠠᠯᠣᠰᠯᠠᠬᠤ ᠨᠢ ᠶᠡᠷᠦᠳᠡ ᠶᠢᠨ ᠦᠵᠡᠭᠳᠡᠯ᠃ ᠡᠶᠢᠮᠤ ᠲᠤᠬᠢᠶᠠᠯᠳᠣᠯ ᠳᠤ ᠪᠤᠳᠤᠭᠤ ᠪᠣᠴᠠᠭᠠᠬᠤ᠂ | ᠢᠩᠭᠡ ᠣᠶᠢᠷᠠᠳᠣᠭᠤᠯᠬᠤ ᠪᠤᠯᠤᠭᠰᠠᠨ ᠬᠡᠤᠬᠡᠳ ᠢ ᠪᠤᠳᠤᠭᠤᠴᠢᠨ ᠨᠠᠰᠣᠨ ᠳᠤ ᠬᠦᠷᠴᠡᠢ ᠭᠡᠳᠡᠭ᠃ ᠪᠤᠳᠤᠭᠤᠴᠢᠨ | ᠨᠠᠰᠤ ᠭᠡᠪᠡᠯ 6 — 8 ᠨᠠᠰᠤ ᠭᠡᠰᠡᠨ ᠦᠭᠡ᠃ | 14. ᠬᠤᠨᠢᠴᠢᠨ ᠨᠠᠰᠤ᠄ ᠵᠢᠯ ᠤᠨ ᠠᠯᠢ ᠴᠦ ᠣᠯᠠᠷᠢᠯ ᠳᠤ ᠰᠦᠷᠦᠭ ᠬᠠᠷᠢᠭᠤᠯᠬᠤ᠂ ᠲᠦᠯ ᠠᠪᠬᠤ᠂ | ᠪᠡᠯᠴᠢᠭᠡᠷ ᠰᠢᠯᠢᠬᠦ ᠴᠡᠭᠡᠯ ᠳᠤ ᠬᠦᠷᠬᠦ ᠦᠶ᠎ᠡ ᠶᠢ ᠬᠤᠨᠢᠴᠢᠨ ᠨᠠᠰᠤ ᠭᠡᠨ᠎ᠡ᠃ | 15. ᠦᠭᠡᠯᠡᠢ ᠨᠠᠰᠤ᠄ ᠬᠡᠤᠬᠡᠳ ᠨᠠᠰᠤᠨ ᠤ ᠲᠠᠪᠠᠭᠠᠨ ᠲᠡᠭᠡᠷ᠎ᠡ ᠭᠠᠷᠴᠤ᠂ ᠬᠦᠮᠦᠨ ᠶᠣᠰᠤᠨ ᠤ ᠣᠪᠤᠭ᠎ᠠ | ᠲᠤᠭᠤᠷᠢᠨ ᠣᠷᠴᠢᠯᠠᠩ ᠳᠤ ᠭᠤᠷᠢᠯᠠᠬᠤ ᠨᠠᠰᠤ ᠪᠤᠯ ᠦᠭᠡᠯᠡᠢ ︵ᠦᠰᠭᠡᠯ︶ ᠨᠠᠰᠤ ᠮᠥᠨ᠃ ᠦᠭᠡᠯᠡᠢ ᠨᠠᠰᠤ ᠪᠤᠯ | ᠣᠷᠢ ᠵᠠᠯᠠᠭᠤ ᠨᠠᠰᠤᠨ ᠤ ᠰᠠᠭᠤᠷᠢ᠃ 12 — 16 ᠨᠠᠰᠤ ᠪᠤᠯ ᠦᠭᠡᠯᠡᠢ ᠨᠠᠰᠤ ᠮᠥᠨ᠃ | 16. ᠠᠳᠣᠭᠤᠴᠢᠨ ᠨᠠᠰᠤ᠄ ᠦᠷᠯᠦᠭᠡ ᠶᠢᠨ ᠨᠠᠷᠠᠨ ᠠᠴᠠ ᠡᠮᠦᠨ᠎ᠡ ᠠᠳᠣᠭᠤ ᠬᠤᠷᠢᠶᠠᠬᠤ᠂ ᠡᠪᠦᠯ ᠤᠨ ᠰᠦᠨᠢ | ᠠᠳᠣᠭᠤ ᠮᠠᠨᠠᠬᠤ ᠴᠡᠭᠡᠯ ᠳᠤ ᠬᠦᠷᠬᠦ ᠦᠶ᠎ᠡ ᠪᠤᠯ ᠠᠳᠣᠭᠤᠴᠢᠨ ᠨᠠᠰᠤ᠃ ᠡᠨᠡ ᠨᠢ ᠲᠤᠮᠳᠠᠴᠢ ᠪᠠᠷ 17 | ᠨᠠᠰᠤᠨ ᠠᠴᠠ ᠬᠤᠶᠢᠰᠢᠬᠢ ᠨᠠᠰᠤ ᠶᠤᠮ᠃ | 17. ᠡᠷᠢᠯᠴᠢᠨ ᠨᠠᠰᠤ᠄ ᠰᠣᠮᠣ ᠰᠣᠩᠭᠠᠵᠤ᠂ ᠠᠶᠢᠮᠠᠭ ᠠᠯᠭᠠᠰᠠᠵᠤ ᠠᠯᠳᠠᠭᠤᠯ ᠮᠠᠯ ᠬᠠᠶᠢᠬᠤ᠂ ᠠᠵᠢᠭᠴᠢ | ᠰᠠᠶᠢᠨ ᠤ ᠬᠦᠴᠤ ᠪᠠᠷ ᠣᠯᠬᠤ ᠨᠠᠰᠤ ᠶᠢ ᠡᠷᠢᠯᠴᠢᠨ ᠨᠠᠰᠤ ᠭᠡᠨ᠎ᠡ᠃ ᠡᠷᠢᠯᠴᠢᠨ ᠨᠠᠰᠤ ᠪᠠᠷ ᠨᠢ ᠬᠡᠤᠬᠡᠳ ᠮᠠᠯ ᠣᠯᠬᠤ | ᠂ ᠡᠷᠳᠡᠮ ᠣᠯᠬᠤ ᠶᠢᠨ ᠠᠯᠢ ᠨᠢ ᠪᠤᠯᠬᠤ ᠶᠢ ᠰᠢᠨᠵᠢᠳᠡᠭ ᠡᠷᠳᠡᠨ ᠤ ᠶᠣᠰᠤᠨ ᠪᠤᠢ᠃ ᠡᠨᠡ ᠪᠤᠯ ᠡᠷ᠎ᠡ ᠬᠦᠮᠦᠨ ᠳᠤ | ᠶᠠᠰᠣᠨ ᠴᠢᠮᠦᠭᠡ᠂ ᠡᠮᠡᠭᠳᠡᠢ ᠬᠦᠮᠦᠨ ᠳᠤ ᠴᠢᠰᠤᠨ ᠴᠡᠨᠡᠭ ᠪᠦᠷᠢᠳᠬᠦ 18 ᠠᠴᠠ ᠬᠤᠶᠢᠰᠢᠬᠢ ᠨᠠᠰᠤ ᠪᠤᠯᠤᠨ᠎ᠠ | ᠃ | 18. ᠣᠷᠢ ᠵᠠᠯᠠᠭᠤ ᠨᠠᠰᠤ᠄ ᠪᠡᠶ᠎ᠡ᠂ ᠣᠶᠤᠨ᠂ ᠦᠩᠭᠡ ᠵᠢᠰᠤ᠂ ᠴᠤᠭ ᠵᠢᠪᠬᠤᠭ᠎ᠠ᠂ ᠡᠷᠴᠢᠮ ᠠᠪᠬᠠᠯᠵᠢ᠂ | ᠬᠦᠷᠳᠤ ᠬᠦᠴᠤ ᠵᠠᠭᠰᠠᠬᠤ ᠡᠨᠡ ᠰᠠᠶᠢᠬᠠᠨ ᠦᠶ᠎ᠡ ᠶᠢ ᠵᠠᠯᠠᠭᠤ ᠨᠠᠰᠤ ᠭᠡᠨ᠎ᠡ᠃ ᠮᠤᠩᠭᠤᠯ ᠣᠯᠠᠮᠵᠢᠯᠠᠯᠳᠤ ᠶᠣᠰᠤᠨ ᠳᠤ | ᠵᠢᠪᠬᠤᠯᠠᠩ ᠦᠵᠡᠮᠵᠢ ᠵᠠᠭᠰᠠᠬᠤ᠂ ᠵᠢᠷᠭᠠᠯ ᠴᠡᠩᠭᠡᠯ ᠲᠡᠭᠰᠢᠷᠡᠭᠦ 25 — 35 ᠨᠠᠰᠤ ᠶᠢ ᠵᠠᠯᠠᠭᠤ ᠨᠠᠰᠤ ᠭᠡᠨ᠎ᠡ᠃ | 19. ᠢᠳᠡᠷ ᠨᠠᠰᠤ᠄ ᠵᠠᠯᠠᠭᠤ ᠨᠠᠰᠤᠨ ᠤ ᠣᠷᠭᠢᠯ ᠦᠶ᠎ᠡ᠃ ᠢᠳᠡᠷ ᠨᠠᠰᠤ ᠪᠤᠯ 35 — 45 ᠨᠠᠰᠤ ᠮᠥᠨ᠃ | | 20. ᠬᠢᠵᠢᠶᠡᠯ ᠨᠠᠰᠤ᠄ ᠣᠯᠠᠷᠢᠯ ᠤᠨ ᠪᠤᠯ ᠨᠠᠮᠣᠷ᠂ ᠨᠠᠷᠠᠨ ᠤ ᠪᠤᠯ ᠦᠳᠡ ᠲᠤᠮᠳᠠ ᠠᠴᠠ ᠬᠠᠵᠠᠶᠢᠭᠰᠠᠨ | ᠦᠶ᠎ᠡ ᠲᠠᠢ ᠵᠦᠢᠷᠯᠡᠮ᠎ᠡ ᠨᠠᠰᠤ ᠶᠢ ᠬᠢᠵᠢᠶᠡᠯ ᠨᠠᠰᠤ ᠭᠡᠨ᠎ᠡ᠃ ᠡᠨᠡ ᠨᠢ ᠲᠠᠪᠢ᠂ ᠲᠡᠭᠦᠨ ᠠᠴᠠ ᠮᠤᠯᠳᠣᠷᠠᠵᠤ ᠪᠤᠢ | ᠨᠠᠰᠤ ᠭᠡᠬᠦ ᠣᠳᠬ᠎ᠠ ᠲᠠᠢ᠃ | 21. ᠦᠨᠳᠦᠷ ᠨᠠᠰᠤ᠄ ᠠᠷᠢᠭ ᠪᠤᠶᠠᠨ ᠢᠶᠠᠨ ᠡᠳ᠋ᠯᠡᠵᠤ᠂ ᠠᠴᠢ ᠭᠤᠴᠢ ᠳᠠᠭᠠᠨ ᠬᠦᠨᠳᠦᠯᠡᠭᠳᠡᠨ ᠪᠤᠢ ᠨᠠᠰᠤ ᠶᠢ | ᠦᠨᠳᠦᠷ ᠨᠠᠰᠣᠳᠠᠨ ᠭᠡᠳᠡᠭ᠃ ᠡᠨᠡ ᠪᠤᠯ 60 ᠠᠴᠠ ᠲᠡᠭᠡᠭᠰᠢᠬᠢ ᠨᠠᠰᠤ ᠪᠤᠯᠤᠨ᠎ᠠ᠃ | 22. ᠶᠡᠭᠡ ᠨᠠᠰᠤ᠄ ᠨᠠᠶᠠ ᠠᠴᠠ ᠲᠡᠭᠡᠭᠰᠢ ᠵᠢᠯ ᠨᠠᠭᠠᠳᠤᠮ ᠦᠵᠡᠵᠤ ᠶᠠᠪᠤᠭ᠎ᠠ ᠪᠣᠶᠠᠨᠳᠠᠢ ᠪᠤᠭᠤᠷᠤᠯ ᠤᠳ ᠢᠶᠠᠨ | ᠶᠡᠭᠡ ᠨᠠᠰᠣᠳᠠᠨ ᠭᠡᠳᠡᠭ᠃ | 23. ᠲᠣᠷᠠᠭᠷᠤᠤ ᠨᠠᠰᠤ᠄ 80 ᠠᠴᠠ ᠲᠡᠭᠡᠭᠰᠢ ᠨᠠᠰᠣᠳᠠᠢ᠂ ᠪᠡᠶ᠎ᠡ ᠨᠢ ᠡᠳᠦᠷ ᠠᠴᠠ ᠡᠳᠦᠷ ᠲᠤᠷᠤᠶᠢᠳᠠᠨ ᠪᠤᠢ | ᠬᠦᠭᠰᠢᠳ ᠢ ᠨᠠᠰᠤᠨ ᠲᠤᠷᠬᠠᠷᠤᠤ ᠪᠤᠯᠵᠡᠢ ᠬᠡᠮᠡᠨ᠎ᠡ᠃ | 24. ᠮᠤᠶᠢᠬᠤ ᠨᠠᠰᠤ᠄ ᠶᠡᠷᠡ᠂ ᠵᠠᠭᠤ᠂ ᠲᠡᠭᠦᠨ ᠠᠴᠠ ᠲᠡᠭᠡᠭᠰᠢ ᠨᠠᠰᠣᠯᠠᠵᠤ ᠤᠢ ᠲᠣᠢ ᠨᠢ ᠰᠣᠯᠠᠳᠠᠭᠠᠳ | ᠬᠦᠯ ᠳᠤ ᠣᠷᠤᠵᠤ ᠪᠤᠢ ᠬᠡᠤᠬᠡᠳ᠂ ᠬᠡᠯᠡ ᠳᠤ ᠣᠷᠤᠵᠤ ᠪᠤᠢ ᠵᠢᠭᠠᠯ ᠰᠢᠭ᠋ ᠰᠠᠪᠠᠭ᠎ᠠ ᠦᠭᠡᠶᠢᠳᠡᠨ᠂ | ᠦᠯᠦᠭᠡᠶᠢᠳᠡᠭᠦᠯᠬᠦ ᠠᠴᠠ ᠨᠠᠭᠠᠭᠤᠷ ᠠᠰᠠᠷᠠᠭᠤᠯᠬᠤ ᠦᠶ᠎ᠡ ᠶᠢ ᠮᠤᠶᠢᠬᠤ ᠨᠠᠰᠤ ᠭᠡᠨ᠎ᠡ᠃ ᠪᠠᠰᠠ ᠵᠦᠨᠦᠬᠦ ᠨᠠᠰᠤ ᠴᠦ | ᠭᠡᠳᠡᠭ᠃ | 25. ᠨᠠᠷᠠᠳᠤ ᠠᠴᠠ ᠪᠣᠴᠠᠬᠤ ᠨᠠᠰᠤ᠄ ᠣᠷᠴᠢᠯᠠᠩ ᠤᠨ ᠮᠦᠩᠭᠡ ᠵᠠᠮ ᠠᠴᠠ ᠬᠡᠨ ᠴᠦ ᠪᠤᠯᠳᠠᠵᠤ ᠦᠯᠣ ᠴᠢᠳᠠᠨ᠎ᠠ | ᠃ ᠲᠡᠶᠢᠨᠬᠦ ᠪᠠᠭᠤᠵᠤ ᠦᠳᠡᠯᠡᠬᠦ ᠬᠤᠷᠸ᠎ᠠ ᠠᠴᠠ ᠡᠭᠡᠬᠦ ᠵᠢᠯ ᠢ ᠨᠠᠷᠠᠳᠤ ᠠᠴᠠ ᠪᠣᠴᠠᠬᠤ ᠨᠠᠰᠤ ᠭᠡᠨ᠎ᠡ᠃ ᠰᠣᠨᠢᠷᠬᠠᠯᠳᠠᠢ | ᠪᠠᠶᠢᠭ᠎ᠠ ᠪᠢᠵᠠ᠂ ᠬᠦᠮᠦᠨ ᠭᠡᠭᠴᠢ ︽ᠨᠠᠰᠤ ᠪᠠᠷ ᠢᠶᠠᠨ ᠰᠣᠷᠴᠤ᠂ ᠨᠠᠮᠣᠷ ᠢᠶᠠᠷ ᠬᠦᠷᠦᠩᠰᠢᠨᠡ︾ ᠭᠡᠳᠡᠭ᠂ | ᠬᠦᠮᠦᠨ ᠤ ᠨᠢᠭᠡ ᠨᠠᠰᠤᠨ ᠳᠤ ᠰᠣᠶᠤᠯ ᠰᠣᠷᠭᠠᠯ᠂ ᠲᠦᠷᠢᠮ ᠶᠤᠰᠤ ᠭᠦᠨ᠎ᠡ ᠬᠠᠳᠠᠭᠠᠯᠠᠭᠳᠠᠭᠰᠠᠨ ᠨᠢ ᠶᠠᠭᠤᠳᠠᠢ | ᠭᠠᠶᠢᠬᠠᠮᠰᠢᠭ ᠠᠵᠢ᠃ |