ᠬᠡᠦᠬᠡᠳ ᠪᠠᠭᠠᠴᠤᠳ ᠤᠨ ᠬᠡᠯᠪᠡᠷᠢᠴᠢ ᠦᠵᠡᠯ ᠲᠠᠢ ᠪᠤᠯᠬᠤ ᠶᠢ ᠰᠡᠷᠭᠡᠶᠢᠯᠡᠵᠦ᠂ ᠲᠠᠲᠠᠨᠤᠰ ᠢ ᠵᠥᠪ ᠲᠠᠯ᠎ᠠ ᠪᠠᠷ | ᠬᠥᠲᠥᠯᠥᠨ ᠵᠢᠯᠤᠭᠤᠳᠴᠤ᠂ ᠵᠥᠪ ᠤᠨᠤᠪᠴᠢᠲᠠᠢ ᠶᠢᠷᠲᠢᠨᠴᠦ ᠶᠢᠨ ᠦᠵᠡᠯᠲᠡ᠂ ᠠᠮᠢᠳᠤᠷᠠᠬᠤᠢ ᠶᠢᠨ ᠦᠵᠡᠯᠲᠡ᠂ | ᠦᠷᠲᠡᠭ ᠤᠨ ᠦᠵᠡᠯᠲᠡ ᠲᠠᠢ ᠪᠣᠯᠭᠠᠨ ᠬᠥᠮᠥᠵᠢᠭᠦᠯᠪᠡᠯ ᠵᠣᠬᠢᠨ᠎ᠠ᠃ | ᠣᠶᠢᠷ᠎ᠠ ᠳᠤ ᠡᠶᠢᠮᠦ ᠨᠢᠭᠡᠨ ᠦᠵᠡᠭᠳᠡᠯ ᠢ ᠬᠠᠷᠠᠭᠠᠳ ᠲᠤᠩ ᠡᠪ ᠦᠭᠡᠢ ᠰᠠᠨᠠᠭᠳᠠᠪᠠ᠃ ᠨᠢᠭᠡᠨ ᠰᠤᠷᠭᠠᠭᠤᠯᠢ | ᠶᠢᠨ ᠨᠢᠭᠡ ᠪᠢᠴᠢᠬᠠᠨ ᠬᠡᠦᠬᠡᠨ ᠭᠡᠷ ᠲᠡᠭᠡᠨ ᠢᠷᠡᠩᠭᠦᠲᠡ᠂ ︽ᠡᠵᠢ ᠠ᠋᠂ ᠭᠠᠷᠠᠭ ᠤᠨ ᠠᠮᠠᠷᠠᠯᠲᠠ ᠳᠤ ᠠᠩᠭᠢ ᠶᠢᠨ | ᠪᠠᠭᠰᠢ ᠠᠴᠠ ᠪᠢᠲᠡᠨ ᠢ ︿ᠨᠢᠭᠡ ᠵᠦᠢᠯ ᠤᠨ ᠠᠵᠢᠯ ᠭᠦᠲᠡᠯᠮᠤᠷᠢ ᠬᠢᠵᠦ ᠰᠤᠷ﹀ ᠭᠡᠰᠡᠨ ᠳᠠᠰᠬᠠᠯ ᠦᠯᠡᠳᠡᠭᠡᠵᠦ᠂ | ᠲᠡᠭᠦᠨ ᠢᠶᠠᠨ ᠰᠡᠭᠦᠳᠡᠷᠯᠡᠵᠦ ᠠᠩᠭᠢ ᠶᠢᠨ ᠬᠤᠯᠪᠣᠭᠠᠨ ᠳᠤ ᠶᠠᠪᠤᠭᠤᠯ︾ ᠭᠡᠯᠡ᠃ ᠲᠡᠭᠡᠭᠡᠳ ᠡᠨᠡ ᠬᠡᠦᠬᠡᠳ ᠬᠠᠮᠤᠭ | ᠠᠮᠠᠷᠬᠠᠨ ᠢᠶᠠᠷ ᠢᠶᠠᠨ ᠭᠡᠷ ᠱᠦᠭᠦᠷᠳᠡᠬᠦ ᠮᠠᠶ᠋ᠢᠭ ᠭᠠᠷᠭᠠᠵᠤ᠂ ᠡᠵᠢ ᠪᠠᠷ ᠢᠶᠠᠨ ᠰᠡᠭᠦᠳᠡᠷᠯᠡᠭᠦᠯᠵᠦ ᠪᠠᠷᠠᠮᠠᠭᠴᠠ ᠱᠦᠭᠦᠷ | ᠢᠶᠠᠨ ᠬᠠᠶᠠᠵᠤ ᠭᠠᠷ ᠤᠲᠠᠰᠤ ᠱᠠᠭᠠᠶᠢᠪᠠ᠃ ᠡᠵᠢ ᠨᠢ ᠴᠤ ᠢᠯᠡᠭᠦᠦ ᠳᠤᠲᠠᠭᠤ ᠶᠠᠭᠤᠮ᠎ᠠ ᠶᠠᠷᠢᠭᠰᠠᠨ ᠦᠭᠡᠢ ᠰᠡᠭᠦᠳᠡᠷ | ᠵᠢᠷᠤᠭ ᠢ ᠨᠢ ᠬᠤᠯᠪᠣᠭᠠᠨ ᠳᠤᠨᠢ ᠶᠠᠪᠤᠭᠤᠯᠵᠤ ᠤᠷᠭᠢᠯᠠ᠃ ᠪᠤᠰᠤᠳ ᠨᠥᠬᠦᠳ ᠤᠨ ᠶᠠᠪᠤᠭᠤᠯᠤᠭᠰᠠᠨ ᠰᠡᠭᠦᠳᠡᠷ | ᠵᠢᠷᠤᠭ ᠢ ᠬᠠᠷᠠᠬᠤᠯ᠎ᠠ᠂ ᠮᠥᠨ ᠯᠡ ᠬᠤᠪᠴᠠᠰᠤ ᠤᠬᠢᠶᠠᠬᠤ᠂ ᠲᠥᠯ ᠤᠭᠵᠢᠬᠤ᠂ ᠭᠡᠷ ᠬᠤᠷᠢᠶ᠎ᠠ ᠴᠡᠪᠡᠷᠯᠡᠬᠦ᠂ ᠬᠤᠭᠤᠯᠡ | ᠪᠤᠳᠠᠭ᠎ᠠ ᠵᠣᠬᠢᠶᠠᠬᠤ ᠁ ᠭᠡᠬᠦ ᠮᠡᠲᠦ ᠶᠢᠨ ᠰᠡᠭᠦᠳᠡᠷ ᠤᠳ ᠪᠠᠶᠢᠯ᠎ᠠ᠃ ᠠᠢ︕ ᠭᠡᠲᠦ ᠨᠢ ᠡᠨᠡ ᠬᠡᠦᠬᠡᠨ ᠰᠢᠭ | ᠬᠠᠭᠤᠷᠮᠠᠭ ᠬᠢᠵᠦ ᠪᠠᠶᠢᠭ᠎ᠠ ᠪᠣᠯ ᠭᠡᠰᠡᠨ ᠪᠤᠲᠤᠯ ᠨᠠᠳᠠ ᠳᠤ ᠥᠪᠡᠷ ᠤᠨ ᠡᠷᠬᠡ ᠦᠭᠡᠢ ᠲᠥᠷᠥᠭᠳᠡᠯᠡ ᠁ | ︽ᠠᠵᠢᠯ ᠬᠢᠵᠦ ᠬᠥᠮᠥᠨ ᠪᠤᠯᠲᠠᠬ᠂ ᠠᠷᠤ ᠳᠠᠪᠠᠵᠤ ᠭᠦᠯᠦᠭ ᠪᠤᠯᠲᠠᠬ︾ ᠭᠡᠳᠡᠭᠴᠢᠯᠡᠨ᠂ ᠬᠡᠦᠬᠡᠳ | ᠪᠠᠭᠠᠴᠤᠳ ᠲᠤ ᠠᠪᠴᠤ ᠬᠡᠯᠡᠪᠡᠯ᠂ ᠠᠵᠢᠯ ᠬᠢᠵᠦ ᠰᠤᠷᠬᠤ ᠪᠣᠯ ᠬᠥᠮᠥᠨ ᠪᠤᠯᠬᠤ ᠶᠢᠨ ᠠᠩᠬᠠᠨ ᠤ ᠰᠠᠭᠤᠷᠢ᠂ ᠠᠵᠢᠯ | ᠭᠦᠲᠡᠯᠮᠤᠷᠢ ᠳᠤ ᠣᠷᠤᠯᠴᠠᠬᠤ ᠪᠣᠯ ᠬᠠᠮᠤᠭ ᠤᠨ ᠦᠨᠳᠦᠰᠦᠨ ᠮᠡᠳᠡᠯᠭᠡ ᠪᠤᠯᠬᠤ ᠶᠤᠮ᠃ ᠭᠡᠲᠡᠯ᠎ᠡ᠂ ᠪᠢᠳᠡ ᠬᠠᠮᠤᠭ ᠤᠨ | ᠦᠨᠳᠦᠰᠦᠨ ᠮᠡᠳᠡᠯᠭᠡ ᠭᠡᠳ ᠰᠤᠷᠬᠤ ᠪᠠᠨ ᠣᠮᠲᠣᠭᠠᠶᠢᠯᠠᠵᠤ ᠪᠤᠯᠬᠤ ᠦᠭᠡᠢ᠂ ᠦᠨᠡᠨ ᠳᠡᠭᠡᠨ ᠬᠡᠦᠬᠡᠳ ᠪᠠᠭᠠᠴᠤᠳ | ᠡᠳᠦᠷ ᠳᠤᠳᠤᠮ ᠤᠨ ᠠᠮᠢᠳᠤᠷᠠᠯ ᠳᠤᠮᠳᠠ ᠭᠦᠲᠡᠯᠮᠤᠷᠢ ᠦᠢᠯᠡᠳᠦᠯᠭᠡ ᠳᠤ ᠣᠷᠤᠯᠴᠠᠬᠤ ᠪᠠᠷ ᠲᠠᠮᠵᠢᠨ ᠤᠯᠡᠨ | ᠵᠦᠢᠯ ᠢ ᠰᠤᠷᠴᠤ᠂ ᠥᠪᠡᠷ ᠤᠨ ᠦᠨ᠎ᠡ ᠦᠷᠲᠡᠭ ᠢᠶᠠᠨ ᠪᠡᠶᠡᠯᠡᠭᠦᠯᠵᠦ᠂ ᠠᠮᠢᠳᠤᠷᠠᠬᠤᠢ ᠶᠢᠨ ᠵᠢᠩᠬᠢᠨᠢ ᠪᠠᠶᠠᠷ | ᠪᠠᠶᠠᠰᠤᠯ ᠢ ᠡᠳ᠋ᠯᠡᠵᠦ ᠴᠢᠳᠠᠳᠠᠭ᠃ | ᠣᠯᠠᠩᠬᠢ ᠠᠬᠠᠰ ᠵᠠᠬᠠᠰ ᠮᠠᠨᠢ ᠠᠵᠢᠯ ᠬᠢᠵᠦ ᠰᠤᠷᠪᠠᠯ ᠠᠮᠢᠨ ᠳᠤ ᠴᠢᠨᠢ ᠲᠤᠰᠠ ᠲᠠᠢ ᠭᠡᠵᠦ ᠳᠠᠩᠳᠠ | ᠰᠤᠷᠭᠠᠳᠠᠭ ᠪᠢᠰᠢ ᠤᠤ︖ ᠬᠠᠷᠢᠨ ᠡᠨᠡ ᠬᠡᠦᠬᠡᠨ ᠰᠢᠭ ᠢᠩᠭᠢᠵᠦ ᠬᠠᠰᠢ ᠶᠠᠰᠢ᠂ ᠠᠯᠠᠩ ᠰᠠᠯᠠᠩ᠂ ᠬᠠᠭᠤᠷᠮᠠᠭ ᠢᠶᠠᠷ | ᠣᠪᠯᠠᠨ᠂ ᠬᠡᠯᠪᠡᠷᠢᠴᠢ ᠦᠵᠡᠯ ᠭᠠᠷᠭᠠᠬᠤ ᠨᠢ ᠲᠤᠩ ᠵᠣᠬᠢᠰ ᠦᠭᠡᠢ ᠪᠠᠶᠢᠬ᠎ᠠ⁈ ᠭᠡᠪᠡᠴᠦ᠂ ᠣᠳᠣᠬᠠᠨ ᠳᠤ | ᠡᠶᠢᠮᠦᠷᠬᠦᠦ ᠬᠡᠯᠪᠡᠷᠢᠴᠢ ᠦᠵᠡᠯ ᠨᠢ ᠭᠠᠭᠴᠠ ᠬᠦ ᠰᠤᠷᠭᠠᠭᠤᠯᠢ ᠶᠢᠨ ᠰᠤᠷᠤᠬᠴᠢᠳ ᠤᠨ ᠪᠡᠶ᠎ᠡ ᠳᠡᠭᠡᠷ᠎ᠡ ᠣᠷᠣᠰᠢᠵᠤ | ᠪᠠᠶᠢᠭ᠎ᠠ ᠪᠢᠰᠢ᠂ ᠨᠡᠶᠢᠭᠡᠮ ᠨᠠᠶᠢᠲᠠ ᠶᠢᠨ ᠬᠥᠮᠥᠰ ᠤᠨ ᠠᠵᠢᠯᠯᠠᠭ᠎ᠠ ᠳᠤᠮᠳᠠ ᠴᠤ ᠣᠷᠣᠰᠢᠵᠤ ᠪᠤᠢ᠃ ᠨᠡᠶᠢᠭᠡᠮ ᠨᠠᠶᠢᠲᠠ | ᠶᠢᠨ ᠵᠠᠷᠢᠮ ᠰᠠᠶᠢᠨ ᠳᠤᠷ᠎ᠠ ᠶᠢᠨ ᠠᠵᠢᠯᠯᠠᠭ᠎ᠠ ᠨᠢ ᠬᠤᠭᠤᠰᠤᠨ ᠤᠷᠢᠶ᠎ᠠ ᠬᠠᠰᠬᠢᠷᠤᠨ᠂ ᠮᠠᠶ᠋ᠢᠭ ᠢ ᠨᠢ ᠭᠠᠷᠭᠠᠭᠠᠳ᠂ | ᠰᠡᠭᠦᠳᠡᠷ ᠲᠠᠲᠠᠵᠤ ᠭᠡᠷᠡᠴᠢ ᠦᠯᠡᠳᠡᠭᠡᠨ ᠬᠠᠭᠤᠷᠮᠠᠭᠯᠠᠳᠠᠭ ᠬᠡᠯᠪᠡᠷᠢᠴᠢ ᠦᠵᠡᠭᠳᠡᠯ ᠤᠳ ᠨᠡᠶᠢᠳᠡᠮ ᠬᠠᠷᠠᠭᠳᠠᠳᠠᠭ᠃ | ᠡᠶᠢᠮᠦᠷᠬᠦᠦ ᠬᠡᠯᠪᠡᠷᠢᠴᠢ ᠦᠵᠡᠯ ᠨᠢ ᠬᠡᠦᠬᠡᠳ ᠪᠠᠭᠠᠴᠤᠳ ᠲᠤ ᠰᠠᠶᠢᠨ ᠬᠥᠮᠥᠨ ᠤ ᠰᠠᠶᠢᠨ ᠶᠠᠪᠤᠳᠠᠯ ᠬᠢᠬᠦ᠂ | ᠭᠦᠲᠡᠯᠮᠤᠷᠢ ᠦᠢᠯᠡᠳᠦᠯᠭᠡ ᠳᠤ ᠣᠷᠤᠯᠴᠠᠬᠤ᠂ ᠪᠤᠰᠤᠳ ᠢ ᠬᠠᠪᠰᠤᠷᠬᠤ ᠵᠡᠷᠭᠡ ᠨᠢ ᠪᠦᠷ ᠰᠡᠭᠦᠳᠡᠷ ᠲᠠᠲᠠᠭᠤᠯᠵᠤ᠂ | ᠪᠤᠰᠤᠳ ᠲᠤ ᠦᠵᠡᠭᠦᠯᠵᠦ ᠬᠠᠷᠠᠭᠤᠯᠬᠤ ᠶᠢᠨ ᠲᠥᠯᠥᠭᠡ ᠶᠤᠮ ᠭᠡᠬᠦ ᠪᠤᠷᠤᠭᠤ ᠲᠤᠰᠬᠠᠯ ᠪᠣᠯᠵᠤ ᠮᠡᠳᠡᠬᠦ ᠶᠤᠮ᠃ | ᠬᠡᠦᠬᠡᠳ ᠪᠠᠭᠠᠴᠤᠳ ᠪᠣᠯ ᠤᠯᠤᠰ ᠣᠷᠣᠨ ᠤ ᠢᠷᠡᠭᠡᠳᠦᠢ ᠶᠤᠮ᠃ ᠪᠢᠲᠡ ᠬᠡᠷᠪᠡ ᠬᠡᠦᠬᠡᠳ ᠪᠠᠭᠠᠴᠤᠳ ᠢᠶᠠᠨ | ᠰᠠᠶᠢᠬᠠᠨ ᠬᠥᠮᠥᠵᠢᠭᠦᠯᠦᠶ᠎ᠡ ᠭᠡᠪᠡᠯ᠂ ᠰᠤᠷᠤᠯᠭ᠎ᠠ ᠶᠢ ᠨᠢ ᠠᠳᠬᠤᠭᠰᠠᠨ ᠰᠠᠭᠤᠷᠢᠨ ᠳᠡᠭᠡᠷ᠎ᠡ ᠰᠤᠷᠭᠠᠭᠤᠯᠢ᠂ ᠪᠠᠭᠰᠢ᠂ | ᠭᠡᠷ ᠤᠨ ᠠᠬᠠᠮᠠᠳ ᠦᠨᠡᠨ ᠬᠦ ᠬᠠᠮᠲᠤᠷᠠᠯᠴᠠᠵᠤ᠂ ᠬᠡᠦᠬᠡᠳ ᠪᠠᠭᠠᠴᠤᠳ ᠤᠨ ᠡᠷᠡᠭᠦᠯ ᠰᠠᠷᠠᠭᠤᠯ ᠦᠰᠤᠨ | ᠪᠤᠶᠢᠵᠢᠯᠲᠡ ᠳᠤ ᠲᠤᠰᠠᠲᠠᠢ ᠨᠡᠶᠢᠭᠡᠮ ᠤᠨ ᠦᠢᠯᠡᠳᠦᠯᠭᠡ ᠶᠢᠨ ᠠᠵᠢᠯᠯᠠᠭ᠎ᠠ ᠶᠢ ᠢᠯᠡᠭᠦᠬᠡᠨ ᠵᠣᠬᠢᠶᠠᠨ ᠪᠠᠶᠢᠭᠤᠯᠵᠤ᠂ | ᠰᠤᠷᠤᠬᠴᠢᠳ ᠢ ᠥᠪᠡᠷ ᠢᠶᠠᠨ ᠭᠠᠷ ᠬᠥᠳᠡᠯᠵᠦ ᠬᠢᠬᠦ ᠳᠤᠮᠳᠠ ᠠᠴᠠ ᠨᠡᠶᠢᠭᠡᠮ ᠢ ᠲᠠᠨᠢᠬᠤ᠂ ᠠᠮᠢᠳᠤᠷᠠᠯ ᠢ ᠲᠠᠨᠢᠬᠤ | ᠪᠣᠯᠭᠠᠨ ᠬᠥᠮᠥᠵᠢᠭᠦᠯᠵᠦ᠂ ᠬᠡᠯᠪᠡᠷᠢᠴᠢ ᠦᠵᠡᠯ ᠰᠤᠷᠬᠤ ᠠᠴᠠ ᠨᠢ ᠵᠠᠶᠢᠯᠠᠰᠬᠢᠬᠦ ᠬᠡᠷᠡᠭᠲᠡᠢ᠃ |