ᠬᠤᠪᠤᠷ ᠤᠴᠠᠷᠠᠯ
ᠨᠡᠶᠢᠲᠡᠯᠡᠭᠰᠡᠨ ᠴᠠᠭ᠄
2025/4/23
                           —— ᠲᠤ᠋  ᠬᠦᠭᠵᠢᠳᠦ   ᠦᠨᠦᠳᠦᠷ ᠪᠢ ︽ᠦᠨᠢᠷ ᠴᠡᠴᠡᠭ︾ ᠬᠤᠷᠢᠶ᠎ᠠ ᠳᠤ ᠰᠤᠷᠤᠭᠴᠢ ᠶᠢᠨ ᠢᠶᠠᠨ ᠵᠤᠬᠢᠶᠠᠯ ᠢ ᠭᠤᠪᠢᠭᠤᠯᠬᠤ ᠪᠠᠷ ᠬᠤᠷᠴᠢᠨ ᠵᠡᠭᠦᠨ ᠭᠠᠷᠤᠨ ᠬᠤᠶᠢᠳᠦ ᠬᠤᠰᠢᠭᠤᠨ ᠤ ︽ᠶᠤᠸᠠᠨ ᠲᠦᠩ︾ ᠲᠦᠷᠭᠡᠨ ᠬᠦᠷᠭᠡᠯᠳᠡ ᠶᠢᠨ ᠦᠷᠳᠡᠭᠡᠨ  ᠳᠤ ᠬᠦᠷᠦᠯ᠎ᠡ᠂ ᠬᠢᠴᠢᠶᠡᠯᠯᠡᠬᠦ ᠴᠠᠭ ᠤᠨ ᠬᠢᠵᠠᠭᠠᠷᠯᠠᠯ ᠳᠤᠤᠷ᠎ᠠ ᠪᠢ ᠶᠠᠭᠠᠷᠤᠨ ᠰᠠᠨᠳᠤᠷᠴᠦ ︽ᠡᠭᠦᠷᠭᠡ︾ ᠪᠠᠨ ᠪᠡᠶᠡᠯᠡᠭᠦᠯᠦᠯ᠎ᠡ᠃ ᠮᠠᠰᠢᠨ ᠤ ᠬᠤᠷᠳᠦ ᠶᠢ ᠲᠠᠷᠤᠭᠰᠠᠨ ᠲᠡᠭᠡᠷ᠎ᠡ ᠨᠢ ᠲᠠᠷᠤᠵᠦ ᠡᠩᠬᠦᠯ ᠲᠤᠩᠬᠤᠯ ᠵᠠᠮ ᠢᠶᠠᠷ ᠠᠶᠠᠯᠠᠬᠤ ᠲᠤᠮᠳᠠ ᠭᠡᠨᠡᠳᠳᠡ ᠭᠠᠷ ᠤᠲᠠᠰᠦ ᠮᠢᠨᠢ ᠲᠤᠤᠭᠠᠷᠤᠯ᠎ᠠ᠂ ︽ᠪᠠᠰᠠ ᠯᠠ ᠠᠯᠢ ᠨᠢᠭᠡ ᠲᠠᠮᠰᠢᠭ ᠴᠢᠯᠦᠭᠡ ᠭᠤᠶᠤᠬᠤ ᠯᠠ ᠪᠢᠯᠠ︾ ᠭᠡᠵᠦ ᠠᠭᠤᠷᠯᠠᠵᠦ ᠤᠲᠠᠰᠦ ᠨᠡᠭᠡᠭᠡᠳᠡᠯ᠎ᠡ ︽ᠪᠢ ᠪᠤᠯ ᠶᠤᠸᠠᠨ ᠲᠤᠩ᠂ ᠲᠠᠨ ᠤ ᠭᠤᠴᠢᠨ ᠬᠤᠶᠠᠷ ᠲᠦᠭᠦᠷᠢᠭ ᠢᠶᠠᠨ ᠠᠪᠠᠴᠢᠭᠠᠳᠤᠢ︾ ᠭᠡᠳᠡᠭ ᠢ ᠰᠤᠨᠤᠰᠤᠭᠠᠳ ᠪᠢ ᠴᠢᠨᠢ ᠮᠠᠰᠢᠨ ᠤ ᠪᠠᠨ ᠠᠯᠢ ᠶᠢ ᠨᠢ ᠲᠡᠮᠳᠡᠷᠢᠬᠦ  ᠪᠠᠨ ᠤᠯᠵᠦ ᠶᠠᠳᠠᠨ ᠶᠠᠮᠠᠷ ᠨᠢᠭᠡᠨ ᠬᠠᠯᠠᠭᠤᠨ ᠤᠷᠤᠰᠬᠠᠯ ᠨᠢᠷᠤᠭᠤᠨ ᠭᠤᠤᠯ ᠢᠶᠠᠷ ᠨᠢᠯ ᠭᠡᠪᠡ᠃    ᠤᠷᠪᠠᠵᠦ ᠬᠠᠷᠠᠬᠤ ᠶᠢ ᠴᠦ ᠮᠡᠳᠡᠷᠡᠳᠡᠭ ᠦᠭᠡᠢ ᠶᠢᠷᠳᠡᠨᠴᠦ ᠭᠡᠵᠦ ᠪᠢ ᠦᠪᠡᠷ ᠢ ᠪᠠᠨ ᠡᠷᠢᠵᠦ ᠤᠯᠬᠤ ᠦᠭᠡᠢ ᠴᠠᠭ ᠦᠶ᠎ᠡ ᠳᠤ ᠨᠢᠷᠤᠭᠤᠨ ᠭᠤᠤᠯ ᠨᠢᠯ ᠭᠡᠬᠦ ᠤᠨᠴᠠᠭᠠᠢ ᠪᠢᠰᠢ᠃1990 ᠤᠨ ᠳᠤ ᠪᠢᠯᠡ᠃ ᠡᠴᠢᠭᠡ ᠮᠢᠨᠢ ᠡᠪᠡᠳᠴᠢᠨ ᠬᠦᠨᠳᠦ ᠪᠠᠶᠢᠵᠦ᠂ ᠡᠵᠢ ᠮᠢᠨᠢ ᠬᠦᠳᠡᠭᠡ ᠠᠶᠢᠯ ᠤᠨ ᠪᠦᠰᠡᠭᠦᠢ ᠲᠤᠯᠠ ᠰᠢᠨᠡᠯᠡᠬᠦ ᠶᠢᠨ ᠦᠶ᠎ᠡ ᠵᠤᠭᠤᠰ ᠭᠡᠵᠦ ᠠᠷᠪᠠᠨ ᠲᠦᠭᠦᠷᠢᠭ ᠳᠤ ᠯᠠ ᠡᠷᠬᠢᠯᠳᠦᠵᠦ᠂ ᠰᠢᠨᠡᠯᠡᠬᠦ ᠶᠢ ᠪᠢᠳᠡ ᠪᠦᠭᠦᠳᠡᠭᠡᠷ ᠨᠢᠳᠦ ᠪᠠᠨ ᠠᠨᠢᠵᠦ ᠦᠩᠭᠡᠷᠭᠡᠬᠦ  ᠠᠴᠠ ᠪᠤᠴᠠᠬᠤ ᠦᠭᠡᠢ ᠪᠠᠶᠢᠯ᠎ᠠ᠃ ᠨᠢᠭᠡ ᠡᠳᠦᠷ ᠡᠵᠢ ᠮᠢᠨᠢ ᠠᠶᠢᠯ ᠤᠨ ᠨᠠᠭᠠᠴᠦ ᠠᠪᠤ ᠠᠴᠠ ᠬᠤᠷᠢᠨ ᠲᠦᠭᠦᠷᠢᠭ ᠵᠢᠭᠡᠯᠡᠵᠦ ᠰᠢᠨ᠎ᠡ ᠵᠢᠯ ᠳᠤ ᠨᠡᠮᠡᠷᠢ ᠪᠤᠯᠭᠠᠬᠤ ᠪᠠᠷ ᠪᠤᠯᠤᠯ᠎ᠠ᠃ ᠪᠢ ᠴᠢᠨᠢ ᠪᠠᠶᠠᠷᠯᠠᠵᠦ ᠬᠤᠷᠢᠨ ᠲᠦᠭᠦᠷᠢᠭ ᠪᠠᠨ ᠡᠪᠦᠷᠯᠡᠵᠦ ᠠᠶᠢᠯ ᠳᠤ ᠪᠠᠶᠢᠭ᠎ᠠ ᠴᠤᠷᠢ ᠶᠢᠨ ᠭᠠᠭᠴᠠ ᠲᠡᠯᠭᠡᠭᠦᠷ ᠳᠤ ᠬᠦᠷᠦᠯ᠎ᠡ᠃ ᠪᠠᠶᠠᠷᠯᠠᠬᠤ ᠳᠠᠭᠠᠨ ᠠᠷᠪᠠᠨ ᠲᠦᠭᠦᠷᠢᠭ ᠪᠠᠨ  ᠭᠠᠷᠳᠠᠭᠤᠯᠵᠦ ᠰᠢᠲᠠᠭᠠᠬᠤ ᠴᠠᠭᠠᠰᠦ᠂ ᠰᠢᠬᠢᠷ ᠵᠡᠷᠭᠡ ᠠᠴᠠ ᠠᠷᠪᠠᠨ ᠲᠦᠭᠦᠷᠢᠭ ᠰᠢᠬᠠᠮ ᠬᠤᠳᠠᠯᠳᠤᠨ ᠠᠪᠬᠤ ᠳᠤ ᠠᠶᠢᠯ ᠤᠨ ᠲᠠᠨᠢᠯ ᠶᠤᠮ ᠴᠢᠨᠢ ᠠᠪᠴᠢᠷᠠᠵᠦ ᠦᠭᠬᠦ ᠭᠡᠲᠡᠯ᠎ᠡ ᠮᠢᠨᠦ ᠭᠠᠷ ᠲᠤ ᠬᠤᠴᠤᠷᠤᠭᠰᠠᠨ ᠠᠷᠪᠠᠨ ᠲᠦᠭᠦᠷᠢᠭ ᠢ ᠬᠠᠷᠠᠭᠠᠳ ︽ᠴᠢ ᠴᠢᠨᠢ ᠵᠤᠭᠤᠰ ᠪᠠᠨ ᠦᠭᠭᠦᠭᠡᠳᠦᠢ ᠰᠢᠳᠡ︾ ᠭᠡᠵᠦ ᠬᠡᠯᠡᠬᠦ  ᠶᠢ ᠨᠢ ᠰᠤᠨᠤᠰᠤᠭᠠᠳ ᠪᠢ ᠴᠢᠨᠢ ᠠᠭᠤᠷᠯᠠᠬᠤ ᠶᠢᠨ ᠲᠤᠶᠢᠯ ᠬᠦᠷᠴᠦ ᠬᠡᠷᠡᠭᠦᠯ ᠪᠤᠯᠴᠢᠬᠠᠯ᠎ᠠ᠃ ᠠᠶᠢᠯ ᠤᠨ ᠬᠦᠮᠦᠰ ᠪᠦᠷ ᠴᠤᠭᠯᠠᠷᠠᠯ᠎ᠠ᠂ ᠬᠡᠨ ᠨᠢ ᠵᠦᠪ ᠪᠤᠷᠤᠭᠤ ᠶᠢ ᠮᠡᠳᠡᠬᠦ ᠦᠭᠡᠢ ᠯᠡ ᠴᠠᠭ ᠲᠤ ᠬᠦᠮᠦᠰ ᠠᠯᠮᠠᠶᠢᠷᠠᠨ ᠬᠠᠷᠠᠬᠤ ᠠᠴᠠ ᠠᠪᠤᠷᠠᠭᠰᠠᠨ ᠬᠦᠮᠦᠨ ᠦᠭᠡᠢ᠃ ᠡᠴᠦᠰ ᠲᠡᠭᠡᠨ ᠪᠢ ᠪᠠᠰᠠ ᠯᠠ ᠠᠯᠠᠭᠠᠨ ᠳᠠᠬᠢ ᠠᠷᠪᠠᠨ ᠲᠦᠭᠦᠷᠢᠭ ᠢᠶᠠᠨ ᠲᠤᠰᠢᠶᠠᠯ᠎ᠠ᠃ ᠮᠢᠨᠦ ᠠᠮᠢᠰᠬᠤᠯ ᠪᠦᠭᠯᠡᠷᠡᠬᠦ ᠰᠢᠬᠠᠯ᠎ᠠ᠂ ᠬᠠᠮᠤᠭ ᠠᠩᠬᠠᠨ ᠤ ᠠᠮᠢᠳᠦ ᠶᠢᠨ ᠰᠡᠭᠦᠷᠡᠰᠦ ᠠᠯᠳᠠᠯ᠎ᠠ᠂ ᠤᠯᠠᠨ ᠠᠷᠪᠢᠨ ᠠᠰᠠᠭᠤᠯᠳᠠ ᠶᠢᠨ ᠲᠡᠮᠳᠡᠭ ᠮᠢᠨᠦ ᠤᠢ ᠪᠢᠯᠢᠭ ᠵᠦᠭ ᠴᠤᠪᠤᠷᠠᠯ᠎ᠠ ᠁    1994 ᠤᠨ ᠤ ᠡᠪᠦᠯ ᠶᠤᠮᠰᠠᠨ᠃ ᠰᠤᠷᠭᠠᠭᠤᠯᠢ ᠲᠡᠭᠦᠰᠦᠭᠡᠳ ᠠᠵᠢᠯ ᠬᠦᠯᠢᠶᠡᠵᠦ ᠬᠢᠳᠡᠯ ᠠᠯᠳᠠᠵᠦ ᠪᠠᠶᠢᠭᠰᠠᠨ ᠨᠢᠴᠦᠭᠦᠨ ᠤᠨ ᠰᠠᠷ᠎ᠠ ᠳᠤ ᠯᠢᠶᠤᠤᠾᠧ ᠭᠤᠤᠯ ᠢ ᠠᠯᠤᠰᠯᠠᠵᠦ ᠪᠠᠶᠢᠭ᠎ᠠ ᠲᠦᠷᠪᠡᠳᠦᠭᠡᠷ ᠠᠨᠢᠶ᠎ᠠ ᠶᠢᠨ ᠬᠢᠨ  ᠳᠠᠭᠠᠨ ᠲᠤᠭᠤᠷᠢᠨ ᠬᠦᠷᠬᠦ ᠪᠠᠷ ᠪᠤᠯᠤᠯ᠎ᠠ᠃ ᠠᠨᠢᠶ᠎ᠠ ᠮᠢᠨᠢ ᠵᠢᠵᠢᠭ ᠲᠡᠯᠭᠡᠭᠦᠷ ᠡᠷᠬᠢᠯᠡᠳᠡᠭ ᠢᠶᠠᠨ ᠮᠠᠩᠬᠠᠨ ᠨᠤᠳᠤᠭ  ᠤᠨ ᠮᠠᠨ ᠤ ᠠᠮᠢᠳᠤᠷᠠᠯ ᠠᠴᠠ ᠦᠩᠰᠢᠭ ᠰᠠᠶᠢᠬᠠᠨ ᠪᠠᠶᠢᠭᠰᠠᠨ ᠶᠤᠮ᠃ ᠬᠦᠷᠦᠭᠰᠡᠨ ᠤ ᠬᠡᠳᠦᠨ ᠡᠳᠦᠷ ᠲᠤ ᠠᠨᠢᠶ᠎ᠠ ᠮᠢᠨᠢ ᠬᠠᠯᠠᠭᠤᠨ ᠲᠤᠳᠤᠨᠤᠰᠤᠭ ᠢᠶᠠᠷ ᠲᠠᠶᠢᠯᠡᠨ ᠬᠢᠬᠦ ᠠᠵᠢᠯ ᠦᠭᠡᠢ ᠬᠦᠢᠳᠡᠨ ᠰᠠᠨᠠᠭᠳᠠᠭᠰᠠᠨ ᠲᠡᠷᠡ ᠵᠢᠯ ᠤᠨ ᠬᠠᠯᠠᠭᠤᠨ ᠲᠤᠷᠠᠳᠬᠠᠯ ᠪᠤᠯᠤᠨ ᠬᠤᠴᠤᠷᠠᠭᠰᠠᠨ ᠪᠠᠶᠢᠯ᠎ᠠ᠃ ᠭᠡᠪᠡᠴᠦ ᠲᠡᠷᠡ ᠨᠢᠭᠡᠨ ᠬᠡᠷᠡᠭ ᠢ ᠪᠤᠳᠤᠭᠰᠠᠭᠠᠷ ᠪᠢ ᠤᠳᠤ ᠪᠤᠯᠲᠠᠯ᠎ᠠ ᠬᠠᠴᠠᠷ ᠮᠢᠨᠢ ᠤᠯᠠᠶᠢᠴᠢᠬᠠᠳᠠᠭ᠃ ᠤᠷᠤᠢ ᠶᠢᠨ ᠬᠤᠭᠤᠯᠠᠨ ᠠᠴᠠ ᠡᠮᠦᠨ᠎ᠡ ᠠᠨᠢᠶ᠎ᠠ ᠮᠢᠨᠢ ᠲᠡᠯᠭᠡᠭᠦᠷ  ᠲᠡᠭᠡᠨ ᠪᠠᠷᠠᠭ᠎ᠠ ᠨᠡᠮᠡᠬᠦ ᠪᠠᠷ ᠵᠧᠩ ᠵᠢᠶᠠ ᠲᠦᠨ ᠠᠴᠠ ᠪᠤᠴᠠᠵᠦ ᠢᠷᠡᠯ᠎ᠡ᠃ ᠪᠢ ᠡᠪᠦᠯ ᠤᠨ ᠨᠠᠮᠤᠭᠤᠬᠠᠨ ᠪᠦᠷᠦᠢ ᠶᠢ ᠠᠮᠵᠢᠵᠦ᠂ ᠪᠠᠷᠠᠭ᠎ᠠ ᠡᠳ᠋ ᠶᠢ ᠨᠢ ᠪᠠᠭᠤᠯᠭᠠᠵᠦ ᠬᠦᠯᠦᠰᠦ ᠴᠢᠬᠠᠷᠠᠳᠠᠯ᠎ᠠ ᠵᠦᠭᠡᠭᠡᠵᠦ ᠬᠠᠪᠰᠤᠷᠤᠭᠰᠠᠨ ᠲᠤᠬᠢᠶᠠᠯ  ᠳᠠᠭᠠᠨ ᠰᠡᠮᠡᠬᠡᠷ ᠤᠮᠤᠭᠰᠢᠯ ᠪᠤᠯᠵᠦ ᠭᠠᠷᠤᠭᠰᠠᠨ ᠳᠤ ᠭᠡᠨᠡᠳᠳᠡ ᠠᠨᠢᠶ᠎ᠠ ᠮᠢᠨᠢ ︽ᠬᠦᠶ᠋ᠢ︕ ᠵᠤᠭᠤᠰ ᠤᠨ ᠪᠤᠭᠴᠦ︾ ᠭᠡᠵᠦ ᠪᠤᠭᠴᠦ ᠪᠠᠨ ᠡᠷᠢᠵᠦ ᠶᠠᠭᠠᠷᠠᠯ ᠪᠤᠯᠤᠯ᠎ᠠ᠃ ᠪᠠᠷᠠᠭ᠎ᠠ ᠪᠠᠭᠤᠯᠭᠠᠭᠰᠠᠨ ᠨᠢ ᠪᠢ ᠭᠠᠭᠴᠠᠭᠠᠷ ᠲᠤᠯᠠ ᠪᠢ ᠴᠦ ᠦᠪᠡᠷ ᠢ ᠪᠠᠨ ᠠᠪᠴᠢᠬᠠᠭᠰᠠᠨ ᠪᠤᠯᠪᠠᠤ ᠭᠡᠵᠦ ᠢᠳᠡᠭᠡᠵᠦ ᠶᠡᠳᠡᠨ᠂ ᠶᠠᠭᠠᠬᠢᠵᠦ ᠪᠤᠳᠤᠭᠰᠠᠨ ᠴᠦ ᠦᠪᠡᠷ ᠢ ᠪᠠᠨ ᠠᠪᠤᠭᠰᠠᠨ ᠦᠭᠡᠢ ᠪᠠᠶᠢᠬᠤ ᠪᠠᠨ ᠲᠠᠰᠦ ᠨᠤᠳᠠᠯᠠᠪᠠ᠃ ᠭᠡᠪᠡᠴᠦ ᠠᠨᠢᠶ᠎ᠠ ᠮᠢᠨᠢ ᠵᠠᠮ ᠳᠠᠭᠠᠨ ᠭᠡᠭᠡᠭᠰᠡᠨ ᠭᠡᠵᠦ ᠨᠢᠭᠡᠴᠦ ᠬᠡᠯᠡᠭᠰᠡᠨ ᠦᠭᠡᠢ ᠪᠦᠭᠡᠳ ᠮᠢᠨᠦ ᠪᠤᠳᠤᠯ ᠠᠴᠠ ᠪᠤᠯᠤᠭᠰᠠᠨ ᠴᠦ ᠪᠠᠶᠢᠬᠤᠪ ᠨᠠᠮ᠎ᠠ ᠶᠢ ᠰᠡᠵᠢᠭᠯᠡᠭᠰᠡᠨ ᠢ ᠭᠠᠳᠠᠷᠯᠠᠭᠰᠠᠨ ᠪᠠᠶᠢᠯ᠎ᠠ᠃ ᠪᠢ ᠠᠵᠢᠯ ᠦᠭᠡᠢ ᠪᠠᠶᠢᠭᠰᠠᠨ ᠠᠴᠠ ᠵᠠᠷᠤᠳᠠᠯ ᠤᠨ ᠮᠦᠩᠭᠦ ᠲᠤᠳᠠᠬᠤ ᠨᠢ ᠯᠠᠪ᠂ ᠡᠭᠦᠨ ᠢ ᠠᠨᠢᠶ᠎ᠠ ᠶᠢ ᠪᠠᠭᠳᠠᠭᠠᠭᠰᠠᠨ ᠬᠦᠮᠦᠨ ᠪᠦᠷᠢ ᠪᠦᠷ ᠮᠡᠳᠡᠨ᠎ᠡ᠃ ᠭᠡᠪᠡᠴᠦ ᠨᠠᠮ᠎ᠠ ᠠᠴᠠ ᠦᠭᠡᠷ᠎ᠡ ᠦᠪᠡᠷ ᠤᠨ ᠬᠢᠨ ᠳᠡᠭᠡᠨ ᠴᠠᠭᠠᠳᠬᠠᠯ ᠬᠢᠬᠦ ᠠᠴᠠ ᠪᠤᠰᠤᠳ‌‍ᠲ᠋ᠠᠶᠢᠳᠬᠤᠷᠠᠯ ᠦᠨᠡᠭᠡᠷ ᠠᠯᠠᠭ᠎ᠠ ᠪᠤᠯᠵᠠᠢ᠃ ᠡᠪᠦᠯ ᠤᠨ ᠵᠢᠭᠡᠬᠦᠨ ᠢ ᠲᠠᠭᠠᠵᠦ ᠦᠪᠡᠷ  ᠤᠨ ᠢᠯᠡᠭᠦᠬᠡᠨ ᠬᠡᠳᠦ ᠬᠤᠨᠤᠶ᠎ᠠ ᠭᠡᠰᠡᠨ ᠪᠤᠳᠤᠯ ᠴᠦ ᠲᠠᠰᠦ ᠴᠠᠷᠴᠠᠭᠰᠠᠨ ᠪᠠᠶᠢᠯ᠎ᠠ᠃ ᠮᠦᠩᠭᠦ ᠲᠠᠢ ᠮᠦᠩᠭᠦ ᠦᠭᠡᠢ ᠶᠠᠪᠤᠭᠰᠠᠨ ᠬᠤᠵᠢᠮ ᠤᠨ ᠬᠦᠮᠦᠨ ᠤ ᠲᠤᠮᠳᠠ ᠤᠷᠴᠢᠵᠦ ᠵᠤᠷᠴᠢᠭᠰᠠᠨ ᠤᠨ ᠰᠠᠷ᠎ᠠ ᠯᠠᠪ ᠭᠡᠷᠡᠴᠢᠯᠡᠵᠦ ᠲᠡᠶᠢᠯᠬᠦ ᠶᠤᠮ     ᠬᠤᠵᠢᠮ ᠨᠢ ᠪᠢ ᠬᠤᠰᠢᠭᠤ ᠪᠠᠯᠭᠠᠰᠤᠨ ᠤ ᠮᠤᠩᠭᠤᠯ ᠰᠤᠷᠭᠠᠭᠤᠯᠢ ᠳᠤ ᠡᠷᠬᠢᠯᠡᠭᠴᠢ ᠶᠢᠨ ᠠᠵᠢᠯ ᠲᠠᠢ ᠪᠤᠯᠤᠭᠰᠠᠨ ᠪᠢ ᠬᠡᠨ ᠶᠠᠭᠤᠨ ᠤ ᠤᠰᠤᠯᠳᠤᠵᠦ ᠶᠠᠪᠤᠭ᠎ᠠ ᠴᠦ ᠬᠡᠦᠬᠡᠳ ᠲᠤ ᠤᠰᠤᠯᠳᠠᠬᠤ ᠦᠭᠡᠢ ᠭᠡᠰᠡᠨ ᠬᠠᠳᠠᠭᠤ ᠶᠠᠰᠦᠨ ᠳᠤ ᠰᠢᠩᠭᠡᠭᠰᠡᠨ ᠠᠪᠤᠷᠢ ᠶᠢ ᠮᠢᠨᠢ ᠬᠡᠨ ᠴᠦ ᠭᠡᠳ ᠤᠩᠰᠢᠵᠦ ᠮᠡᠳᠡᠳᠡᠭ ᠪᠤᠯᠵᠡᠢ᠃ ᠭᠡᠪᠡᠴᠦ ᠢᠯᠠᠭ᠎ᠠ ᠭᠠᠷᠪᠠᠯ ᠡᠮᠬᠦᠴᠢᠬᠡᠳᠡᠭ ᠬᠤᠪᠳᠤᠭ ᠬᠦᠮᠦᠨ ᠴᠢᠨᠡᠷ ᠤᠨ ᠡᠮᠦᠨ᠎ᠡ ᠵᠠᠪᠰᠡᠷ ᠵᠠᠢ ᠯᠠ ᠪᠠᠶᠢᠪᠠᠯ ᠵᠦᠭᠡᠷ ᠬᠠᠷᠮᠠᠨ ᠨᠦᠬᠡ ᠤᠷᠤᠭᠤ ᠪᠠᠨ ᠰᠠᠷᠮᠠᠭᠠᠳ ᠪᠠᠶᠢᠳᠠᠭ ᠬᠠᠵᠠᠭᠤ ᠬᠦᠮᠦᠰ ᠲᠤᠳᠠᠬᠤ ᠦᠭᠡᠢ ᠪᠠᠶᠢᠭᠰᠠᠨ ᠮᠢᠨᠢ ᠲᠡᠮᠡᠭᠡ ᠶᠠᠪᠤᠬᠤ ᠪᠠᠷ ᠶᠠᠪᠤᠶ᠎ᠠ ᠭᠡᠰᠡᠨ ᠪᠤᠳᠤᠯ ᠳᠤ ᠰᠢᠩᠭᠡᠷᠡᠳᠡᠭ ᠪᠠᠶᠢᠭᠰᠠᠨ ᠴᠦ ᠪᠢ ᠴᠦ ᠰᠡᠵᠢᠭᠯᠡᠯᠳᠦ ᠡᠳᠡᠭᠡᠳ ᠪᠤᠯᠤᠭᠰᠠᠨ ᠢᠶᠠᠨ ᠤᠯᠵᠦ ᠮᠡᠳᠡᠭᠰᠡᠨ ᠦᠭᠡᠢ ᠪᠠᠶᠢᠯ᠎ᠠ᠃ ᠲᠡᠷᠡ ᠨᠢ ᠨᠢᠭᠡᠨ ᠬᠤᠳᠠᠨ ᠤ ᠬᠤᠷᠠᠯ ᠠᠴᠠ ᠪᠤᠯᠤᠭᠰᠠᠨ ᠤᠳᠠᠭ᠎ᠠ ᠪᠢᠯᠠ᠂ ᠪᠢ ᠰᠤᠷᠭᠠᠭᠤᠯᠢ ᠶᠢᠨ ᠵᠢᠭᠠᠨ ᠰᠤᠷᠭᠠᠯᠳᠠ ᠶᠢᠨ ᠦᠭᠡᠷᠡᠴᠢᠯᠡᠯᠳᠡ ᠶᠢᠨ ᠮᠠᠲ᠋ᠧᠷᠢᠶᠡᠯ ᠢ ᠡᠮᠬᠢᠳᠭᠡᠨ᠎ᠡ ᠭᠡᠳ ᠬᠠᠭᠠᠰ ᠰᠠᠷ᠎ᠠ ᠵᠠᠷᠤᠴᠠᠭᠤᠯᠤᠮᠠᠨᠵᠢᠨ ᠠᠷᠠᠶᠢᠬᠠᠨ ᠲᠠᠭᠤᠰᠬᠠᠵᠦ ᠤᠳᠤᠷᠢᠳᠤᠯᠭ᠎ᠠ ᠨᠠᠷ ᠢᠶᠠᠷ ᠬᠢᠨᠠᠭᠤᠯᠵᠦ ᠲᠠᠷᠤᠮᠯᠠᠬᠤ ᠪᠠᠷ ᠪᠤᠯᠤᠯ᠎ᠠ᠃ ᠵᠠᠬᠢᠷᠤᠯ ᠤᠨ ᠠᠯᠪᠠᠨ ᠭᠡᠷ ᠲᠤ ᠮᠠᠲ᠋ᠧᠷᠢᠶᠠᠯ ᠢᠶᠠᠨ ᠦᠵᠡᠭᠦᠯᠵᠦ ᠲᠠᠷᠤᠮᠯᠠᠬᠤ ᠲᠤᠬᠠᠢ ᠠᠰᠠᠭᠤᠭᠰᠠᠨ ᠳᠤ ᠵᠠᠬᠢᠷᠤᠯ ᠮᠢᠨᠢ ︽ᠲᠠ ᠲᠠᠷᠤᠮᠯᠠᠬᠤ ᠬᠤᠳᠠᠯᠳᠤᠭᠠᠴᠢᠨ ᠲᠠᠢ ᠰᠠᠶᠢᠬᠠᠨ ᠬᠠᠩᠰᠢ ᠬᠡᠯᠡᠯᠴᠡ︕ ᠰᠠᠶᠢᠬᠠᠨ ᠬᠡᠯᠡᠯᠴᠡᠬᠦ ᠦᠭᠡᠢ ᠪᠤᠯ ᠦᠨᠡᠳᠦᠭᠡᠳ ᠪᠠᠶᠢᠬᠤ ᠶᠤᠮ︾ ᠭᠡᠳ ᠨᠢᠭᠡ ᠤᠯᠠᠨ ᠰᠤᠷᠭᠠᠭᠤᠯᠢ ᠶᠢᠨ ᠬᠦᠴᠢᠷᠳᠡᠯ ᠢ ᠶᠠᠷᠢᠵᠦ ᠭᠠᠷᠤᠯ᠎ᠠ᠃ ᠪᠢ ᠴᠦ ᠤᠤᠯ ᠠᠴᠠ ᠨᠣᠮᠤᠢ ᠲᠤᠩᠨᠢᠭᠤᠨ ᠪᠠᠶᠢᠳᠠᠭ ᠠᠴᠠ ᠶᠠᠭᠤ ᠶᠢ ᠨᠢ ᠤᠯᠤᠭᠰᠠᠨ ᠦᠭᠡᠢ ᠲᠤᠯᠤᠭᠠᠢ ᠶᠢ ᠭᠡᠬᠢᠯᠵᠡᠭᠰᠡᠨ ᠲᠡᠭᠡᠷ᠎ᠡ ᠬᠡᠬᠢᠯᠵᠡᠵᠦ ᠭᠠᠷᠤᠭᠰᠠᠨ ᠪᠠᠶᠢᠯ᠎ᠠ᠃ ᠭᠡᠪᠡᠴᠦ ᠬᠠᠳᠠᠪᠴᠢ ᠠᠯᠬᠤᠨ ᠭᠠᠷᠴᠦ ᠢᠷᠡᠵᠦ ᠶᠠᠭᠤ ᠪᠤᠳᠤᠭᠰᠠᠨ ᠴᠦ ᠵᠠᠬᠢᠷᠤᠯ ᠤᠨ ᠦᠭᠡ ᠤᠴᠢᠷᠲᠠᠢ ᠰᠢᠭ᠋ ᠰᠠᠨᠠᠭᠳᠠᠵᠦ᠂ ᠨᠢᠭᠡᠨ ᠰᠡᠳᠭᠢᠯ ᠲᠠᠭᠠᠷᠠᠭᠰᠠᠨ ᠨᠠᠶᠢᠵᠢ ᠲᠠᠢ ᠶᠠᠷᠢᠯᠴᠠᠬᠤ ᠲᠤᠮᠳᠠ ᠭᠠᠷᠭᠠᠵᠦ ᠬᠡᠯᠡᠭᠰᠡᠨ ᠳᠤ᠄ ︽ᠲᠠ ᠢ ᠪᠢ ᠪᠠᠰᠠ ᠬᠤᠨᠵᠢᠪᠤᠷᠢ ᠤᠯᠵᠦ ᠪᠠᠶᠢᠨ᠎ᠠ ᠭᠡᠵᠦ ᠪᠤᠳᠤᠭᠰᠠᠭᠠᠷ ᠶᠤᠮ᠂ ᠴᠢᠨᠦ ᠡᠮᠦᠨ᠎ᠡ ᠬᠤᠭᠤᠴᠠᠭ᠎ᠠ ᠵᠤᠬᠢᠶᠠᠭᠰᠠᠨ ᠲᠡᠳᠡᠭᠡᠷ ᠵᠢᠭᠠᠨ ᠰᠤᠷᠭᠠᠯᠳᠠ ᠶᠢᠨ ᠬᠡᠷᠡᠭᠯᠡᠭᠦᠷ ᠨᠤᠮ ᠢ ᠴᠢᠨᠢ ᠪᠦᠷ ᠤᠨᠳᠤᠭᠤᠨ ᠰᠡᠳᠬᠢᠵᠦ ᠪᠠᠶᠢᠨ᠎ᠠ ᠰᠢᠦ︾ ᠭᠡᠵᠦ ᠬᠡᠯᠡᠭᠰᠡᠨ ᠢ ᠨᠢ ᠰᠤᠨᠤᠰᠴᠦ᠂ ᠪᠢ ᠰᠠᠶ᠋ᠢ ᠵᠠᠬᠢᠷᠤᠯ ᠤᠨ ᠦᠭᠡ ᠶᠢᠨ ᠭᠦᠨ ᠰᠠᠨᠠᠭ᠎ᠠ ᠶᠢ ᠨᠢ ᠮᠡᠳᠡᠵᠦ᠂ ᠤᠭᠳᠠᠷᠭᠤᠢ ᠲᠡᠰᠢ ᠭᠦᠨ ᠰᠠᠨᠠᠭ᠎ᠠ ᠠᠯᠳᠠᠯ᠎ᠠ᠃ ᠤᠳᠦ ᠰᠠᠷᠠ ᠶᠢ ᠪᠠᠭᠳᠠᠭᠠᠪᠠᠴᠦ ᠢᠳᠡᠭᠡᠯ ᠦᠨᠡᠨ ᠢ ᠪᠠᠭᠲᠠᠭᠠᠵᠦ ᠴᠢᠳᠠᠳᠠᠭ ᠦᠭᠡᠢ ᠨᠢ ᠡᠨᠡᠬᠦ ᠤᠷᠴᠢᠯᠠᠩ ᠪᠠᠶᠢᠭᠰᠠᠨ ᠶᠤᠮ᠃ ᠬᠦᠯᠦᠰᠦ ᠤᠷᠤᠰᠬᠠᠵᠦ ᠬᠦᠮᠦᠵᠢᠯ ᠰᠤᠷᠭᠠᠯ ᠭᠡᠵᠦ ᠭᠦᠶᠦᠭᠰᠡᠨ ᠮᠢᠨᠢ ᠬᠠᠷᠮᠠᠨ ᠳᠠᠭᠠᠨ ᠮᠦᠩᠭᠦ ᠴᠤᠭᠯᠠᠭᠤᠯᠬᠤ  ᠰᠡᠵᠢᠭᠯᠡᠯᠲᠡᠢ ᠬᠦᠮᠦᠨ ᠤ ᠴᠠᠭᠠᠨ ᠨᠢᠳᠦ ᠪᠤᠯᠤᠭᠰᠠᠨ ᠪᠠᠶᠢᠵᠡᠢ᠃   ᠦᠨᠦ ᠪᠢ ᠤᠷᠤᠢ ᠶᠢᠨ ᠤᠯᠠᠨ ᠲᠡᠷᠭᠡ ᠴᠤᠪᠤᠷᠠᠬᠤ ᠲᠤᠮᠳᠠ ᠭᠡᠨᠡᠳᠳᠡ32 ᠲᠦᠭᠦᠷᠢᠭ ᠢ ᠰᠠᠨᠠᠭᠠᠨ ᠳᠤ ᠮᠢᠨᠢ ᠤᠷᠤᠵᠦ ᠶᠤᠸᠠᠨ ᠲᠦᠩ ᠲᠦᠷᠭᠡᠨ ᠬᠦᠷᠭᠡᠯᠳᠡ ᠶᠢᠨ ᠠᠷᠪᠠᠨ ᠺᠦᠸᠠᠳ᠋ ᠮᠧᠲᠷ ᠦᠷᠦᠭᠡᠨ ᠳᠤ ᠠᠯᠬᠤᠨ ᠤᠷᠤᠬᠤ  ᠳᠤ ︽ᠶᠤᠸᠠᠨ ᠲᠦᠩ︾ ᠤᠨ ᠠᠵᠢᠯᠴᠢᠳ ᠶᠠᠭᠠᠷᠠᠨ ᠠᠵᠢᠯᠯᠠᠵᠦ ᠪᠠᠶᠢᠭ᠎ᠠ ᠳᠤ ᠲᠤᠬᠢᠶᠠᠯᠳᠤᠯ᠎ᠠ᠃ ᠬᠡᠨ ᠨᠢ ᠴᠦ ᠨᠠᠮ᠎ᠠ ᠶᠢ ︽ᠠᠩᠵᠠᠭᠠᠷᠬᠤ︾ ᠦᠭᠡᠢ ᠦᠶ᠎ᠠ ᠳᠤ ᠪᠢ ᠭᠤᠴᠢᠨ ᠬᠤᠶᠠᠷ ᠲᠦᠭᠦᠷᠢᠭ ᠢ ᠬᠡᠯᠡᠬᠦ ᠳᠤ ᠪᠦᠷ ᠴᠡᠭᠡᠵᠢᠯᠡᠵᠦ ᠪᠠᠶᠢᠬᠤ ᠪᠦᠭᠡᠳ ᠮᠠᠰᠢ ᠲᠦᠷᠭᠡᠨ ᠪᠤᠴᠠᠭᠠᠨ ᠦᠭᠭᠦᠯ᠎ᠡ᠃ ᠪᠢ ᠪᠡᠭᠳᠡᠷᠡᠨ᠄ ︽ᠪᠢ ᠭᠤᠴᠢᠨ ᠬᠤᠶᠠᠷ ᠲᠦᠭᠦᠷᠢᠭ ᠲᠤᠲᠠᠵᠦ ᠪᠠᠶᠢᠭ᠎ᠠ ᠪᠢᠰᠢ᠂ ᠬᠠᠷᠢᠨ ᠡᠨᠡᠬᠦ ᠢᠳᠡᠭᠡᠯ ᠪᠢᠯᠬᠠᠭᠰᠠᠨ ᠨᠡᠶᠢᠭᠡᠮ ᠳᠤ ᠠᠮᠢᠳᠤᠷᠠᠵᠦ ᠪᠠᠶᠢᠬᠤ  ᠳᠠᠭᠠᠨ ᠪᠢ ᠤᠮᠤᠭᠰᠢᠳᠠᠭ ᠶᠤᠮ︾ ᠭᠡᠰᠡᠨ ᠳᠤ ᠪᠦᠬᠦ ᠭᠡᠷ ᠬᠠᠯᠠᠭᠤᠨ ᠮᠦᠰᠢᠶᠡᠯ ᠢᠶᠠᠷ ᠲᠦᠭᠦᠷᠴᠦ ᠪᠢᠯᠡ᠃ ᠪᠢ ᠴᠦ ᠬᠡᠯᠡᠬᠦ ᠪᠠᠷ ᠢᠶᠠᠨ ᠬᠡᠯᠡᠭᠰᠡᠨ ᠴᠦ ᠴᠢᠷᠠᠢ ᠮᠢᠨᠢ ᠤᠯᠠᠶᠢᠴᠢᠬᠠᠬᠤ ᠪᠤᠯᠴᠢᠬᠠᠯ᠎ᠠ ᠁                                           
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号