ᠬᠤᠭᠤᠰᠤᠨ ᠤᠷᠤ
ᠨᠡᠶᠢᠲᠡᠯᠡᠭᠰᠡᠨ ᠴᠠᠭ᠄
2025/5/6
       ᠬᠤᠭᠤᠰᠤᠨ ᠤᠷᠤ                        —   ᠲᠤ᠋   ᠬᠦᠭᠵᠢᠯᠳᠦ       ᠪᠢᠳᠡ ᠪᠡᠭᠡᠵᠢᠩ ᠬᠤᠳᠠᠨ ᠤ ᠶᠤᠸᠠᠨ ᠮᠢᠩ ᠶᠤᠸᠠᠨ ᠴᠡᠴᠡᠷᠯᠢᠭ ᠲᠤ ᠬᠠᠭᠠᠰ ᠡᠳᠦᠷ ᠶᠠᠪᠤᠭᠠᠳ᠂ ᠭᠠᠵᠠᠷ ᠲᠤᠤᠷᠠᠬᠢ ᠲᠡᠮᠦᠷ ᠵᠠᠮ ᠤᠨ ᠲᠦᠷᠪᠡᠳᠦᠭᠡᠷ ᠱᠤᠭᠤᠮ ᠢᠶᠠᠷ ᠵᠤᠭᠠᠴᠠᠯ ᠤᠨ ᠶᠠᠳᠠᠷᠠᠯ ᠢᠶᠠᠨ ᠡᠭᠦᠷᠦᠨ ᠪᠠᠭᠤᠳᠠᠯ ᠵᠦᠭ  ᠢᠶᠠᠨ ᠪᠤᠴᠠᠬᠤ ᠪᠠᠷ ᠪᠤᠯᠤᠯ᠎ᠠ᠃ ᠭᠠᠯ ᠳᠤ ᠰᠢᠳᠠᠭᠳᠠᠭᠰᠠᠨ ᠠᠰᠠᠷ ᠲᠠᠭᠳᠦ ᠶᠠᠭᠤ ᠨᠢᠭᠡ ᠶᠢ ᠪᠤᠳᠤᠭᠳᠠᠭᠤᠯᠵᠦ᠂ ᠪᠢ ᠴᠦ ᠦᠪᠡᠷ ᠢ ᠪᠠᠨ ᠪᠤᠳᠤᠯ ᠠᠬᠤᠢ ᠶᠢᠨ ᠰᠤᠯᠪᠢᠴᠠᠭᠠᠨ ᠢᠶᠠᠷ ᠬᠠᠭᠤᠴᠢᠨ ᠲᠠᠶᠢᠴᠢᠩ ᠲᠦᠷᠦ ᠶᠢᠨ ᠬᠦᠮᠦᠨ ᠪᠤᠯᠭᠠᠵᠦ᠂ ᠵᠡᠭᠡᠯᠢ ᠲᠡᠭᠡᠷ᠎ᠡ ᠶᠠᠪᠤᠵᠦ ᠪᠠᠶᠢᠬᠤ ᠬᠦᠮᠦᠰ ᠢ ᠴᠦ ᠪᠦᠷ ᠤᠷᠳᠦ ᠭᠡᠵᠢᠭᠡ ᠲᠠᠯᠪᠢᠵᠦ ᠶᠠᠮᠠᠷ ᠨᠢᠭᠡ ᠶᠠᠭᠤᠮᠠᠨ ᠤ ᠲᠦᠯᠦᠭᠡ ᠶᠡᠭᠡ ᠬᠤᠳᠠᠨ ᠳᠤᠮᠳᠠ ᠤᠷᠤᠰᠤᠨ ᠶᠠᠪᠤᠵᠦ ᠪᠠᠶᠢᠭ᠎ᠠ ᠰᠢᠭ ᠰᠠᠨᠠᠭᠳᠠᠵᠠᠢ᠃ ᠡᠮᠦᠨᠡᠬᠡᠨ ᠤᠰᠤᠨ ᠭᠠᠮᠰᠢᠭ ᠪᠤᠯᠤᠭᠰᠠᠨ ᠠᠴᠠ ᠶᠤᠮ ᠤᠤ ᠡᠰᠡᠭᠦᠯ᠎ᠡ ᠬᠢᠮᠳᠠ ᠪᠦᠭᠡᠳ ᠬᠤᠷᠳᠤᠨ ᠲᠡᠭᠡᠭᠡᠪᠤᠷᠢ ᠠᠴᠠ ᠪᠤᠯᠤᠭᠰᠠᠨ ᠶᠤᠮ ᠤᠤ ᠪᠤᠤ ᠮᠡᠳᠡ᠂ ᠬᠦᠮᠦᠰ ᠪᠦᠷ ᠭᠠᠵᠠᠷ ᠲᠤᠤᠷᠠᠬᠢ ᠲᠡᠮᠦᠷ ᠵᠠᠮ ᠢ ᠰᠤᠩᠭᠤᠵᠠᠭᠠᠨ᠂ ᠡᠭᠦᠳᠡᠨ ᠳᠤ ᠪᠦᠭᠰᠡ  ᠪᠠᠨ ᠬᠠᠪᠴᠢᠭᠤᠯᠮᠠᠷ ᠰᠢᠬᠠᠴᠠᠯᠳᠤᠨ ᠶᠠᠪᠤᠳᠠᠭ ᠨᠢ ᠡᠮᠦᠨᠡᠬᠡᠨ ᠵᠢᠯ ᠠᠴᠠ ᠨᠡᠩ ᠬᠡᠴᠡᠭᠦᠳᠡᠬᠦ ᠪᠤᠯᠤᠭᠰᠠᠨ ᠰᠢᠭ᠋ ᠪᠠᠶᠢᠯ᠎ᠠ ᠃ ᠬᠦᠮᠦᠰ ᠪᠦᠷ ᠡᠨᠡᠬᠦ ᠬᠠᠷᠠᠩᠭᠤᠢ ᠲᠤᠮᠳᠠ ᠱᠤᠤᠭᠢᠨ ᠶᠠᠪᠤᠳᠠᠭ ᠭᠠᠯᠳᠦ ᠲᠡᠷᠭᠡᠨ ᠳᠤ ᠬᠡᠨ ᠨᠢ ᠴᠦ ᠲᠠᠭᠤ ᠦᠭᠡᠢ ᠪᠠᠶᠢᠵᠦ᠂ ᠵᠠᠷᠢᠮ ᠨᠢ ᠤᠶᠤᠯᠢᠭ ᠭᠠᠷ ᠤᠳᠠᠰᠦ ᠪᠠᠨ ᠴᠢᠩᠨᠠᠭᠤᠷ ᠢᠶᠠᠷ ᠰᠤᠨᠤᠰᠴᠦ᠂ ᠲᠤᠯᠤᠪᠤᠷ ᠬᠤᠷᠤᠭᠤ ᠪᠠᠷ ᠢᠶᠠᠨ ᠴᠢᠴᠢᠯᠡᠵᠦ ᠯᠠ ᠪᠠᠶᠢᠵᠦ᠂ ᠵᠠᠷᠢᠮ ᠨᠢ ᠶᠠᠮᠠᠷ ᠴᠦ ᠴᠢᠭᠯᠡᠯ ᠬᠠᠨᠳᠤᠰᠢ ᠦᠭᠡᠢ ᠡᠯᠦᠶᠢᠷᠡᠨ ᠬᠠᠷᠠᠵᠦ᠂ ᠵᠠᠷᠢᠮ ᠨᠢ ᠭᠠᠷ ᠲᠡᠭᠦᠵᠢᠯᠡᠭᠦᠷ ᠠᠴᠠ ᠠᠳᠬᠤᠨ ᠲᠡᠷᠭᠡᠨ ᠤ ᠰᠠᠵᠢᠯᠯᠠᠭᠠᠨ ᠳᠤ ᠨᠤᠵᠤᠭᠤᠷᠠᠨ ᠪᠠᠶᠢᠬᠤ ᠨᠢ ᠲᠠᠨᠢᠯ ᠪᠤᠰᠦ ᠬᠤᠳᠠᠨ ᠳᠤ ᠲᠡᠨᠳᠡᠷᠢᠨ ᠲᠦᠭᠡᠷᠢᠨ ᠶᠠᠪᠤᠭ᠎ᠠ ᠮᠠᠨ ᠤ ᠰᠡᠳᠭᠢᠯ ᠢ ᠤᠯᠠᠮ ᠤᠶᠢᠳᠬᠠᠷᠯᠠᠭᠤᠯᠵᠦ ᠪᠢᠯᠡ᠃   ᠭᠡᠪᠡᠴᠦ ᠭᠠᠯᠳᠦ ᠲᠡᠷᠭᠡᠨ ᠤ ᠲᠤᠳᠤᠷ ᠬᠡᠬᠡᠨᠴᠢᠷ ᠰᠠᠶᠢᠬᠠᠨ ᠪᠦᠭᠡᠳ ᠴᠡᠪᠡᠷ ᠲᠤᠳᠤᠬᠠᠨ ᠬᠤᠭᠤᠯᠠᠢ ᠪᠠᠷ ︽ᠨᠠᠰᠤᠳᠠᠳ ᠢᠶᠠᠨ ᠬᠦᠨᠳᠦᠯᠡᠵᠦ ᠨᠢᠯᠬᠠᠰ ᠢᠶᠠᠨ ᠬᠠᠷᠠᠭᠠᠯᠵᠠᠬᠤ ᠪᠤᠯ‌‍ᠲ᠋ᠤᠮᠳᠠᠳᠦ ᠶᠢᠨ ᠤᠯᠠᠮᠵᠢᠯᠠᠯᠳᠦ ᠰᠤᠷᠳᠠᠯ ᠮᠦᠨ᠂ ᠰᠠᠭᠤᠳᠠᠯ ᠢᠶᠠᠨ ᠰᠠᠭᠤᠬᠤ ᠬᠡᠷᠡᠭᠴᠡᠭᠡᠲᠡᠢ ᠬᠦᠮᠦᠨ ᠳᠤ ᠶᠡᠭᠦᠯᠡᠭᠡᠷᠡᠢ︾ ᠭᠡᠵᠦ ᠲᠠᠰᠤᠷᠠᠯᠳᠠ ᠦᠭᠡᠢ ᠨᠡᠪᠳᠡᠷᠡᠭᠦᠯᠬᠦ ᠨᠢ ᠨᠠᠳᠠ ᠳᠤ ᠵᠢᠭᠠᠬᠠᠨ ᠬᠠᠯᠠᠭᠤᠨ ᠰᠠᠨᠠᠭᠳᠠᠵᠦ ᠪᠢᠯᠡ᠃ ᠠᠮᠢᠳᠡᠨ ᠤ ᠴᠡᠴᠡᠷᠯᠢᠭ ᠤᠨ ᠦᠷᠳᠡᠭᠡ ᠬᠦᠷᠬᠦ ᠳᠤ ᠨᠢᠭᠡᠨ ᠲᠠᠯᠠ ᠰᠢᠬᠠᠭᠰᠠᠨ ᠨᠠᠰᠤᠳᠠᠨ ᠲᠡᠷᠭᠡᠨ ᠳᠤ ᠰᠢᠬᠠᠭᠳᠠᠨ ᠭᠠᠷᠴᠦ ᠢᠷᠡᠯ᠎ᠡ᠃ ᠪᠢᠳᠡ ᠰᠢᠭ ᠢᠳᠡᠷ ᠨᠠᠰᠤᠨ ᠤ ᠬᠦᠮᠦᠨ ᠴᠦ ᠠᠮᠢᠰᠬᠤᠭ᠎ᠠ ᠰᠤᠶᠢᠯᠭᠡᠨᠡᠵᠦ ᠪᠠᠶᠢᠬᠤ ᠳᠤ ᠡᠨᠡᠬᠦ ᠨᠠᠰᠤᠳᠠᠨ ᠳ᠋ᠠ ᠭᠡᠵᠦ ᠪᠤᠳᠤᠵᠦ ᠪᠠᠶᠢᠬᠤ ᠳᠤ ᠨᠠᠰᠤᠳᠠᠨ ᠴᠦ ᠨᠠᠮ᠎ᠠ ᠳᠤ ᠨᠢᠭᠡᠨ ᠤᠷᠤ ᠶᠡᠭᠦᠯᠡᠬᠦ ᠬᠦᠮᠦᠨ ᠪᠠᠶᠢᠬᠤ ᠪᠤᠯᠪᠠᠦ ᠭᠡᠰᠡᠨ ᠰᠢᠭ ᠴᠢᠨᠡᠭᠡ ᠪᠠᠷ ᠢᠶᠠᠨ ᠰᠢᠬᠠᠭᠰᠠᠭᠠᠷ ᠵᠡᠷᠭᠡᠯᠡᠭᠰᠡᠨ ᠭᠤᠷᠪᠠᠨ ᠰᠠᠭᠤᠳᠠᠯ ᠤᠨ ᠬᠠᠪᠢ ᠳᠤ ᠤᠴᠢᠵᠦ ᠰᠠᠵᠢᠯᠡᠨ ᠵᠤᠭᠰᠤᠯ᠎ᠠ᠃ ᠲᠡᠷᠡ ᠭᠤᠷᠪᠠᠨ ᠤᠷᠤ ᠳᠤ ᠨᠢᠭᠡ ᠬᠦᠪᠡᠭᠡ ᠳᠤᠨᠢ ᠵᠢᠷᠠ ᠰᠢᠬᠠᠭᠰᠠᠨ ᠨᠠᠰᠤᠳᠠᠨ ᠰᠠᠭᠤᠵᠦ᠂ ᠨᠦᠭᠦᠭᠡ ᠬᠦᠪᠡᠭᠡᠨ ᠳᠤᠨᠢ ᠲᠠᠪᠢ ᠤᠶᠢᠷᠠᠳᠤᠭᠰᠠᠨ ᠨᠢᠭᠡᠨ ᠦᠰᠦ ᠰᠠᠬᠠᠯ ᠨᠢ ︽ᠰᠢᠷᠭᠠᠯᠳᠤᠭᠰᠠᠨ︾ ᠬᠢᠵᠢᠶᠡᠯ ᠨᠠᠰᠤᠨ ᠤ ᠭᠠᠳᠠᠭᠠᠳᠦ ᠶᠢᠨ ᠬᠦᠮᠦᠨ ᠰᠠᠭᠤᠵᠦ᠂ ᠲᠤᠮᠳᠠ ᠨᠢ ᠴᠠᠰᠦᠨ ᠭᠦᠩᠵᠦ ᠶᠢᠨ ᠨᠢᠳᠦᠨ ᠰᠤᠷᠮᠤᠤᠰᠦ ᠲᠠᠢ ᠭᠠᠯᠪᠢᠷ ᠰᠠᠶᠢᠬᠠᠨ ᠬᠤᠷᠢᠭᠠᠳ ᠨᠠᠰᠤᠨ ᠤ ᠬᠡᠦᠬᠡᠨ ᠭᠠᠷ ᠤᠳᠠᠰᠦ ᠪᠠᠷᠢᠵᠦ ᠴᠢᠴᠢᠯᠡᠵᠦ ᠯᠠ‌‍ᠰᠠᠭᠤᠵᠦ ᠪᠠᠶᠢᠯ᠎ᠠ᠂ ᠤᠯᠠᠨ ᠤ ᠨᠢᠳᠦ ᠠᠶᠠᠨᠳᠠᠭᠠᠨ ᠡᠨᠡᠬᠦ ᠬᠡᠦᠬᠡᠨ ᠤ ᠪᠡᠶ᠎ᠠ  ᠳᠤ ᠲᠤᠰᠤᠯ᠎ᠠ᠃ ᠨᠠᠰᠤᠳᠠᠨ ᠡᠵᠢ ᠴᠦ ᠡᠨᠡᠬᠦ ᠬᠡᠦᠬᠡᠨ ᠢ ᠴᠤᠭᠤ ᠰᠢᠷᠳᠠᠨ ᠶᠠᠮᠠᠷ ᠨᠢᠭᠡᠨ ᠶᠠᠭᠤᠮ᠎ᠠ ᠬᠦᠷᠳᠡᠬᠦ ᠮᠡᠳᠦ ᠭᠤᠶᠤᠵᠦ ᠪᠠᠶᠢᠬᠤ ᠰᠢᠭ ᠪᠠᠶᠢᠯ᠎ᠠ᠃ ᠬᠡᠦᠬᠡᠨ ᠨᠢᠳᠦ ᠪᠠᠨ ᠤᠨᠢᠨ ᠨᠢᠭᠡ ᠰᠢᠷᠳᠡᠵᠦ ᠶᠠᠭᠤ ᠴᠦ ᠤᠯᠵᠦ ᠬᠠᠷᠠᠭᠰᠠᠨ ᠦᠭᠡᠢ ᠰᠢᠭ ᠭᠠᠷ ᠤᠳᠠᠰᠦ ᠪᠠᠨ ᠤᠯᠠᠮ ᠬᠦᠴᠦᠲᠠᠢ ᠴᠢᠴᠢᠯᠡᠵᠦ ᠯᠠ ᠪᠠᠶᠢᠯ᠎ᠠ᠃ ᠤᠯᠠᠨ ᠢᠶᠠᠷ ᠢᠶᠠᠨ ᠪᠦᠷ ᠠᠮᠢᠰᠬᠤᠯ ᠪᠠᠨ ᠬᠠᠭᠠᠭᠰᠠᠨ ᠰᠢᠭ ᠲᠡᠮᠦᠷ ᠵᠠᠮ ᠤᠨ ᠬᠠᠷᠴᠢᠯᠳᠠᠬᠤ ᠳᠠᠭᠤᠨ ᠠᠴᠠ ᠴᠤᠬᠤᠮ ᠶᠠᠭᠤ ᠴᠦ ᠤᠯᠵᠦ ᠰᠤᠨᠤᠰᠬᠤ ᠦᠭᠡᠢ ᠪᠤᠯᠤᠯ᠎ᠠ᠃ ᠤᠳᠠᠯ ᠦᠭᠡᠢ ᠬᠦᠮᠦᠰ ᠪᠦᠷ ᠲᠤᠷ᠎ᠠ ᠦᠭᠡᠶᠢᠴᠡᠭᠰᠡᠨ ᠨᠢᠳᠦ ᠪᠠᠷ ᠬᠡᠦᠬᠡᠨ ᠢ ᠰᠢᠷᠳᠡᠵᠦ ᠪᠠᠶᠢᠳᠠᠯ᠎ᠠ ᠲᠡᠷᠡᠬᠦ ᠭᠠᠳᠠᠭᠠᠳᠦ ᠶᠢᠨ ᠬᠦᠮᠦᠨ ᠭᠦᠶᠦᠨ ᠪᠤᠰᠤᠯ᠎ᠠ᠃ ᠨᠠᠰᠤᠳᠠᠨ ᠢ ᠤᠷᠤ ᠳᠠᠭᠠᠨ ᠳᠠᠳᠠᠨ ᠰᠠᠭᠤᠯᠭᠠᠵᠦ ᠲᠡᠷᠭᠡᠨ ᠤ ᠰᠠᠵᠢᠯᠭᠠᠨ ᠡᠷᠢᠭᠰᠡᠭᠡᠷ ᠨᠢᠭᠡᠨ ᠭᠡᠰᠡᠭ ᠪᠠᠷᠢᠭᠤᠯ ᠤᠯᠵᠦ ᠵᠤᠭᠰᠤᠯ᠎ᠠ᠃ ᠲᠡᠷᠡ ᠬᠡᠦᠬᠡᠨ ᠶᠡᠭᠡ ᠡᠪ ᠦᠭᠡᠶᠢᠷᠡᠭᠰᠡᠨ ᠰᠢᠭ ᠰᠠᠶ᠋ᠢ ᠶᠠᠭᠠᠷᠠᠨ ᠭᠦᠶᠦᠨ ᠪᠤᠰᠴᠦ ᠡᠨᠡᠬᠦ ᠭᠠᠳᠠᠭᠠᠳᠦ ᠶᠢᠨ ᠬᠦᠮᠦᠨ ᠳᠤ ᠤᠷᠤ ᠪᠠᠨ ᠶᠡᠭᠦᠯᠡᠨ ᠦᠭᠬᠦ ᠭᠡᠳᠡᠯ᠎ᠡ ᠲᠡᠷᠡ ᠭᠠᠳᠠᠭᠠᠳᠦ ᠶᠢᠨ ᠬᠦᠮᠦᠨ ᠪᠠᠭ᠋ᠠᠨ ᠢᠨᠢᠶᠡᠮᠰᠦᠭᠯᠡᠵᠦ ᠰᠠᠭᠤᠭᠰᠠᠨ ᠦᠭᠡᠢ ᠪᠠᠶᠢᠯ᠎ᠠ᠃ ᠬᠡᠦᠬᠡᠨ ᠴᠦ ᠰᠠᠭᠤᠬᠤ ᠰᠡᠳᠭᠢᠯ ᠦᠭᠡᠢ ᠨᠢᠭᠡ ᠤᠷᠤ ᠤᠯᠠᠨ ᠤ ᠲᠤᠮᠳᠠ ᠬᠤᠭᠤᠰᠤᠷᠠᠨ ᠶᠠᠪᠤᠵᠦ ᠪᠠᠶᠢᠯ᠎ᠠ᠃ ᠬᠤᠭᠤᠰᠤᠨ ᠤᠷᠤ ᠶᠢ ᠬᠠᠷᠠᠭᠠᠳ ᠵᠤᠭᠰᠤᠵᠦ ᠶᠠᠳᠠᠷᠠᠵᠦ ᠪᠠᠶᠢᠭᠰᠠᠨ ᠴᠦ ᠬᠡᠨ ᠨᠢᠭᠡᠨ ᠴᠦ ᠰᠠᠭᠤᠭᠰᠠᠨ ᠦᠭᠡᠢ᠃ ᠤᠳᠠᠰᠬᠢᠭᠡᠳ ᠬᠡᠦᠬᠡᠨ ᠰᠠᠭᠤᠬᠤ ᠬᠦᠮᠦᠨ ᠦᠭᠡᠢ ᠪᠤᠯ ᠪᠢ ᠰᠠᠭᠤᠯ᠎ᠠ ᠭᠡᠰᠡᠨ ᠮᠠᠶ᠋ᠢᠭᠲᠠᠢ ᠤᠷᠤ ᠳᠠᠭᠠᠨ ᠪᠤᠴᠠᠨ ᠰᠠᠭᠤᠯ᠎ᠠ᠃ ᠶᠤᠸᠠᠨ ᠮᠢᠩ ᠶᠤᠸᠠᠨ ᠬᠦᠷᠦᠭᠡᠳ ᠭᠠᠳᠠᠭᠠᠳᠦ ᠶᠢᠨ ᠬᠦᠮᠦᠨ ᠳᠤ ᠪᠠᠭ᠋ᠠᠨ ᠲᠤᠷ᠎ᠠ ᠦᠭᠡᠶᠢᠴᠡᠵᠦ ᠪᠠᠶᠢᠭᠰᠠᠨ ᠪᠤᠯ ᠡᠨᠡᠬᠦ ᠲᠤᠶᠢᠯ ᠤᠨ ᠪᠤᠷᠤᠪᠳᠤᠷ ᠭᠠᠳᠠᠭᠠᠳᠦ ᠶᠢᠨ ᠬᠦᠮᠦᠨ ᠲᠤᠶᠢᠮᠡᠷ ᠪᠠᠷᠢᠭᠠᠳ ᠭᠠᠯᠳᠠᠵᠦ ᠪᠠᠶᠢᠭᠰᠠᠨ ᠬᠠᠷᠢ ᠬᠦᠮᠦᠨ ᠲᠠᠢ ᠦᠰᠦᠳ ᠤᠨᠳᠤᠤ ᠰᠠᠨᠠᠭᠳᠠᠵᠦ ᠪᠢᠯᠡ᠃     ᠰᠠᠶᠢᠬᠠᠨ ᠪᠤᠳᠤᠬᠤ ᠳᠤ ᠦᠨᠦᠳᠦᠷ ᠪᠢᠳᠡ ᠶᠠᠭᠤ ᠨᠢᠭᠡ ᠲᠤᠳᠠᠭᠳᠠᠵᠦ᠂ ᠲᠠᠷᠡᠬᠦ ᠭᠠᠳᠠᠭᠠᠳᠦ ᠶᠢᠨ ᠬᠦᠮᠦᠨ ᠮᠠᠨ  ᠳᠤ ᠪᠠᠶᠢᠬᠤ ᠦᠭᠡᠢ ᠵᠤᠶᠢᠯᠡᠰ ᠢ ᠠᠳᠬᠤᠵᠦ ᠲᠡᠷᠡ ᠨᠢ ᠨᠡᠩ ᠬᠦᠴᠦᠲᠡᠢ ᠶᠠᠮᠠᠷ ᠨᠢᠭᠡᠨ ᠲᠤᠶᠢᠮᠡᠷ ᠰᠢᠭ ᠲᠦᠷᠡᠯᠵᠡᠨ᠂ ᠮᠠᠨ ᠤ ᠡᠮᠦᠨ᠎ᠡ ᠵᠤᠭᠰᠤᠵᠦ ᠪᠠᠶᠢᠬᠤ ᠰᠢᠭ ᠪᠢᠯᠡ᠃ ᠡᠨᠡ ᠭᠠᠯ ᠳᠤ ᠪᠢᠳᠡ ᠴᠢᠨᠢ ᠤᠳᠠᠯ ᠦᠭᠡᠢ ᠭᠠᠭᠴᠠ ᠶᠤᠸᠠᠨ ᠮᠢᠩ ᠶᠤᠸᠠᠨ ᠪᠢᠰᠢ ᠬᠠᠷᠢᠨ ᠦᠪᠡᠷ ᠤᠨ ᠰᠦᠨᠡᠰᠦ ᠲᠠᠢ ᠪᠠᠨ ᠭᠠᠯᠳᠠᠭᠳᠠᠵᠦ ᠮᠡᠳᠡᠨ᠎ᠡ᠃ ᠲᠡᠷᠭᠡ ᠤᠳᠠᠯ ᠦᠭᠡᠢ ᠰᠢ ᠳ᠋ᠠᠨ ᠦᠷᠳᠡᠭᠡ ᠬᠦᠷᠴᠦ ᠢᠷᠡᠨ ᠪᠢᠳᠡ ᠴᠦ ᠲᠡᠷᠭᠡ ᠰᠤᠯᠢᠬᠤ ᠪᠤᠯᠤᠯ᠎ᠠ᠃ ᠪᠢ ᠴᠦ ᠭᠠᠯᠳᠦ ᠲᠡᠷᠭᠡ ᠬᠠᠷᠠᠩᠭᠤᠢ ᠲᠤᠮᠳᠠᠭᠤᠷ ᠬᠠᠮᠢᠭᠠᠰᠢ ᠶᠠᠪᠤᠬᠤ ᠶᠢ ᠪᠤᠳᠤᠬᠤ ᠴᠢᠯᠦᠭᠡ ᠦᠭᠡᠢ ᠪᠠᠰᠠ ᠬᠦᠮᠦᠨ ᠤ ᠲᠤᠮᠳᠠ ᠤᠷᠴᠢᠵᠦ ᠵᠤᠷᠴᠢᠨ᠎ᠡ  ᠁
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号