ᠣᠳᠣᠬᠠᠨ ᠳᠤ᠂ ᠬᠤᠶᠠᠷ ᠬᠡᠮᠵᠢᠯᠳᠦ ᠺᠣᠳ᠋ ᠢ ᠰᠢᠷᠪᠢᠬᠦ ᠪᠠᠷ ᠳᠡᠮᠵᠢᠨ ᠵᠣᠭᠤᠰ ᠳᠥᠯᠥᠬᠦ᠂ ᠲᠠᠩᠰᠠ | ᠰᠢᠯᠵᠢᠭᠦᠯᠬᠦ ᠨᠢ ᠪᠠᠷᠤᠭ ᠶᠡᠬᠡᠩᠬᠢ ᠲᠣᠭᠠᠴᠠᠭ᠎ᠠ ᠬᠢᠬᠦ ᠶᠠᠪᠤᠳᠠᠯ ᠢ ᠬᠠᠮᠤᠷᠴᠠᠢ᠃ ᠭᠡᠲᠡᠯ᠎ᠡ ᠵᠠᠷᠢᠮ ᠳᠠᠭᠠᠨ ᠪᠣᠯᠭᠤᠮᠵᠢ | ᠦᠭᠡᠢ ᠪᠠᠷ ᠪᠤᠷᠤᠭᠤ ᠬᠤᠶᠠᠷ ᠬᠡᠮᠵᠢᠯᠳᠦ ᠺᠣᠳ᠋ ᠢ ᠰᠢᠷᠪᠢᠵᠦ᠂ ᠲᠠᠨᠢᠯ ᠪᠤᠰᠤ ᠬᠥᠮᠦᠨ ᠳᠤ ᠵᠣᠭᠤᠰ ᠰᠢᠯᠵᠢᠭᠦᠯᠦᠨ | ᠥᠭᠭᠦ ᠳᠤ ᠬᠦᠷᠪᠡᠯ᠂ ᠶᠠᠭᠠᠬᠢᠵᠦ ᠵᠤᠭᠤᠰ ᠢᠶᠠᠨ ᠪᠤᠴᠠᠭᠠᠨ ᠠᠪᠴᠢᠷᠠᠪᠡᠯ ᠵᠣᠬᠢᠬᠤ ᠪᠤᠢ︖ | ᠬᠡᠷᠡᠭ ᠤᠨ ᠪᠠᠶᠢᠳᠠᠯ ᠤᠨ ᠡᠷᠭᠢᠴᠡᠭᠦᠯᠦᠯ | 2021 ᠣᠨ ᠤ ᠡᠬᠢ ᠪᠠᠷ᠂ ᠬᠤᠲᠠ ᠶᠢᠨ ᠠᠷᠠᠳ ᠸᠠᠩ ᠣᠪᠣᠭᠲᠤ ᠨᠢᠭᠡᠨ ᠵᠢᠭᠡᠯᠡᠯᠭᠡ ᠶᠢᠨ ᠺᠣᠮᠫᠠᠨᠢ ᠶᠢᠨ | ᠲᠠᠪᠴᠠᠩ ᠳᠤ ᠥᠷᠢᠲᠦᠵᠦ ᠪᠠᠶᠢᠭᠰᠠᠨ 6000 ᠭᠠᠷᠤᠶ ᠲᠥᠭᠦᠷᠢᠭ ᠤᠨ ᠵᠢᠭᠡᠯᠡᠯᠭᠡ ᠪᠠᠨ ᠳᠥᠯᠥᠬᠦ ᠪᠠᠷ ᠺᠣᠮᠫᠠᠨᠢ ᠳᠤ | ᠬᠦᠷᠪᠡ᠃ ᠸᠠᠩ ᠣᠪᠣᠭᠲᠤ ᠵᠢᠭᠡᠯᠡᠯᠭᠡ ᠶᠢᠨ ᠺᠣᠮᠫᠠᠨᠢ ᠶᠢᠨ ᠲᠠᠪᠴᠠᠩ ᠳᠡᠭᠡᠷ᠎ᠡ ᠶᠠᠭᠠᠬᠢᠵᠦ ᠲᠡᠰ ᠲᠠᠷᠠᠭᠠᠯᠠᠯ ᠢ | ᠠᠵᠢᠯᠯᠠᠭᠤᠯᠬᠤ ᠶᠢ ᠰᠠᠶᠢᠨ ᠮᠡᠳᠡᠬᠦ ᠦᠭᠡᠢ ᠪᠣᠯᠬᠤᠷ ᠵᠣᠭᠤᠰ ᠢᠶᠠᠨ ᠵᠢᠭᠡᠯᠡᠯᠭᠡ ᠶᠢᠨ ᠺᠣᠮᠫᠠᠨᠢ ᠶᠢᠨ ᠠᠵᠢᠯᠳᠠᠨ ᠵᠧᠦ | ᠣᠪᠣᠭᠲᠤ ᠳᠤ ᠰᠢᠯᠵᠢᠭᠦᠯᠦᠨ ᠥᠭᠴᠦ ᠲᠡᠭᠦᠨ ᠢᠶᠠᠷ ᠬᠠᠪᠰᠤᠷᠤᠭᠤᠯᠤᠨ ᠵᠣᠭᠤᠰ ᠢᠶᠠᠨ ᠪᠤᠴᠠᠭᠠᠯᠭᠠᠪᠠ᠃ | ᠸᠠᠩ ᠣᠪᠣᠭᠲᠤ ᠶᠢᠨ 6000 ᠭᠠᠷᠤᠶ ᠲᠥᠭᠦᠷᠢᠭ ᠤᠨ ᠰᠢᠯᠵᠢᠭᠦᠯᠦᠭᠰᠡᠨ ᠵᠤᠭᠤᠰ ᠢ ᠤᠯᠤᠬᠰᠠᠨ ᠤ ᠳᠠᠷᠠᠭ᠎ᠠ᠂ | ᠵᠧᠤ ᠣᠪᠣᠭᠲᠤ ᠵᠣᠴᠢᠨ ᠡᠷᠦᠬᠡ ᠶᠢᠨ ᠵᠣᠭᠤᠰ ᠪᠤᠴᠠᠭᠠᠬᠤ ᠬᠤᠶᠠᠷ ᠬᠡᠮᠵᠢᠯᠳᠦ ᠺᠣᠳ᠋ ᠢ ︽ᠳᠠᠳᠮᠠᠭᠠᠶ︾ ᠰᠢᠷᠪᠢᠵᠦ᠂ | ᠵᠣᠭᠤᠰ ᠢ ᠵᠢᠭᠡᠯᠡᠯᠭᠡ ᠶᠢᠨ ᠲᠠᠪᠴᠠᠩ ᠳᠤ ᠰᠢᠯᠵᠢᠭᠦᠯᠦᠨ ᠣᠷᠣᠭᠤᠯᠵᠠᠶ᠃ ᠭᠡᠲᠡᠯ᠎ᠡ ᠳᠡᠮᠡᠢ ᠤᠳᠠᠭᠰᠠᠨ ᠦᠭᠡᠢ ᠸᠠᠩ | ᠣᠪᠣᠭᠲᠤ ᠵᠣᠭᠤᠰ ᠪᠤᠴᠠᠭᠠᠬᠤ ᠰᠢᠰᠲ᠋ᠧᠮ ᠠᠴᠠ ᠥᠪᠡᠷ ᠤᠨ ᠳᠠᠩᠰᠠᠨ ᠡᠷᠦᠬᠡ ᠳᠤᠨᠢ ᠵᠤᠭᠤᠰ ᠤᠷᠤᠵᠤ ᠢᠷᠡᠭᠰᠡᠨ | ᠦᠭᠡᠢ ᠶᠢ ᠣᠯᠵᠤ ᠮᠡᠳᠡᠵᠡᠢ᠃ ᠲᠡᠭᠡᠭᠡᠳ ᠲᠡᠷᠡ ᠬᠤᠶᠠᠭᠤᠯᠠ ᠨᠠᠷᠢᠨ ᠬᠠᠷᠭᠤᠭᠤᠯᠵᠤ ᠦᠵᠡᠭᠰᠡᠨ ᠤ ᠲᠠᠷᠠᠭ᠎ᠠ᠂ ᠵᠧᠦ | ᠣᠪᠣᠭᠲᠤ ᠡᠴᠦᠰ ᠲᠡᠭᠡᠨ ᠬᠤᠶᠠᠷ ᠬᠡᠮᠵᠢᠯᠳᠦ ᠺᠣᠳ᠋ ᠢ ᠪᠤᠷᠤᠭᠤ ᠰᠢᠷᠪᠢᠭᠡᠳ ᠪᠤᠷᠤᠭᠤ ᠲᠠᠩᠰᠠ | ᠰᠢᠯᠵᠢᠭᠦᠯᠦᠭᠰᠡᠨ ᠢᠶᠠᠨ ᠣᠯᠵᠤ ᠮᠡᠳᠡᠵᠡᠢ᠃ | ᠥᠪᠡᠷ ᠤᠨ ᠬᠢᠨᠢ ᠠᠯᠳᠠᠰᠢ ᠠᠴᠠ ᠪᠤᠯᠵᠤ ᠸᠠᠩ ᠣᠪᠣᠭᠲᠤ ᠬᠤᠬᠢᠷᠠᠯ ᠤᠴᠠᠷᠠᠬᠰᠠᠨ ᠪᠤᠯᠬᠤᠷ ᠵᠣᠴᠢᠨ ᠡᠷᠤᠭᠡ ᠳᠤ | ᠤᠴᠢᠷ ᠶᠠᠪᠤᠳᠠᠯ ᠢ ᠤᠶᠢᠯᠠᠭᠠᠭᠤᠯᠬᠤ ᠶᠢᠨ ᠲᠤᠰᠠᠳᠠ᠂ ᠵᠧᠦ ᠣᠪᠣᠭᠲᠤ ᠠᠷᠭ᠎ᠠ ᠪᠤᠰᠤ ᠥᠪᠡᠷ ᠢᠶᠠᠨ ᠮᠥᠩᠭᠦ | ᠭᠠᠷᠭᠠᠵᠤ ᠸᠠᠩ ᠣᠪᠣᠭᠲᠤ ᠶᠢᠨ ᠪᠤᠴᠠᠭᠠᠭᠰᠠᠨ ᠵᠣᠭᠤᠰ ᠢ ᠨᠥᠬᠦᠪᠥᠷᠢᠯᠡᠵᠦ ᠦᠭᠪᠡ᠃ | ᠬᠡᠷᠡᠭ ᠤᠨ ᠲᠠᠷᠠᠭ᠎ᠠ᠂ ᠵᠣᠴᠢᠨ ᠡᠷᠤᠭᠡ ᠯᠢ ᠣᠪᠣᠭᠲᠤ ᠶᠢ ᠯᠠᠪᠲᠠᠢ ᠣᠶᠢᠯᠠᠭᠠᠵᠤ ᠴᠢᠳᠠᠬᠤ ᠪᠥᠭᠡᠳ ᠪᠤᠷᠤᠭᠤ | ᠶᠠᠪᠤᠭᠤᠯᠤᠬᠰᠠᠨ ᠵᠣᠭᠤᠰ ᠢ ᠬᠡᠪ ᠤᠨ ᠶᠣᠰᠣᠭᠠᠷ ᠯᠠᠪᠲᠠᠢ ᠪᠤᠴᠠᠭᠠᠵᠤ ᠦᠭᠦᠨᠠ ᠭᠡᠵᠦ ᠵᠧᠦ ᠣᠪᠣᠭᠲᠤ | ᠳᠣᠲᠣᠷ᠎ᠠ ᠪᠠᠨ ᠪᠤᠳᠤᠵᠠᠢ᠃ ᠭᠡᠲᠡᠯ᠎ᠡ ᠯᠢ ᠣᠪᠣᠭᠲᠤ ᠲᠡᠭᠦᠨ ᠤ ᠰᠠᠨᠠᠭᠠᠨ ᠠᠴᠠ ᠭᠠᠳᠠᠭᠤᠷ ᠡᠯᠳᠡᠪ ᠵᠦᠢᠯ ᠤᠨ | ᠰᠢᠯᠲᠠᠭᠠᠨ ᠬᠡᠯᠡᠵᠦ ᠵᠧᠦ ᠣᠪᠣᠭᠲᠤ ᠶᠢᠨ ᠭᠤᠶᠤᠴᠢᠯᠠᠯ ᠢ ᠲᠡᠪᠴᠢᠵᠦ᠄ ︽ᠮᠢᠨᠦ ᠲᠠᠩᠰᠠᠨ ᠡᠷᠦᠭᠡ ᠳᠤ ᠦᠨᠡᠬᠡᠷ | ᠨᠢᠭᠡ ᠪᠦᠯᠦᠭ ᠵᠣᠭᠤᠰ ᠤᠷᠤᠵᠤ ᠢᠷᠡᠭᠰᠡᠨ ᠢ ᠪᠢ ᠮᠡᠳᠡᠷᠡᠨ᠎ᠡ᠂ ᠭᠡᠪᠡᠴᠦ ᠪᠢ ᠭᠠᠷᠭᠠᠵᠤ ᠠᠪᠤᠭᠰᠠᠨ ᠦᠭᠡᠢ᠃ | ᠵᠢᠭᠡᠯᠡᠯᠭᠡ ᠶᠢᠨ ᠲᠠᠪᠴᠠᠩ ᠨᠢ ᠡᠨᠡ ᠵᠣᠭᠤᠰ ᠢ ᠮᠢᠨᠦ ᠪᠤᠴᠠᠭᠠᠬᠤ ᠵᠣᠭᠤᠰ ᠪᠤᠯᠭᠠᠨ ᠬᠠᠰᠤᠪᠠ᠂ ᠴᠢ | ᠵᠢᠭᠡᠯᠡᠯᠭᠡ ᠶᠢᠨ ᠲᠠᠪᠴᠠᠩ ᠢ ᠡᠷᠢᠬᠦ ᠪᠠᠷ ᠤᠴᠢ︾ ᠬᠡᠮᠡᠨ ᠲᠡᠭᠦᠨ ᠤ ᠵᠤᠭᠤᠰ ᠢ ᠪᠤᠴᠠᠭᠠᠬᠰᠠᠨ ᠦᠭᠡᠢ᠃ ᠵᠣᠭᠤᠰ | ᠪᠤᠴᠠᠭᠠᠯᠭᠠᠬᠤ ᠭᠤᠶᠤᠴᠢᠯᠠᠯ ᠢ ᠨᠢ ᠯᠢ ᠣᠪᠣᠭᠲᠤ ᠤᠳᠠᠭ᠎ᠠ ᠲᠠᠷᠠᠭ᠎ᠠ ᠪᠠᠷ ᠲᠡᠪᠴᠢᠭᠰᠡᠨ ᠪᠣᠯᠬᠤᠷ ᠵᠧᠦ ᠣᠪᠣᠭᠲᠤ | ᠠᠷᠭ᠎ᠠ ᠪᠤᠰᠤ ᠴᠦᠩᠴᠢᠩ ᠬᠤᠳᠠ ᠶᠢᠨ ᠵᠢᠶᠠᠩ ᠶᠢᠨ ᠲᠣᠭᠤᠷᠢᠭ ᠤᠨ ᠠᠷᠠᠳ ᠤᠨ ᠰᠢᠭᠦᠬᠦ ᠬᠤᠷᠢᠶᠠᠨ ᠳᠤ ᠠᠯᠪᠠᠨ | ᠵᠠᠭᠠᠯᠳᠤᠯᠭ᠎ᠠ ᠭᠠᠷᠭᠠᠪᠠ᠃ ︵ᠵᠣᠬᠢᠶᠠᠯ ᠳᠠᠬᠢ ᠲᠤᠬᠠᠶ ᠶᠢᠨ ᠬᠥᠮᠦᠨ ᠤ ᠨᠠᠷᠠ ᠨᠢ ᠴᠥᠮ ᠨᠢᠭᠤᠴᠠᠯᠠᠭᠰᠠᠨ ᠨᠡᠷ᠎ᠡ | ᠪᠤᠯᠤᠨ᠎ᠠ︶᠃ | ᠰᠢᠭᠦᠬᠦ ᠬᠤᠷᠢᠶᠠᠨ ᠤ ᠰᠢᠭᠦᠨ ᠲᠠᠰᠤᠯᠤᠯᠲᠠ | ᠢᠷᠭᠡᠨ ᠤ ᠬᠠᠤᠯᠢ ᠶᠢᠨ ᠪᠢᠴᠢᠭ ᠤᠨ ᠶᠢᠰᠦᠨ ᠵᠠᠭᠤ ᠨᠠᠶᠠᠨ ᠲᠠᠪᠤᠳᠤᠭᠠᠷ ᠵᠦᠢᠯ ᠤᠨ ᠲᠣᠭᠲᠠᠭᠠᠯ ᠢ | ᠦᠨᠳᠦᠰᠦᠯᠡᠪᠡᠯ᠂ ᠠᠰᠢᠭ ᠬᠦᠷᠳᠡᠭᠴᠢ ᠨᠢ ᠬᠠᠤᠯᠢ ᠴᠠᠭᠠᠵᠠ ᠶᠢᠨ ᠦᠨᠳᠦᠰᠦ ᠪᠠᠷᠢᠮᠲᠠ ᠦᠭᠡᠢ ᠪᠠᠷ ᠵᠦᠢ ᠶᠤᠰᠤᠨ ᠤ | ᠪᠤᠰᠤ ᠠᠰᠢᠭ ᠣᠯᠤᠭᠰᠠᠨ ᠪᠠᠶᠢᠪᠠᠯ᠂ ᠬᠤᠬᠢᠷᠠᠯ ᠠᠮᠰᠠᠭᠰᠠᠨ ᠬᠥᠮᠦᠨ ᠨᠢ ᠠᠰᠢᠭ ᠬᠦᠷᠳᠡᠭᠴᠢ ᠶᠢᠨ ᠣᠯᠤᠭᠰᠠᠨ | ᠠᠰᠢᠭ ᠢ ᠪᠤᠴᠠᠭᠠᠯᠭᠠᠬᠤ ᠪᠠᠷ ᠭᠤᠶᠤᠴᠢᠯᠠᠵᠤ ᠪᠣᠯᠤᠨ᠎ᠠ᠃ | ᠲᠤᠰ ᠬᠡᠷᠡᠭ ᠲᠤ᠂ ᠵᠧᠦ ᠣᠪᠣᠭᠲᠤ ᠶᠢᠨ ᠯᠢ ᠣᠪᠣᠭᠲᠤ ᠶᠢᠨ ᠵᠢᠭᠡᠯᠡᠯᠭᠡ ᠶᠢᠨ ᠲᠠᠪᠴᠠᠩ ᠤᠨ ᠲᠠᠩᠰᠠᠨ | ᠡᠷᠦᠭᠡ ᠳᠤ ᠵᠣᠭᠤᠰ ᠤᠷᠤᠭᠤᠯᠤᠬᠰᠠᠨ ᠤ ᠰᠢᠯᠲᠠᠭᠠᠨ ᠨᠢ ᠬᠤᠶᠠᠷ ᠬᠡᠮᠵᠢᠯᠳᠦ ᠺᠣᠳ᠋ ᠢ ᠪᠤᠷᠤᠭᠤ ᠰᠢᠷᠪᠢᠭᠰᠡᠨ ᠠᠴᠠ | ᠪᠣᠯᠵᠠᠢ᠂ ᠡᠶᠢᠮᠦ ᠠᠴᠠ ᠯᠢ ᠣᠪᠣᠭᠲᠤ ᠶᠢᠨ ᠣᠯᠤᠭᠰᠠᠨ ᠠᠰᠢᠭ ᠨᠢ ᠬᠠᠤᠯᠢ ᠴᠠᠭᠠᠵᠠ ᠶᠢᠨ ᠦᠨᠳᠦᠰᠦ ᠪᠠᠷᠢᠮᠲᠠ | ᠦᠭᠡᠢ᠃ | ᠵᠢᠭᠡᠯᠡᠯᠭᠡ ᠶᠢᠨ ᠲᠠᠪᠴᠠᠩ ᠤᠨ ᠯᠢ ᠣᠪᠣᠭᠲᠤ ᠶᠢᠨ ᠲᠠᠩᠰᠠᠨ ᠠᠴᠠ ᠰᠠᠷ᠎ᠠ ᠪᠠᠷ ᠰᠠᠭᠤᠯᠭᠠᠨ ᠠᠪᠤᠭᠰᠠᠨ | ᠵᠣᠭᠤᠰ ᠢ ᠯᠢ ᠣᠪᠣᠭᠲᠤ ᠥᠪᠡᠷ ᠢᠶᠠᠨ ᠵᠤᠭᠤᠰ ᠭᠠᠷᠭᠠᠵᠤ ᠪᠤᠴᠠᠭᠠᠪᠠᠯ ᠵᠣᠬᠢᠨ᠎ᠠ᠂ ᠡᠳ᠋ ᠭᠦᠷᠦᠩᠭᠡ ᠶᠢᠨ ᠪᠦᠭᠦ | ᠲᠤᠭ᠎ᠠ ᠨᠢ ᠬᠠᠰᠤᠭᠳᠠᠬᠤ ᠶᠣᠰᠣᠲᠠᠢ ᠪᠠᠶᠢᠲᠠᠯ᠎ᠠ ᠲᠠᠩᠰᠠᠨ ᠡᠷᠦᠭᠡ ᠳᠤ ᠪᠤᠷᠤᠭᠤ ᠤᠷᠤᠭᠰᠠᠨ ᠵᠣᠭᠤᠰ ᠢ ᠥᠪᠡᠷ ᠢᠶᠠᠨ | ᠪᠤᠴᠠᠭᠠᠬᠤ ᠡᠭᠦᠷᠭᠡ ᠪᠠᠨ ᠪᠣᠳᠠᠲᠠᠢ ᠭᠦᠢᠴᠡᠳᠬᠡᠭᠰᠡᠨ ᠦᠭᠡᠢ ᠮᠥᠷᠲᠡᠭᠡᠨ ᠬᠡᠯᠪᠡᠷᠢ ᠶᠢ ᠨᠢ ᠥᠭᠡᠷᠡᠲᠦᠭᠦᠯᠦᠨ | ᠥᠪᠡᠷ ᠤᠨ ᠡᠳ᠋ ᠭᠦᠷᠦᠩᠭᠡ ᠶᠢᠨ ᠢᠶᠠᠨ ᠪᠦᠭᠦ ᠲᠤᠭ᠎ᠠ ᠶᠢ ᠨᠡᠮᠡᠭᠳᠡᠭᠦᠯᠦᠭᠰᠡᠨ ᠶᠠᠪᠤᠳᠠᠯ ᠪᠤᠯᠵᠠᠢ᠃ ᠡᠭᠦᠨ ᠠᠴᠠ | ᠪᠤᠯᠵᠤ ᠵᠧᠦ ᠣᠪᠣᠭᠲᠤ ᠬᠤᠬᠢᠷᠠᠯ ᠳᠤ ᠤᠴᠠᠷᠠᠵᠤ᠂ ᠯᠢ ᠣᠪᠣᠭᠲᠤ ᠵᠦᠢ ᠶᠤᠰᠤᠨ ᠤ ᠪᠤᠰᠤ ᠠᠰᠢᠭ ᠣᠯᠤᠬᠰᠠᠨ | ᠪᠠᠶᠢᠨ᠎ᠠ᠂ ᠡᠶᠢᠮᠦ ᠠᠴᠠ ᠯᠢ ᠣᠪᠣᠭᠲᠤ ᠲᠠᠩᠰᠠᠨ ᠡᠷᠦᠭᠡ ᠳᠤᠨᠢ ᠪᠤᠷᠤᠭᠤ ᠤᠷᠤᠭᠰᠠᠨ ᠵᠣᠭᠤᠰ ᠢ ᠵᠧᠦ ᠣᠪᠣᠭᠲᠤ ᠳᠤ | ᠪᠤᠴᠠᠭᠠᠬᠤ ᠬᠡᠷᠡᠭᠲᠡᠢ ᠬᠡᠪᠡ᠃ | ᠯᠢ ᠣᠪᠣᠭᠲᠤ ᠶᠢᠨ ᠵᠦᠢ ᠶᠤᠰᠤᠨ ᠤ ᠪᠤᠰᠤ ᠠᠰᠢᠭ ᠢ ᠪᠤᠴᠠᠭᠠᠯᠭᠠᠬᠤ ᠪᠠᠷ ᠭᠤᠶᠤᠴᠢᠯᠠᠬᠰᠠᠨ ᠵᠧᠦ | ᠣᠪᠣᠭᠲᠤ ᠶᠢᠨ ᠵᠠᠷᠭᠤ ᠶᠢᠨ ᠭᠤᠶᠤᠴᠢᠯᠠᠯ ᠢ ᠰᠢᠭᠦᠬᠦ ᠬᠤᠷᠢᠶ᠎ᠠ ᠲᠡᠮᠵᠢᠪᠡ᠃ ᠲᠤᠰ ᠬᠡᠷᠡᠭ ᠤᠨ ᠲᠠᠰᠤᠯᠤᠯᠲᠠ ᠨᠢ | ᠣᠶᠢᠷ᠎ᠠ ᠳᠤ ᠨᠢᠭᠡᠨᠲᠡ ᠬᠦᠴᠦᠨ ᠲᠠᠢ ᠪᠣᠯᠵᠠᠶ᠃ ᠪᠣᠯᠭᠤᠮᠵᠢ ᠦᠭᠡᠢ ᠠᠴᠠ ᠪᠣᠯᠵᠤ ᠪᠤᠷᠤᠭᠤ ᠳᠠᠩᠰᠠ | ᠰᠢᠯᠵᠢᠬᠦᠯᠦᠭᠰᠡᠨ ᠵᠤᠭᠤᠰ᠂ ᠵᠦᠢ ᠶᠤᠰᠤᠨ ᠤ ᠪᠤᠰᠤ ᠠᠰᠢᠭ ᠢ ᠡᠷᠬᠡᠪᠰᠢ ᠪᠤᠴᠠᠭᠠᠬᠤ ᠬᠡᠷᠡᠭᠳᠡᠢ᠃ | ᠠᠮᠢᠳᠤᠷᠠᠯ ᠳᠤᠮᠳᠠ ᠬᠡᠷᠪᠡ ᠳᠡᠭᠡᠷ᠎ᠡ ᠳᠤᠷᠠᠳᠤᠭᠰᠠᠨ ᠬᠡᠷᠡᠭ ᠰᠢᠭ ᠡᠶᠢᠮᠦ ᠪᠠᠶᠢᠳᠠᠯ ᠭᠠᠷᠬᠤ ᠳᠤ ᠬᠦᠷᠪᠡᠯ᠂ | ᠬᠤᠶᠠᠷ ᠲᠠᠯ᠎ᠠ ᠶᠢᠨ ᠲᠤᠬᠠᠢ ᠶᠢᠨ ᠬᠥᠮᠦᠨ ᠨᠢ ᠵᠣᠭᠤᠰ ᠪᠤᠷᠤᠭᠤ ᠶᠠᠪᠤᠭᠤᠯᠤᠬᠰᠠᠨ ᠢ ᠤᠯᠵᠤ ᠮᠡᠳᠡᠭᠡᠳ ᠴᠠᠭ | ᠲᠤᠬᠠᠢ ᠳᠤᠨᠢ ᠪᠤᠴᠠᠭᠠᠪᠡᠯ ᠶᠠᠷᠢᠶᠠᠨ ᠦᠭᠡᠢ ᠬᠠᠮᠤᠭ ᠤᠨ ᠰᠠᠶᠢᠨ ᠶᠠᠪᠤᠳᠠᠯ ᠪᠤᠯᠬᠤ ᠶᠤᠮ᠃ ᠬᠡᠷᠪᠡ ᠨᠢᠭᠡ ᠲᠠᠯ᠎ᠠ ᠨᠢ | ︽ᠵᠤᠭᠤᠰᠤᠨ ᠳᠤ ᠰᠢᠨᠤᠵᠤ︾ ᠵᠤᠭᠤᠰ ᠢ ᠪᠤᠴᠠᠭᠠᠬᠤ ᠶᠢ ᠲᠡᠪᠴᠢᠬᠦ ᠳᠤ ᠬᠦᠷᠪᠡᠯ᠂ ᠨᠦᠬᠦᠭᠡ ᠲᠠᠯ᠎ᠠ ᠨᠢ ᠢᠷᠭᠡᠨ ᠤ | ᠬᠠᠤᠯᠢ ᠶᠢᠨ ᠪᠢᠴᠢᠭ ᠤᠨ ︽ᠵᠦᠢ ᠶᠤᠰᠤᠨ ᠤ ᠪᠤᠰᠤ ᠠᠰᠢᠭ︾ ᠭᠡᠬᠦ ᠵᠦᠢᠯ ᠵᠤᠷᠪᠤᠰ ᠢᠶᠠᠷ ᠥᠪᠡᠷ ᠤᠨ | ᠬᠠᠤᠯᠢ ᠶᠣᠰᠣᠨ ᠤ ᠡᠷᠬᠡ ᠠᠰᠢᠭ ᠢᠶᠠᠨ ᠬᠠᠮᠠᠭᠠᠯᠠᠬᠤ ᠭᠡᠷᠡᠭᠳᠡᠢ᠃ | ᠰᠠᠨᠠᠭᠤᠯᠤᠮᠵᠢ︕ ᠳᠠᠩᠰᠠ ᠰᠢᠯᠵᠢᠭᠦᠯᠵᠦ ᠵᠣᠭᠤᠰ ᠭᠤᠪᠢᠭᠤᠯᠬᠤ ᠳᠠᠭᠠᠨ ᠡᠷᠬᠡᠪᠰᠢ ᠳᠠᠩᠰᠠ ᠰᠢᠯᠵᠢᠭᠦᠯᠦᠭᠰᠡᠨ | ᠵᠣᠭᠤᠰ ᠤᠨ ᠲᠤᠭ᠎ᠠ᠂ ᠵᠣᠭᠤᠰ ᠬᠤᠷᠢᠶᠠᠭᠴᠢ ᠶᠢᠨ ᠣᠪᠣᠭ ᠨᠡᠷ᠎ᠡ᠂ ᠪᠡᠶ᠎ᠡ ᠶᠢᠨ ᠦᠨᠡᠮᠯᠡᠯ᠂ ᠳᠠᠩᠰᠠᠨ ᠡᠷᠦᠬᠡ ᠵᠡᠷᠭᠡ | ᠪᠡᠶ᠎ᠡ ᠬᠡᠮ ᠤᠨ ᠮᠡᠳᠡᠭᠡ ᠵᠠᠩᠭᠢ ᠶᠢ ᠨᠠᠷᠢᠨ ᠨᠢᠮᠪᠠᠶ ᠬᠠᠷᠭᠤᠭᠤᠯᠵᠤ᠂ ᠠᠯᠳᠠᠭ᠎ᠠ ᠦᠭᠡᠢ ᠶᠢ ᠨᠤᠲᠠᠯᠠᠭᠰᠠᠨ ᠤ ᠳᠠᠷᠠᠭ᠎ᠠ | ᠰᠠᠶ᠋ᠢ ᠶᠠᠪᠤᠭᠤᠯᠪᠠᠯ ᠠᠶᠤᠯ ᠲᠦᠭᠰᠢᠭᠦᠷᠢ ᠶᠢ ᠠᠯᠢ ᠴᠢᠳᠠᠬᠤ ᠪᠠᠷ ᠪᠠᠭᠠᠰᠬᠠᠵᠤ ᠴᠢᠳᠠᠨ᠎ᠠ᠃ | | | |