ᠯᠣᠬᠠᠱᠧᠩ ᠤᠨ ᠳᠤᠮᠳᠠ ᠰᠡᠭᠦᠯᠴᠢ ᠶᠢᠨ ᠬᠤᠭᠤᠴᠠᠭᠠᠨ ᠤ ᠡᠪᠡᠳᠴᠢᠨ ᠬᠤᠷᠣᠬᠠᠢ ᠶᠢᠨ ᠬᠥᠨᠥᠭᠡᠯ ᠢ ᠰᠡᠷᠭᠡᠶᠢᠯᠡᠨ ᠵᠠᠰᠠᠬᠤ ᠠᠷᠭ᠎ᠠ
ᠨᠡᠶᠢᠲᠡᠯᠡᠭᠰᠡᠨ ᠴᠠᠭ᠄
2024/9/3
    ᠨᠢᠭᠡ᠂ ᠨᠠᠪᠴᠢᠨ ᠤ ᠲᠣᠯᠪᠣᠲᠤ ᠡᠪᠡᠳᠴᠢᠨ    ᠯᠤᠬᠠᠱᠧᠩ ᠤᠨ ᠨᠠᠪᠴᠢᠨ ᠤ ᠲᠣᠯᠪᠣᠲᠤ ᠡᠪᠡᠳᠴᠢᠨ ᠨᠢ ᠲᠣᠣᠷᠯᠢᠭ ᠲᠣᠯᠪᠣᠲᠤ ᠡᠪᠡᠳᠴᠢᠨ ᠪᠠ ᠬᠦᠷᠡᠩ ᠲᠣᠯᠪᠣᠲᠤ ᠡᠪᠡᠳᠴᠢᠨ ᠢᠶᠠᠷ ᠭᠤᠣᠯ ᠪᠣᠯᠭᠠᠵᠤ᠂ ᠬᠤᠶᠠᠷ ᠵᠦᠢᠯ ᠤᠨ ᠡᠪᠡᠳᠴᠢᠨ ᠤ ᠬᠦᠨᠦᠭᠡᠯ ᠨᠢ ᠴᠦᠮ ᠨᠠᠪᠴᠢ ᠶᠢ ᠬᠦᠨᠦᠭᠡᠬᠦ ᠪᠠᠷ ᠭᠤᠣᠯ ᠪᠤᠯᠭᠠᠳᠠᠭ᠃ ᠣᠶᠢᠷ᠎ᠠ ᠶᠢᠨ ᠬᠤᠭᠤᠴᠠᠭᠠᠨ ᠳᠤ ᠪᠣᠷᠣᠭᠠᠨ ᠤ ᠤᠰᠤ ᠭᠦᠢᠴᠡᠳ᠂ ᠳᠤᠯᠠᠭᠠᠨ ᠤ ᠬᠡᠮᠵᠢᠶ᠎ᠡ ᠲᠣᠬᠢᠷᠠᠮᠵᠢᠲᠠᠶ ᠠᠴᠠ ᠯᠣᠬᠠᠱᠧᠩ ᠤᠨ ᠲᠤᠤᠷᠯᠢᠭ ᠲᠣᠯᠪᠣᠲᠤ ᠡᠪᠡᠳᠴᠢᠨ᠂ ᠬᠦᠷᠡᠩ ᠲᠣᠯᠪᠣᠲᠤ ᠡᠪᠡᠳᠴᠢᠨ ᠡᠬᠢᠯᠡᠨ ᠡᠭᠦᠰᠴᠦ᠂ ᠡᠭᠦᠨ ᠤ ᠬᠠᠮᠲᠤ ᠠᠭᠠᠵᠢᠮ ᠢᠶᠠᠷ ᠬᠦᠨᠳᠦᠷᠡᠬᠦ ᠬᠠᠨᠳᠤᠰᠢ ᠲᠠᠢ ᠪᠣᠯᠵᠤ᠂ ᠡᠪᠡᠳᠴᠢᠨ ᠡᠭᠦᠰᠬᠦ ᠲᠠᠷᠢᠶᠠᠨ ᠤ ᠨᠣᠷᠮ᠎ᠠ 40%-60% ᠪᠠᠶᠢᠵᠤ᠂ ᠡᠩ ᠤᠨ ᠲᠠᠷᠢᠶᠠᠨ ᠤ ᠡᠪᠡᠳᠴᠢᠨ ᠡᠭᠦᠰᠬᠦ ᠨᠣᠷᠮ᠎ᠠ 16% ᠣᠷᠴᠢᠮ ᠪᠠᠶᠢᠵᠤ᠂ ᠬᠦᠨᠳᠦ ᠨᠣᠴᠢᠲᠠᠶ ᠲᠠᠷᠢᠶᠠᠨ ᠤ 40% ᠬᠦᠷᠬᠦ ᠪᠤᠯᠤᠨ᠎ᠠ᠃    ᠰᠡᠷᠭᠡᠶᠢᠯᠡᠨ ᠵᠠᠰᠠᠬᠤ ᠠᠷᠭ᠎ᠠ᠄ ᠮᠦ ᠪᠦᠷᠢ ᠳᠤ 30% ᠶᠢᠨ ᠪᠧᠨ᠋ᠽᠧᠨᠲᠤ ᠮᠧᠨᠤᠯ · ᠪᠢᠩ ᠬᠤᠸᠠᠨ ᠽᠤᠯ 20-30  ᠮᠢᠯᠢᠯᠢᠲᠷ ᠪᠤᠶᠤ 70%  ᠶᠢᠨ ᠮᠠᠩᠭᠠᠨ ᠴᠠᠶᠢᠷ ᠤᠨ ᠴᠢᠭᠢᠭᠯᠢᠭ ᠨᠤᠨᠳᠠᠭ ᠪᠤᠶᠤ 50% ᠶᠢᠨ100 —150 ᠭᠷᠡᠮ ᠪᠤᠶᠤ 70% ᠶᠢᠨ ᠺᠯᠧᠨ᠋ᠲ᠋ᠢᠨ ᠤ ᠴᠢᠬᠢᠭᠯᠢᠭ ᠨᠤᠨᠳᠠᠭ ᠪᠦᠬᠦᠢ ᠲᠠᠯᠬ᠎ᠠ ᠡᠮ 75-100 ᠭᠷᠡᠮ ᠳᠤ 50-60 ᠺᠢᠯᠦᠭᠷᠡᠮ ᠤᠰᠤ ᠬᠤᠯᠢᠵᠤ ᠵᠢᠭᠳᠡ ᠰᠦᠷᠴᠢᠵᠦ᠂ ᠵᠠᠯᠭᠠᠪᠡᠷ 2 —3 ᠤᠳᠠᠭ᠎ᠠ ᠰᠦᠷᠴᠢᠨ᠎ᠡ᠃ ᠳᠡᠭᠡᠷ᠎ᠡ ᠳᠤᠷᠠᠳᠤᠭᠰᠠᠨ ᠡᠮ ᠤᠨ ᠰᠢᠩᠭᠡᠨ ᠳᠤ ᠶᠦᠨ ᠲᠠᠢ ᠡᠳ᠋ ᠤᠨ ᠡᠰᠲ᠋ᠧᠷ ᠨᠡᠮᠡᠪᠡᠯ ᠯᠣᠬᠠᠱᠧᠩ ᠡᠪᠡᠳᠴᠢᠨ ᠡᠰᠡᠷᠭᠦᠴᠡᠬᠦ ᠴᠢᠨᠠᠷ ᠢ ᠢᠯᠡᠳᠲᠡ ᠴᠢᠩᠭᠠᠷᠠᠭᠤᠯᠵᠤ᠂ ᠨᠠᠪᠴᠢᠨ ᠤ ᠴᠢᠳᠠᠮᠵᠢ ᠶᠢᠨ ᠬᠤᠭᠤᠴᠠᠭ᠎ᠠ ᠶᠢ ᠤᠷᠲᠤᠳᠬᠠᠨ᠂ ᠭᠠᠷᠤᠯᠲᠠ ᠶᠢ ᠳᠡᠭᠡᠭᠰᠢᠯᠡᠭᠦᠯᠵᠦ᠂ ᠶᠠᠰᠤ ᠴᠢᠨᠠᠷ ᠢ ᠰᠠᠶᠢᠵᠢᠷᠠᠭᠤᠯᠬᠤ ᠪᠣᠯᠣᠨ᠎ᠠ᠃    ᠬᠤᠶᠠᠷ᠂ ᠨᠠᠪᠴᠢ ᠠᠯᠠᠭᠰᠢᠬᠤ ᠡᠪᠡᠳᠴᠢᠨ    ᠯᠤᠬᠠᠱᠧᠩ ᠤᠨ ᠨᠠᠪᠴᠢ ᠠᠯᠠᠭᠰᠢᠬᠤ ᠡᠪᠡᠳᠴᠢᠨ ᠪᠤᠯ ᠨᠢᠭᠡ ᠵᠦᠢᠯ ᠤᠨ ᠬᠦᠷᠦᠰᠦ ᠰᠢᠷᠤᠢ ᠠᠴᠠ ᠬᠠᠯᠳᠠᠪᠤᠷᠢᠯᠠᠬᠤ ᠪᠠᠺᠲ᠋ᠧᠷᠢ ᠶᠢᠨ ᠴᠢᠨᠠᠷᠲᠠᠢ ᠡᠪᠡᠳᠴᠢᠨ ᠤ ᠬᠦᠨᠦᠭᠡᠯ ᠪᠠᠶᠢᠵᠤ᠂ ᠣᠶᠢᠷ᠎ᠠ ᠶᠢᠨ ᠵᠢᠯ ᠳᠤ ᠬᠦᠨᠳᠦᠷᠡᠬᠦ ᠬᠠᠨᠳᠤᠰᠢ ᠲᠠᠢ᠃ ᠲᠤᠰ ᠡᠪᠡᠳᠴᠢᠨ ᠯᠤᠬᠠᠱᠧᠩ ᠤᠨ ᠬᠤᠩᠭᠤᠷᠴᠠᠭ ᠪᠦᠳᠦᠭᠰᠡᠨ ᠬᠤᠭᠤᠴᠠᠭᠠᠨ ᠳᠤ ᠰᠠᠶ᠋ᠢ ᠡᠪᠡᠳᠴᠢᠨ ᠤ ᠢᠯᠡᠷᠡᠯ ᠭᠠᠷᠭᠠᠵᠤ᠂ ᠡᠪᠡᠳᠴᠢᠨ ᠡᠭᠦᠰᠦᠭᠰᠡᠨ ᠤ ᠳᠠᠷᠠᠭ᠎ᠠ ᠰᠡᠷᠭᠡᠶᠢᠯᠡᠨ ᠵᠠᠰᠠᠬᠤ ᠦᠷ᠎ᠡ ᠪᠦᠲᠦᠮᠵᠢ ᠨᠢ ᠨᠡᠯᠢᠶᠡᠳ ᠠᠨᠠᠶ ᠪᠣᠯᠬᠤᠷ ᠡᠷᠳᠡ ᠰᠡᠷᠭᠡᠶᠢᠯᠡᠨ ᠵᠠᠰᠠᠪᠠᠯ ᠦᠷ᠎ᠡ ᠪᠦᠲᠦᠮᠵᠢ ᠨᠢ ᠨᠡᠯᠢᠶᠡᠳ ᠰᠠᠶᠢᠨ ᠪᠠᠶᠢᠳᠠᠭ᠃ ᠡᠰᠢ ᠰᠦᠷᠡᠯ ᠤᠨ ᠤᠭ ᠨᠢ ᠬᠦᠷᠡᠩᠳᠤᠨ ᠢᠯᠵᠠᠷᠡᠵᠦ᠂ ᠪᠠᠰᠠ ᠴᠠᠭᠠᠨ ᠰᠢᠷᠬᠡᠭ ᠬᠡᠯᠪᠡᠷᠢᠲᠡᠶ ᠪᠣᠳᠠᠰ ᠨᠠᠭᠠᠯᠳᠤᠵᠤ ᠪᠠᠶᠢᠪᠠᠯ ᠲᠠᠷᠤᠢ ᠨᠠᠪᠴᠢ ᠠᠯᠠᠭᠰᠢᠬᠤ ᠡᠪᠡᠳᠴᠢᠨ ᠳᠤ ᠬᠠᠯᠳᠠᠪᠤᠷᠢᠯᠠᠭᠳᠠᠭᠰᠠᠨ ᠪᠠᠶᠢᠳᠠᠭ᠃    ᠰᠡᠷᠭᠡᠶᠢᠯᠡᠨ ᠵᠠᠰᠠᠬᠤ ᠠᠷᠭ᠎ᠠ᠄1500 ᠲᠠᠬᠢᠨ ᠪᠦᠬᠦᠢ 50% ᠶᠢᠨ ᠤᠨᠳᠤᠤ ᠪᠠᠺᠲ᠋ᠧᠷᠢᠳᠤ ᠰᠢᠭᠡᠰᠦᠯᠢᠭ ᠴᠢᠭᠢᠭᠯᠢᠭ ᠨᠤᠨᠳᠠᠭ ᠤᠨ ᠠᠭᠤᠰᠤᠮᠠᠯ᠂ ᠡᠰᠡᠬᠦᠯ᠎ᠡ1500 ᠲᠠᠬᠢᠨ ᠪᠦᠬᠦᠢ 50% ᠶᠢᠨ ᠢᠯᠵᠢᠮᠡᠭ ᠤᠨ ᠨᠤᠨᠳᠠᠭ ᠤᠨ ᠠᠭᠤᠰᠤᠮᠠᠯ᠂ ᠡᠰᠡᠬᠦᠯ᠎ᠡ 600 ᠳᠠᠬᠢᠨ ᠪᠦᠬᠦᠢ 78% ᠶᠢᠨ ᠪᠤᠷ ᠮᠠᠩᠭᠠᠨ ᠴᠠᠶᠢᠷ ᠤᠨ ᠴᠢᠬᠢᠭᠯᠢᠭ ᠨᠤᠨᠳᠠᠭ ᠤᠨ ᠠᠭᠤᠰᠤᠮᠠᠯ ᠢ ᠬᠡᠷᠡᠭᠯᠡᠨ᠎ᠡ᠃     ᠭᠤᠷᠪᠠ᠂ ᠭᠠᠵᠠᠷ ᠲᠤᠤᠷᠠᠬᠢ ᠬᠦᠨᠦᠭᠡᠯᠲᠦ ᠬᠤᠷᠤᠬᠠᠢ     ᠦᠳᠦ ᠬᠤᠷᠣᠬᠠᠢ ᠪᠠ ᠠᠯᠲᠠᠨ ᠵᠡᠭᠦᠦ ᠬᠤᠷᠤᠬᠠᠢ ᠪᠣᠯ ᠯᠤᠬᠠᠱᠧᠩ ᠢ ᠬᠥᠨᠥᠭᠡᠬᠦ ᠭᠠᠵᠠᠷ ᠳᠣᠣᠷᠠᠬᠢ ᠴᠢᠬᠤᠯᠠ ᠬᠥᠨᠥᠭᠡᠯᠲᠦ ᠬᠤᠷᠣᠬᠠᠢ ᠪᠣᠯᠤᠨ᠎ᠠ᠃     ᠰᠡᠷᠭᠡᠶᠢᠯᠡᠨ ᠵᠠᠰᠠᠬᠤ ᠠᠷᠭ᠎ᠠ᠄ ᠯᠣᠬᠠᠱᠧᠩ ᠦᠷᠡᠯᠡᠬᠦ ᠬᠤᠭᠤᠴᠠᠭᠠᠨ ᠳᠤ ᠲᠡᠭᠰᠢ ᠳᠥᠷᠪᠡᠯᠵᠢᠨ ᠮᠧᠲᠷ ᠪᠦᠷᠢ ᠳᠤ  ᠠᠴᠠ ᠳᠡᠭᠡᠭᠰᠢ ᠦᠳᠦ ᠬᠤᠷᠤᠬᠠᠢ ᠪᠠᠶᠢᠪᠠᠯ᠂ 50% ᠶᠢᠨ ᠬᠦᠬᠦᠷᠲᠦ ᠹᠣᠰᠹᠣᠷ ᠲᠤ  300 — 350 ᠮᠢᠯᠢᠯᠢᠲᠷ ᠤᠰᠤ ᠬᠤᠯᠢᠵᠤ᠂ 25-30 ᠺᠢᠯᠣᠭ᠍ᠷᠠᠮ ᠨᠠᠷᠢᠨ ᠡᠯᠡᠰᠦᠷᠬᠡᠭ ᠰᠢᠷᠤᠢ ᠲᠠᠢ ᠵᠢᠭᠳᠡ ᠵᠢᠭᠤᠷᠠᠵᠤ᠂ ᠳᠠᠯᠠᠩ ᠳᠠᠭᠠᠤ ᠳᠤ ᠨᠢ ᠰᠠᠴᠤᠭᠰᠠᠨ ᠤ ᠲᠠᠷᠠᠭ᠎ᠠ ᠭᠦᠢᠬᠡᠨ ᠠᠷᠴᠢᠬᠤ ᠪᠤᠶᠤ ᠤᠰᠤᠯᠠᠪᠠᠯ ᠬᠠᠮᠲᠤ ᠳᠤ ᠨᠢ ᠠᠷᠢᠯᠭᠠᠵᠤ ᠪᠣᠯᠤᠨ᠎ᠠ᠃     ᠠᠩᠬᠠᠷᠬᠤ ᠵᠦᠢᠯ᠄ ᠣᠳᠣᠬᠠᠨ ᠳᠤ ᠶᠠᠭ ᠰᠠᠶ᠋ᠢᠬᠠᠨ ᠦᠨᠳᠦᠷ ᠬᠠᠯᠠᠭᠤᠨ ᠬᠤᠭᠤᠴᠠᠭᠠᠨ ᠳᠤ ᠣᠷᠣᠰᠢᠵᠤ ᠪᠠᠶᠢᠭ᠎ᠠ ᠲᠤᠯᠠ᠂ ᠡᠪᠡᠳᠴᠢᠨ ᠬᠤᠷᠣᠬᠠᠶ ᠶᠢ ᠰᠡᠷᠭᠡᠶᠢᠯᠡᠨ ᠵᠠᠰᠠᠬᠤ ᠳᠤ ᠠᠮᠤᠷ ᠲᠦᠪᠰᠢᠨ ᠢ ᠠᠩᠬᠠᠷᠴᠤ᠂ ᠥᠨᠳᠥᠷ ᠬᠠᠯᠠᠭᠤᠨ ᠠᠴᠠ ᠵᠠᠶᠢᠯᠠᠵᠤ᠂ ᠲᠠᠷᠢᠶᠠᠨ ᠡᠮ ᠳᠤ ᠬᠤᠤᠷᠳᠠᠬᠤ ᠬᠡᠷᠡᠭ ᠭᠠᠷᠬᠤ ᠠᠴᠠ ᠵᠠᠶᠢᠯᠠᠰᠬᠢᠬᠦ ᠬᠡᠷᠡᠭᠲᠡᠶ᠃   
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号