ᠬᠤᠷᠮᠤᠰᠳᠠ ᠲᠡᠭᠷᠢ ᠬᠤᠷᠤᠮᠬᠠᠨ ᠲᠡᠷᠡ ᠴᠠᠭ ᠢ ᠬᠠᠶᠢᠷᠠᠯᠠᠭᠠᠰᠠᠢ | | ᠲ᠊᠂ ᠰᠤᠳᠨᠠᠮ | | ᠬᠤᠩᠭᠤᠷ ᠲᠠᠢ ᠪᠠᠨ ᠪᠢ ᠬᠠᠮᠲᠤ ᠪᠠᠶᠢᠬᠤ ᠴᠠᠭ ᠲᠤ | ᠬᠤᠷᠮᠤᠰᠳᠠ ᠲᠡᠭᠷᠢ ᠲᠠ ᠵᠢᠠᠭᠠᠬᠠᠨ ᠴᠠᠭ ᠦᠭᠭᠦᠭᠡᠰᠡᠢ | ᠬᠤᠨᠤᠭ ᠤᠳᠠᠭᠠᠨ ᠬᠦᠰᠡᠭᠰᠡᠨ ᠡᠴᠦᠰ | ᠬᠤᠷᠤᠮ ᠭᠡᠰᠡᠨ ᠴᠦ ᠠᠭᠤᠯᠵᠠᠬᠤ ᠪᠤᠯᠵᠤᠭᠠᠨ ᠳᠤ | ᠬᠠᠯᠠᠭᠤᠨ ᠬᠠᠶᠢᠷ᠎ᠠ ᠨᠤᠴᠤᠬᠤ ᠶᠢᠨ ᠴᠠᠭ ᠲᠤ | ᠬᠠᠮᠤᠭ ᠡᠰ ᠪᠤᠴᠠᠯᠬᠤ ᠶᠢᠨ ᠡᠷᠡᠨ ᠳᠤ | ᠦᠭᠡ ᠬᠡᠯᠡᠬᠦ ᠶᠢᠨ ᠴᠦ ᠵᠠᠪ ᠦᠭᠡᠢ | ᠦᠨᠦᠰᠬᠦ ᠲᠠᠭᠠᠯᠠᠬᠤ ᠶᠢᠨ ᠴᠦ ᠵᠠᠢ ᠦᠭᠡᠢ | ᠦᠭᠴᠡᠭᠡ ᠲᠠᠢ ᠶᠤᠮ ᠰᠢᠭ | ᠦᠰᠢᠶ᠎ᠡ ᠲᠠᠢ ᠶᠤᠮ ᠰᠢᠭ | ᠦᠨᠦᠬᠡᠨ ᠴᠠᠭ ᠲᠤ ᠵᠠᠪᠠᠯ | ᠦᠷᠢ ᠪᠠᠨ ᠠᠪᠬᠤ ᠰᠢᠭ᠋ | ᠵᠠᠩᠭᠢᠯᠠᠭ᠎ᠠ ᠶᠢᠨ ᠦᠶ᠎ᠡ ᠶᠢ | ᠵᠠᠪᠠᠯ ᠲᠠ ᠡᠵᠡᠮᠳᠡᠬᠦ ᠦᠦ | ᠪᠤᠷᠬᠠᠨ ᠠᠴᠠ ᠦᠭᠭᠦᠭᠰᠡᠨ ᠴᠠᠭ ᠭᠡᠵᠤ ᠪᠤᠳᠤᠭᠠᠰᠠᠢ | ᠪᠤᠶᠠᠨ ᠦᠢᠯᠡᠳᠴᠠᠢ ᠭᠡᠵᠤ ᠰᠠᠨᠠᠭᠠᠰᠠᠢ ᠲᠠ | ᠪᠤᠯᠵᠤᠭᠠᠨ ᠤ ᠡᠨᠡ ᠮᠦᠴᠡ ᠶᠢ ᠢᠳᠡᠭᠡᠭᠡᠰᠡᠢ | ᠪᠤᠯᠬᠤ ᠪᠦᠬᠦᠨ ᠢ ᠬᠠᠶᠢᠷᠠᠯᠠᠭᠠᠰᠠᠢ | ᠲᠡᠨᠡᠭ ᠶᠤᠮ ᠰᠢᠭ ᠠᠭᠠᠰᠢᠯᠠᠵᠤ | ᠲᠡᠪᠡᠷᠢᠭᠰᠡᠨ ᠢ ᠮᠢᠨᠢ ᠤᠶᠢᠯᠠᠭᠠ | ᠦᠪᠡᠷ ᠤᠨ ᠪᠡᠶ᠎ᠡ ᠪᠠᠨ ᠪᠠᠷᠢᠯ ᠦᠭᠡᠢ | ᠦᠨᠦᠰᠦᠭᠰᠡᠨ ᠢ ᠮᠢᠨᠢ ᠠᠭᠤᠴᠢᠯᠠ | ᠬᠦᠮᠦᠨ ᠤ ᠠᠩᠬᠠᠷᠬᠤ ᠶᠢ ᠪᠤᠳᠤᠯ ᠦᠭᠡᠢ | ᠬᠦᠭᠯᠡᠭᠰᠡᠨ ᠢ ᠮᠢᠨᠢ ᠦᠷᠦᠰᠢᠶᠡ | ᠬᠦᠭ ᠬᠡᠮᠵᠢᠶ᠎ᠡ ᠠᠴᠠ ᠬᠡᠳᠦᠷᠡᠵᠦ | ᠬᠦᠭᠰᠡᠭᠰᠡᠨ ᠢ ᠮᠢᠨᠢ ᠪᠠᠭᠳᠠᠭ᠎ᠠ | ᠡᠨᠡ ᠳᠡᠯᠡᠬᠡᠢ ᠶᠢᠨ ᠬᠠᠶᠢᠷ᠎ᠠ | ᠡᠯ᠎ᠡ ᠭᠠᠵᠠᠷ ᠪᠠᠶᠢᠳᠠᠭ ᠢ | ᠠᠳᠡᠬᠦ ᠦᠭᠡᠢ ᠪᠢᠵᠠ ᠲᠠ | ᠡᠯᠳᠡᠪ ᠬᠠᠷ᠎ᠠ ᠶᠢᠨ ᠪᠤᠳᠤᠯ ᠦᠭᠡᠢ | ᠡᠩᠭᠦᠷᠡᠶᠢᠯᠡᠵᠦ ᠰᠠᠨᠠᠭᠰᠠᠨ ᠢ | ᠡᠯᠡᠭᠯᠡᠬᠦ ᠦᠭᠡᠢ ᠪᠢᠵᠠ ᠲᠠ | ᠲᠡᠭᠷᠢ ᠡᠵᠢ ᠰᠢᠭ ᠦᠷᠦᠰᠢᠶᠡ | ᠬᠤᠯᠠᠳᠬᠤ ᠶᠢᠨ ᠠᠷᠭ᠎ᠠ ᠦᠭᠡᠢ ᠳᠤ | ᠬᠤᠷᠤᠰᠬᠤ ᠪᠢᠰᠢ ᠰᠠᠨᠠᠵᠤ | ᠬᠤᠷᠤ ᠪᠤᠳᠤᠬᠤ ᠦᠭᠡᠢ ᠪᠠᠷ | ᠬᠤᠩᠭᠤᠷ ᠲᠠᠢ ᠪᠠᠨ ᠴᠤᠭ ᠪᠠᠶᠢᠬᠤ ᠴᠠᠭ ᠢ | ᠬᠤᠷᠮᠤᠰᠳᠠ ᠲᠠ ᠮᠢᠨᠢ ᠵᠢᠭᠠᠬᠠᠨ ᠴᠦ ᠰᠤᠶᠤᠷᠬᠠᠭᠠᠰᠠᠢ | ᠬᠤᠷᠤᠮ ᠴᠦ ᠭᠡᠰᠡᠨ ᠴᠠᠭ ᠬᠠᠶᠢᠷᠠᠯᠠᠭᠠᠰᠠᠢ︕ | | | ᠢᠷᠡᠯᠳᠡ — ︽ᠴᠦᠩᠭᠦᠯ︾ ᠰᠡᠳᠬᠦᠯ | | | | |