ᠬᠤᠶᠠᠷ ᠮᠤᠷᠢᠨ ᠡᠳ᠋ᠯᠡᠯ ᠦᠢᠯᠡᠳᠬᠦ ᠮᠡᠷᠭᠡᠰᠢᠯ | | | | | ᠮᠠᠨ ᠤ ᠬᠤᠰᠢᠭᠤᠨ ᠤ ᠮᠤᠷᠢᠨ ᠡᠳ᠋ᠯᠡᠯ ᠦᠢᠯᠡᠳᠬᠦ ᠤᠷ᠎ᠠ ᠮᠡᠷᠭᠡᠵᠢᠯ ᠨᠢ ᠤᠯᠤᠰ ᠤᠨ ᠲᠡᠰ ᠤᠨ ᠪᠣᠳᠠᠰ ᠤᠨ ᠪᠤᠰᠤ | ᠰᠣᠶᠣᠯ ᠤᠨ ᠥᠪ ᠪᠣᠯᠬᠤ ᠪᠠᠷ ᠪᠠᠷᠠᠬᠤ ᠦᠭᠡᠢ ᠨᠡᠩ ᠴᠤ ᠨᠢᠭᠡᠨ ᠲᠠᠯ᠎ᠠ ᠨᠤᠲᠤᠭ ᠤᠨ ᠣᠷᠣᠰᠢᠨ ᠲᠤᠬᠳᠠᠨᠢᠯ ᠢ | ᠪᠤᠰᠤᠭ᠎ᠠ ᠴᠤᠭᠴᠠ ᠪᠠᠷ ᠪᠢᠴᠢᠭᠯᠡᠭᠰᠡᠨ ᠲᠤᠤᠯᠢ ᠪᠣᠯᠤᠨ᠎ᠠ᠃ ᠡᠮᠡᠭᠡᠯ ᠠᠴᠠ ᠳᠥᠷᠥᠭᠡ ᠬᠦᠷᠲᠡᠯ᠎ᠡ᠂ ᠴᠤᠯᠪᠤᠭᠤᠷ | ᠳᠡᠭᠡᠰᠦᠨ ᠠᠴᠠ ᠲᠠᠰᠢᠭᠤᠷ ᠬᠦᠷᠲᠡᠯ᠎ᠡ ᠪᠦᠷ ᠤᠷᠠᠨ ᠳᠠᠷᠬᠠᠨ ᠤ ᠭᠤᠶᠢᠳᠠ ᠨᠠᠷᠢᠯᠢᠭ ᠰᠡᠶᠢᠯᠵᠥ ᠪᠦᠳᠦᠭᠡᠬᠦ ᠳᠤ | ᠲᠦᠰᠢᠭᠯᠡᠳᠡᠭ᠃ ᠦᠢᠯᠡᠳᠴᠦ ᠵᠤᠬᠢᠶᠠᠬᠤ ᠤᠷ᠎ᠠ ᠮᠡᠷᠭᠡᠵᠢᠯ ᠨᠢ ᠪᠤᠳᠤᠯᠢᠶᠠᠨᠳᠠᠢ ᠪᠠᠶᠢᠵᠥ᠂ ᠡᠯᠳᠡᠵᠦ ᠦᠢᠯᠡᠳᠬᠦ᠂ | ᠡᠰᠭᠡᠬᠦ᠂ ᠣᠶᠣᠬᠤ᠂ ᠰᠡᠶᠢᠯᠬᠦ ᠵᠡᠷᠭᠡ ᠣᠯᠠᠨ ᠵᠦᠢᠯ ᠤᠨ ᠠᠵᠢᠯ ᠤᠨ ᠲᠠᠷᠠᠭᠠᠯᠠᠯ ᠢᠶᠠᠷ ᠶᠠᠪᠤᠳᠠᠭ ᠃ 2008 | ᠣᠨ ᠳᠤ ᠮᠣᠩᠭᠤᠯ ᠦᠨᠳᠦᠰᠦᠲᠡᠨ ᠤ ᠮᠣᠷᠢᠨ ᠡᠳ᠋ᠯᠡᠯ ᠦᠢᠯᠡᠳᠬᠦ ᠤᠷ᠎ᠠ ᠮᠡᠷᠭᠡᠰᠢᠯ ᠨᠢ ᠲᠥᠷᠥ ᠶᠢᠨ ᠶᠠᠪᠤᠳᠠᠯ ᠤᠨ | ᠬᠤᠷᠢᠶᠠᠨ ᠤ ᠵᠥᠪᠰᠢᠶᠡᠷᠡᠯ ᠢᠶᠠᠷ ᠬᠤᠶᠠᠳᠤᠭᠠᠷ ᠪᠦᠯᠦᠭ ᠤᠯᠤᠰ ᠤᠨ ᠲᠠᠰ ᠤᠨ ᠪᠣᠳᠠᠰ ᠤᠨ ᠪᠤᠰᠤ ᠰᠣᠶᠣᠯ ᠤᠨ | ᠥᠪ ᠤᠨ ᠨᠡᠷᠡᠰ ᠤᠨ ᠵᠢᠭᠰᠠᠭᠠᠯᠲᠠ ᠳᠤ ᠣᠷᠣᠪᠠ᠃ | |