ᠡᠨᠡ ᠵᠢᠯ ᠬᠡᠰᠡᠭ ᠭᠠᠵᠠᠷ ᠲᠤ ᠬᠤᠷ᠎ᠠ ᠪᠣᠷᠣᠭᠠᠨ ᠨᠡᠯᠢᠶᠡᠳ ᠣᠯᠠᠨ ᠪᠠᠶᠢᠵᠤ᠂ ᠡᠷᠳᠡᠨᠢ ᠰᠢᠰᠢ ᠶᠢᠨ ᠲᠠᠷᠢᠶᠠᠨ | ᠭᠠᠵᠠᠷ ᠵᠢᠴᠢ ᠲᠠᠷᠢᠶᠠᠨ ᠭᠠᠵᠠᠷ ᠤᠨ ᠡᠷᠬᠢᠨ ᠲᠣᠭᠤᠷᠢᠨ ᠤ ᠨᠢᠶᠠᠨ ᠢᠲᠦᠭᠠᠨ ᠡᠷᠪᠡᠬᠡᠢ ᠶᠢᠨ ᠢᠳᠡᠬᠦ ᠳᠤᠷᠠᠲᠠᠶ | ᠦᠶᠡᠲᠦ ᠤᠷᠭᠤᠮᠠᠯ ᠤᠨ ᠤᠷᠭᠤᠴᠠ ᠰᠠᠶᠢᠨ ᠪᠠᠶᠢᠵᠤ᠂ ᠨᠢᠶᠠᠨ ᠢᠲᠦᠭᠠᠨ ᠡᠷᠪᠡᠬᠡᠢ ᠶᠢᠨ ᠡᠭᠦᠰᠬᠦ ᠳᠤ ᠠᠰᠢᠭᠲᠠᠶ | ᠠᠮᠢ ᠠᠬᠤᠶ ᠶᠢᠨ ᠣᠷᠴᠢᠨ ᠲᠣᠭᠤᠷᠢᠨ ᠢ ᠬᠠᠩᠭᠠᠭᠰᠠᠨ ᠪᠠᠶᠢᠨ᠎ᠠ᠃ | | | ᠨᠢᠶᠠᠨ ᠢᠲᠦᠭᠠᠨ ᠡᠷᠪᠡᠬᠡᠢ ᠶᠢᠨ ᠨᠢᠭᠡ ᠨᠠᠰᠦ ᠨᠢ ᠪᠡᠶ᠎ᠡ ᠬᠦᠢᠴᠡᠭᠰᠡᠨ ᠬᠤᠷᠣᠬᠠᠢ᠂ ᠦᠨᠳᠡᠭᠡ᠂ ᠠᠪᠠᠭᠠᠯᠳᠠᠢ᠂ | ᠬᠡᠥᠬᠡᠯᠳᠡᠢ ᠵᠡᠷᠭᠡ ᠲᠦᠷᠪᠡᠨ ᠠᠮᠢ ᠠᠬᠤᠢ ᠶᠢ ᠦᠩᠭᠡᠷᠡᠭᠡᠨ᠎ᠡ᠂ ᠡᠬᠦᠨ ᠢ ᠪᠠᠰᠠ ᠨᠢᠭᠡ ᠦᠶ᠎ᠠ ᠬᠡᠳᠡᠭ᠃ | | ᠤᠮᠠᠷᠠᠲᠤ ᠣᠷᠣᠨ ᠳᠤ ᠨᠢᠭᠡ ᠵᠢᠯ ᠳᠤ ᠬᠤᠶᠠᠷ ᠦᠶ᠎ᠡ ᠤᠯᠠᠷᠢᠨ ᠡᠭᠦᠰᠴᠦ᠂ ᠨᠢᠭᠡᠳᠦᠭᠡᠷ ᠦᠶ᠎ᠡ ᠨᠢ 6 | ᠰᠠᠷ᠎ᠠ ᠶᠢᠨ ᠳᠤᠮᠳᠠᠴᠢ᠂ ᠰᠡᠭᠦᠯᠴᠢ ᠪᠠ 7 ᠰᠠᠷ᠎ᠠ ᠶᠢᠨ ᠡᠬᠢ ᠪᠠᠷ ᠬᠤᠤᠷ ᠬᠦᠨᠦᠭᠡᠯ ᠲᠠᠢ᠂ ᠬᠤᠶᠠᠳᠤᠭᠠᠷ ᠦᠶ᠎ᠡ ᠶᠢᠨ | ᠬᠢᠨᠢ 7 ᠰᠠᠷ᠎ᠠ ᠶᠢᠨ ᠰᠡᠭᠦᠯᠴᠢ ᠪᠠ 8 ᠰᠠᠷ᠎ᠠ ᠶᠢᠨ ᠡᠬᠢ ᠪᠠᠷ ᠬᠤᠣᠷ ᠬᠥᠨᠥᠭᠡᠯ ᠲᠠᠢ᠃ | | ᠰᠡᠷᠭᠡᠶᠢᠯᠡᠨ ᠵᠠᠰᠠᠬᠤ ᠠᠷᠭ᠎ᠠ ᠬᠡᠮᠵᠢᠶ᠎ᠡ᠄ | 1. ᠠᠪᠠᠭᠠᠯᠳᠠᠢ ᠶᠢ ᠨᠢ ᠰᠡᠷᠭᠡᠶᠢᠯᠡᠨ ᠵᠠᠰᠠᠬᠤ ᠭᠦᠢᠴᠡᠳᠬᠡᠯ ᠲᠤᠭ᠎ᠠ ᠪᠠ ᠲᠣᠬᠢᠷᠠᠮᠵᠢᠲᠠᠢ ᠬᠤᠭᠤᠴᠠᠭ᠎ᠠ᠄ | ᠨᠠᠷᠢᠮᠤ ᠶᠢᠨ ᠲᠠᠷᠢᠶᠠᠨ ᠳᠤ ᠨᠢᠭᠡ ᠮᠧᠲᠷ ᠤᠷᠳᠤ ᠵᠤᠷᠬ᠎ᠠ ᠪᠦᠷᠢ ᠳᠤ 15 ᠠᠴᠠ ᠳᠡᠭᠡᠭᠰᠢ ᠠᠪᠠᠭᠠᠯᠳᠠᠢ ᠲᠠᠢ᠂ | ᠡᠷᠳᠡᠨᠢ ᠰᠢᠰᠢ᠂ ᠰᠢᠰᠢ ᠵᠡᠷᠭᠡ ᠲᠠᠷᠢᠶᠠᠨ ᠤ ᠵᠠᠭᠤᠨ ᠰᠠᠭᠤᠷᠢ ᠪᠦᠷᠢ ᠳᠤ 50 ᠠᠴᠠ ᠳᠡᠭᠡᠭᠰᠢ ᠠᠪᠠᠭᠠᠯᠳᠠᠢ ᠲᠠᠢ | ᠪᠠᠶᠢᠳᠠᠭ᠃ ᠠᠪᠠᠭᠠᠯᠳᠠᠢ ᠶᠢ ᠰᠡᠷᠭᠡᠶᠢᠯᠡᠨ ᠵᠠᠰᠠᠬᠤ ᠲᠤᠬᠢᠷᠠᠮᠵᠢᠳᠠᠢ ᠬᠤᠭᠤᠴᠠᠭ᠎ᠠ ᠨᠢ 8 ᠰᠠᠷ᠎ᠠ ᠶᠢᠨ 7 — 20 ᠤ | ᠡᠳᠤᠷ ᠪᠤᠯᠤᠨ᠎ᠠ᠃ | 2. ᠰᠡᠷᠭᠡᠶᠢᠯᠡᠨ ᠵᠠᠰᠠᠬᠤ ᠠᠷᠭ᠎ᠠ᠄ ᠲᠠᠷᠢᠶᠠᠯᠠᠩ ᠤᠨ ᠠᠷᠭ᠎ᠠ ᠬᠡᠮᠵᠢᠶ᠎ᠡ ᠳᠤ ᠬᠥᠮᠥᠨ ᠤ ᠬᠦᠴᠦ ᠪᠠᠷ ᠤᠰᠠᠳᠬᠠᠬᠤ | ᠪᠤᠶᠤ ᠡᠪᠡᠰᠦ ᠠᠷᠢᠯᠭᠠᠬᠤ ᠠᠷᠭ᠎ᠠ ᠪᠠᠷ ᠬᠤᠷᠣᠬᠠᠢ ᠶᠢᠨ ᠥᠨᠳᠡᠭᠡ ᠪᠠ ᠨᠢᠯᠬ᠎ᠠ ᠠᠪᠠᠭᠠᠯᠳᠠᠢ ᠶᠢ ᠤᠰᠠᠳᠬᠠᠵᠤ | ᠪᠣᠯᠣᠨ᠎ᠠ᠃ ᠪᠤᠳᠠᠳᠠᠢ ᠠᠷᠭ᠎ᠠ ᠨᠢ᠄ ᠤᠷᠢᠳ ᠢᠶᠠᠷ ᠲᠠᠷᠢᠶᠠᠨ ᠭᠠᠵᠠᠷ ᠤᠨ ᠲᠣᠮᠣ ᠡᠪᠡᠰᠦ ᠪᠠ ᠡᠯᠳᠡᠪ ᠡᠪᠡᠰᠦ ᠶᠢ ᠡᠮ | ᠰᠦᠷᠴᠢᠵᠦ ᠠᠷᠢᠯᠭᠠᠭᠰᠠᠨ ᠤ ᠳᠠᠷᠠᠭ᠎ᠠ ᠰᠠᠶ᠋ᠢ ᠠᠷᠴᠢᠵᠤ ᠠᠷᠢᠯᠭᠠᠬᠤ ᠪᠦᠭᠡᠳ ᠠᠪᠠᠭᠠᠯᠳᠠᠢ ᠨᠢ ᠰᠢᠯᠵᠢᠵᠦ ᠲᠠᠷᠢᠮᠠᠯ ᠢ | ᠬᠦᠨᠦᠭᠡᠬᠦ ᠠᠴᠠ ᠰᠡᠷᠬᠡᠶᠢᠯᠡᠬᠦ ᠬᠡᠷᠡᠭᠳᠡᠢ᠃ | 3. ᠭᠤᠷᠪᠠᠳᠤᠭᠠᠷ ᠦᠶ᠎ᠡ ᠶᠢᠨ ᠨᠢᠶᠠᠨ ᠢᠲᠦᠭᠠᠨ ᠡᠷᠪᠡᠬᠡᠢ ᠶᠢᠨ ᠠᠪᠠᠭᠠᠯᠳᠠᠢ ᠨᠢ ᠤᠷᠢᠳ ᠢᠶᠠᠷ ᠡᠯᠳᠡᠪ | ᠡᠪᠡᠰᠦ ᠶᠢ ᠲᠥᠪᠯᠡᠷᠡᠭᠦᠯᠦᠨ ᠢᠳᠡᠬᠦ ᠣᠨᠴᠠᠯᠢᠭ ᠢ ᠦᠨᠳᠦᠰᠦᠯᠡᠨ᠂ ᠰᠡᠷᠭᠡᠶᠢᠯᠡᠨ ᠵᠠᠰᠠᠬᠤ ᠭᠦᠢᠴᠡᠳᠬᠡᠯ ᠲᠤᠭ᠎ᠠ ᠳᠤ | ᠬᠦᠷᠦᠭᠰᠡᠨ ᠭᠠᠵᠠᠷ ᠢ ᠠᠪᠠᠭᠠᠯᠲᠠᠢ ᠨᠢ ᠰᠢᠯᠵᠢᠵᠦ ᠡᠷᠳᠡᠨᠢ ᠰᠢᠰᠢ ᠶᠢ ᠬᠦᠨᠦᠭᠡᠬᠦ ᠠᠴᠠ ᠡᠮᠦᠨ᠎ᠡ ᠰᠡᠷᠭᠡᠶᠢᠯᠡᠨ ᠵᠠᠰᠠᠬᠤ | ᠠᠵᠢᠯ ᠥᠷᠨᠢᠭᠦᠯᠬᠦ ᠬᠡᠷᠡᠭᠲᠡᠶ᠃ | | |