ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠪᠤᠯ ᠰᠣᠶᠣᠯ ᠢᠷᠭᠡᠨᠰᠢᠯ ᠭᠡᠷᠡᠯ ᠰᠠᠴᠤᠷᠠᠩᠭᠤᠶ ᠂ ᠠᠪᠢᠶᠠᠰ | ᠪᠢᠯᠢᠭᠳᠡᠨ ᠤᠯᠠᠨᠳᠠ ᠴᠤᠯᠭᠤᠷᠠᠭᠰᠠᠨ ᠠᠵᠠᠳᠠᠢ ᠰᠠᠶᠢᠬᠠᠨ ᠤᠷᠤᠨ ᠶᠤᠮ ᠡ᠂ ᠲᠤᠰ ᠨᠤᠳᠤᠭ ᠨᠢ ᠦᠢ ᠤᠯᠠᠨ | ᠪᠠᠭᠠᠳᠤᠷ ᠢᠳᠡᠳᠡᠨ ᠢ ᠦᠰᠭᠡᠵᠥ ᠲᠦᠷᠦᠬᠦᠯᠦᠭᠰᠡᠨ ᠡᠭᠡᠯᠢᠳᠡᠢ ᠬᠠᠯᠠᠭᠤᠨ ᠰᠢᠷᠤᠢ ᠪᠤᠯᠬᠤ ᠪᠠᠷ ᠪᠠᠷᠠᠬᠤ ᠦᠬᠡᠢ | ᠰᠤᠶᠤᠯ ᠤᠷᠠᠯᠢᠭ ᠤᠨ ᠠᠷᠢᠭᠤᠨ ᠲᠠᠷᠬᠠᠨ ᠡᠷᠳᠡᠨᠢᠰ ᠤᠨ ᠬᠦᠮᠦᠷᠭᠡ ᠂ ᠡᠶ᠎ᠡ ᠵᠣᠬᠢᠴᠠᠯ ᠬᠦᠭᠵᠢᠯᠳᠡ | ᠲᠠᠪᠰᠢᠯᠳᠠ ᠬᠠᠮᠲᠤ ᠪᠠᠷ ᠠᠭᠤᠰᠤᠯᠴᠠᠭᠰᠠᠨ ᠠᠮᠢᠵᠢᠷᠠᠯ ᠤᠨ ᠬᠦᠴᠦᠨ ᠲᠠᠢ ᠬᠤᠲᠠ ᠶᠤᠮ᠂ ᠡᠷᠳᠡᠨ ᠡᠳᠦᠬᠡ᠂ | ᠠᠳᠡ ᠮᠠᠰᠢ ᠣᠯᠠᠨ ᠨᠠᠷᠠᠲᠤ ᠬᠥᠮᠦᠰ ᠬᠦᠮᠦᠵᠢᠭᠳᠡᠵᠥ᠂ ᠤᠯᠤᠰ ᠤᠷᠤᠨ ᠤ ᠮᠠᠨᠳᠤᠯᠳᠠ᠂ ᠦᠪ ᠰᠤᠶᠤᠯ ᠤᠨ | ᠦᠷᠨᠢᠯᠳᠡ ᠳᠤ ᠬᠦᠨ ᠵᠤᠵᠠᠭᠠᠨ ᠵᠢᠳᠬᠦᠯ ᠨᠡᠮᠡᠷᠢᠯᠡᠪᠡ᠃ ᠲᠤᠤᠷ᠎ᠠ ᠪᠢᠳᠡ ᠬᠤᠷᠴᠢᠨ ᠵᠡᠬᠦᠨ ᠭᠠᠷᠤᠨ ᠬᠤᠶᠢᠳᠤ | ᠬᠤᠰᠢᠭᠤᠨ ᠤ ᠰᠢᠨ᠎ᠡ ᠴᠠᠭ ᠦᠶ᠎ᠡ ᠶᠢᠨ ᠨᠡᠷᠡᠳᠦ ᠬᠦᠮᠦᠰ ᠤᠨ ᠬᠡᠰᠡᠭ ᠪᠦᠯᠦᠭ ᠠᠴᠠ ᠲᠠᠨᠢᠯᠴᠠᠶ᠎ᠠ | | ᠶᠢᠨ ᠬᠤᠸᠠ᠂ ᠡᠮᠡᠭᠳᠡᠢ ᠂ 1943 ᠣᠨ ᠤ 10 ᠰᠠᠷ᠎ᠠ ᠳᠤ ᠬᠤᠷᠴᠢᠨ ᠵᠡᠭᠦᠨ ᠭᠠᠷᠤᠨ ᠬᠤᠶᠢᠲᠤ | ᠬᠤᠰᠢᠭᠤᠨ ᠳᠤ ᠳᠦᠷᠦᠵᠡᠶ᠂ ᠮᠣᠩᠭᠤᠯ ᠦᠨᠳᠦᠰᠦᠲᠡᠨ ᠤ ᠠᠯᠳᠠᠷᠲᠤ ᠳᠠᠭᠤᠴᠢᠨ ᠂ ᠤᠯᠤᠰ ᠤᠨ ᠨᠢᠭᠡᠳᠦᠭᠡᠷ ᠲᠡᠰ | ᠤᠨ ᠲᠤᠬᠯᠠᠬᠴᠢ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ︽ᠰᠢᠯᠠᠭᠠᠷᠠᠬᠰᠠᠨ ᠲᠠᠭᠤᠤ | ᠬᠦᠭᠵᠢᠮᠴᠢᠨ︾ ᠤ ᠢᠷᠠᠭᠤ ᠠᠯᠳᠠᠷ ᠢ ᠬᠦᠷᠳᠡᠭᠴᠢ᠃ ᠥᠪᠥᠷ ᠮᠣᠩᠭᠤᠯ ᠤᠨ ᠵᠠᠯᠠᠭᠤᠴᠤᠳ ᠤᠨ ᠬᠤᠯᠪᠣᠭ᠎ᠠ ᠶᠢᠨ | ᠳᠡᠳ᠋ ᠲᠡᠷᠢᠭᠦᠯᠡᠭᠴᠢ᠂ ᠥᠪᠥᠷ ᠮᠣᠩᠭᠤᠯ ᠤᠨ ᠤᠯᠤᠰ ᠲᠥᠷᠥ ᠶᠢᠨ ᠵᠥᠪᠯᠡᠯᠭᠡᠨ ᠤ ᠭᠡᠰᠢᠭᠦᠨ᠂ ᠣᠷᠳᠣᠰ ᠤᠨ | ᠳᠠᠭᠤᠤ ᠪᠥᠵᠢᠭ ᠤᠨ ᠪᠦᠯᠬᠦᠮ ᠤᠨ ᠳᠡᠳ᠋ ᠳᠠᠷᠤᠭ᠎ᠠ ᠵᠡᠷᠭᠡ ᠲᠤᠰᠢᠶᠠᠯ ᠢ ᠬᠠᠷᠢᠭᠤᠴᠠᠵᠥ ᠦᠩᠬᠡᠷᠡᠪᠡ ᠃ ᠤᠷᠢᠳ | ᠬᠤᠵᠢᠳ ᠶᠡᠭᠡ ᠵᠤᠤ ᠠᠶᠢᠮᠠᠭ ᠤᠨ ᠳᠠᠭᠤᠤ ᠪᠥᠵᠢᠭ ᠤᠨ ᠪᠦᠯᠬᠦᠮ᠂ ᠥᠪᠥᠷ ᠮᠣᠩᠭᠤᠯ ᠤᠨ ᠳᠠᠭᠤᠤ ᠪᠥᠵᠢᠭ ᠤᠨ | ᠪᠦᠯᠬᠦᠮ ᠳᠤ ᠠᠵᠢᠯᠯᠠᠵᠤ᠂ ᠣᠷᠳᠣᠰ ᠤᠨ ᠠᠷᠠᠳ ᠤᠨ ᠳᠠᠭᠤᠤ ᠪᠠ ᠮᠣᠩᠭᠤᠯ ᠦᠨᠳᠦᠰᠦᠲᠡᠨ ᠤ ᠳᠠᠭᠤᠤ | ᠬᠥᠭᠵᠢᠮ ᠤᠨ ᠬᠡᠪ ᠨᠠᠮᠪᠠ ᠢᠶᠠᠷ ᠲᠠᠭᠤᠯᠠᠬᠤ ᠪᠠᠷ ᠭᠤᠤᠯᠯᠠᠳᠠᠭ ᠃ ᠲᠥᠯᠥᠭᠡᠯᠡᠭᠴᠢ ᠲᠠᠭᠤᠤ ᠶᠢ ᠲᠤᠷᠠᠳᠪᠠᠯ ᠂ | ︽ ᠰᠡᠨᠵᠢᠳᠮ᠎ᠠ ︾᠂ ︽ᠨᠠᠤᠮᠢᠨᠳᠠᠯᠠᠢ︾᠂ ︽ᠠᠯᠲᠠᠨ ᠬᠤᠨᠳᠠᠭ᠎ᠠ︾᠂ ︽ᠬᠠᠷ᠎ᠠ ᠲᠤᠷᠭᠠᠨ ᠬᠠᠨᠵᠢᠶᠠᠷ︾᠂ ︽ | ᠦᠬᠢᠨ ᠬᠦᠷᠭᠡᠬᠦ ᠳᠠᠭᠤᠤ︾᠂ ︽ ᠲᠤᠭᠤᠢ ᠮᠠᠯᠠᠭᠠᠢ︾᠂ ︽ ᠰᠦ ᠶᠢᠨ ᠦᠨᠦᠷ ᠬᠠᠩᠬᠢᠯᠤᠨ᠎ᠠ ︾ ᠵᠡᠷᠭᠡ | ᠪᠠᠶᠢᠳᠠᠭ᠃ 20 ᠳ᠋ᠤᠭᠠᠷ ᠵᠠᠭᠤᠨ ᠤ ᠵᠢᠷᠠᠭᠠᠳ ᠤᠨ ᠳᠤ ᠶᠢᠨ ᠬᠤᠸᠠ᠂ ᠵᠸᠦ ᠡᠸ᠋ᠨ ᠯᠠᠢ ᠶᠡᠷᠦᠩᠬᠡᠢ ᠰᠠᠶᠢᠳ ᠵᠤ᠋ | ᠳ᠋ᠧ᠂ ᠴᠧᠨ ᠢ ᠵᠡᠷᠭᠡ ᠨᠠᠮ ᠪᠠ ᠲᠦᠷᠦ ᠶᠢᠨ ᠤᠳᠤᠷᠢᠳᠬᠤ ᠬᠦᠮᠦᠰ ᠳᠤ ᠣᠯᠠᠨᠲᠠ ᠲᠠᠭᠤᠤ ᠡᠷᠬᠦᠭᠰᠡᠨ ᠪᠦᠭᠡᠳ | ᠳᠡᠳᠡᠨ ᠤ ᠮᠠᠭᠲᠠᠭᠠᠯ ᠢ ᠤᠯᠵᠦ᠂ ᠵᠸᠤ ᠡᠸ᠋ᠨ ᠯᠠᠢ ᠶᠡᠷᠦᠩᠬᠡᠢ ᠰᠠᠶᠢᠳ ᠲᠠᠢ 7 ᠤᠳᠠᠭ᠎ᠠ ᠠᠭᠤᠯᠵᠠᠪᠠ᠃ ᠶᠡᠷᠡᠭᠡᠳ | ᠣᠨ ᠳᠤ ᠪᠠᠰᠠ ᠵᠢᠶᠠᠩ ᠽᠧ ᠮᠢᠨ᠂ ᠯᠢ ᠫᠧᠩ ᠵᠡᠷᠭᠡ ᠲᠥᠪ ᠤᠨ ᠤᠳᠤᠷᠢᠳᠤᠯᠭ᠎ᠠ ᠳᠤ ᠲᠠᠭᠤᠤ ᠡᠷᠬᠦᠵᠥ ᠂ | ᠲᠡᠷᠢᠭᠦᠯᠡᠭᠴᠢ ᠵᠢᠶᠠᠩ ᠽᠧ ᠮᠢᠨ ᠤ ᠳᠡᠭᠡᠳᠦ ᠬᠡᠮᠵᠢᠶᠡᠨ ᠤ ᠮᠠᠭᠲᠠᠭᠠᠯ ᠰᠠᠶᠢᠰᠢᠶᠠᠯ ᠢ ᠣᠯᠵᠠᠢ᠃ | |