ᠬᠠᠪᠣᠷ ᠤᠨ ᠠᠶᠠᠯᠭᠤᠨ
ᠨᠡᠶᠢᠲᠡᠯᠡᠭᠰᠡᠨ ᠴᠠᠭ᠄
2018/12/27
             
        ᠬᠠᠪᠤᠷ ᠤᠨ ᠠᠶᠠᠯᠭᠤᠨ                                                                              ᠴᠠᠨ᠎ᠠ ᠴᠢᠩᠨᠠᠭᠠᠴᠢ︕ ᠡᠬᠡ ᠭᠠᠵᠠᠷ ᠤᠨ ᠭᠦᠨ ᠠᠴᠠ ᠰᠣᠨᠣᠰᠳᠠᠭᠠᠳ ᠪᠠᠶᠢᠳᠠᠭ ᠲᠡᠷᠡ ᠨᠢᠭᠡᠨ ᠴᠢᠮᠡᠭᠡ ᠶᠢ ᠴᠢᠩᠨᠠᠭᠠᠴᠢ︕ ᠭᠠᠯᠪᠠ ᠲᠡᠯᠡᠬᠡᠢ ᠶᠢ ᠪᠠᠶᠠᠰᠬᠠᠭᠴᠢ ᠲᠡᠷᠡ ᠨᠢᠭᠡᠨ ᠠᠮᠢ ᠨᠠᠰᠣᠨ ᠤ ᠠᠶᠠᠯᠭᠤ ᠶᠢ ᠲᠡᠭᠷᠢ ᠶᠢᠨ ᠬᠢᠵᠠᠭᠠᠷ ᠠᠴᠠ ᠠᠶᠠᠯᠣᠩᠬᠠᠨ ᠠᠶᠢᠰᠣᠢ᠂᠂᠂᠂           1. ᠰᠠᠯᠬᠢᠨ ᠤ ᠴᠢᠮᠡᠭᠡ ᠮᠡᠳᠦ ᠠᠶᠠᠷᠬᠠᠨ ᠢᠯᠪᠢᠬᠦ ᠠᠮᠢᠰᠬᠤᠯ ᠢ ᠨᠢ ᠲᠠᠭᠠᠨ ᠣᠳᠠ ᠮᠣᠳᠣᠨ ᠤ ᠨᠠᠪᠴᠢᠨ ᠳᠤ ᠳᠠᠯᠳᠠᠷᠠᠬᠤ ᠳᠤ ᠮᠣᠳᠣᠳ ᠨᠣᠮᠢᠨ ᠨᠣᠭᠤᠭᠠᠨ ᠤ ᠲᠣᠮᠤᠭ ᠢ ᠵᠦᠬᠡᠯᠡᠨ ᠰᠢᠪᠡᠨᠡᠨ᠎ᠡ ᠣᠰᠣᠨ ᠤ ᠠᠨᠢᠷ ᠮᠡᠳᠦ ᠣᠶᠠᠷᠠᠭᠤᠨ ᠵᠦᠭᠡᠯᠡᠨ ᠭᠢᠩᠰᠢᠯ ᠢ ᠨᠢ ᠲᠠᠭᠠᠨ ᠠᠭᠤᠯᠠ ᠭᠤᠪᠢ ᠶᠢ ᠮᠦᠷᠲᠡᠨ ᠶᠠᠪᠣᠪᠠᠯ ᠣᠷᠢᠬᠠᠨ ᠬᠠᠪᠣᠷ ᠤᠨ ᠪᠣᠯᠪᠠᠷᠠᠢ ᠵᠡᠭᠦᠳᠦᠨ ᠲᠠᠯ᠎ᠠ ᠪᠦᠷᠭᠦᠳᠡᠯ᠎ᠡ ᠰᠠᠴᠣᠪᠠ           2. ᠡᠪᠡᠰᠦᠨ ᠨᠠᠬᠢᠶ᠎ᠠ ᠵᠦᠭᠡᠯᠡᠨ ᠬᠠᠴᠠᠷ ᠢᠶᠠᠨ ᠬᠦᠷᠦᠰᠦᠨ᠎ᠡ ᠨᠠᠭᠠᠨ᠎ᠠ ᠣᠶᠠᠨ ᠨᠡᠮᠡᠭᠦᠨ ᠴᠣᠭᠴᠠᠰ ᠲᠤ ᠪᠠᠨ ᠨᠣᠭᠤᠭᠠᠨ ᠦᠩᠭᠡ ᠶᠢᠨ ᠵᠡᠭᠦᠳᠦ ᠶᠢ ᠣᠨᠢᠰᠣᠯᠠᠨ ᠲᠡᠷᠡᠬᠡᠨ ᠵᠠᠭᠤᠷ᠎ᠠ ᠰᠢᠭᠦᠳᠡᠷᠢ ᠲᠣᠰᠣᠩᠨᠠᠭᠰᠠᠨ ᠨᠢᠮᠭᠡᠨ ᠱᠠ ᠪᠠᠨ ᠨᠦᠮᠦᠷᠦᠨ ᠲᠣᠯᠠᠭᠠᠨ ᠪᠠᠭᠤᠴᠠᠨ ᠳᠤ ᠪᠠᠨ ᠠᠮᠣᠰᠬᠢᠬᠤ ᠪᠠᠷ ᠣᠳᠣᠯ᠎ᠠ           3. ᠣᠭᠳᠣᠮᠠᠯ ᠴᠡᠴᠡᠭ ᠣᠯᠠᠷᠢᠯ ᠤᠨ ᠨᠠᠮᠠᠭᠠᠨ ᠲᠡᠭᠡᠷ᠎ᠡ ᠪᠠᠶᠢᠨ ᠲᠠᠬᠢᠨ ᠪᠠᠷᠠᠯᠠᠨ ᠦᠩᠭᠡ ᠶᠢᠨ ᠴᠡᠴᠡᠭ ᠣᠳᠣᠳᠠᠢ ᠰᠦᠨᠢ ᠶᠢᠨ ᠡᠭᠦᠳᠡ ᠶᠢ ᠬᠦᠩᠭᠡᠨ ᠲᠣᠭᠰᠢᠬᠤ ᠠᠴᠠ ᠡᠮᠦᠨ᠎ᠡ ᠲᠡᠷᠡ ᠢᠨᠢᠶᠡᠮᠰᠦᠭᠯᠡᠨ ᠪᠣᠰᠴᠦ ᠠᠯᠳᠠᠨ ᠰᠢᠷᠭᠠᠯ ᠬᠦᠰᠡᠯ ᠢᠶᠠᠨ ᠡᠪᠦᠷᠯᠡᠨ ᠠᠮᠢᠨ ᠡᠭᠡᠰᠢᠭ ᠲᠠᠢ ᠠᠩᠭᠢᠯᠣᠭᠤᠨ ᠦᠨᠦᠷ ᠢᠶᠠᠨ ᠢᠰᠭᠡᠬᠦ ᠪᠠᠷ ᠣᠳᠣᠯ᠎ᠠ          4. ᠬᠠᠷᠢᠶᠠᠴᠠᠢ ᠭᠡᠭᠡᠪᠴᠢ ᠶᠢᠨ ᠡᠮᠦᠨᠡᠭᠦᠷ ᠪᠠᠶᠠᠷᠳᠠᠶᠢᠬᠠᠨ ᠨᠢᠰᠦᠨ ᠦᠩᠭᠡᠷᠡᠨ᠎ᠡ ᠰᠠᠷᠠᠪᠴᠢᠨ ᠲᠣᠣᠷ᠎ᠠ ᠮᠣᠳᠣᠨ ᠤ ᠰᠠᠯᠠᠭ᠎ᠠ᠂ ᠪᠠᠯᠴᠢᠭ ᠰᠢᠪᠠᠷ᠂ ᠵᠦᠭᠡᠯᠡᠨ ᠦᠳᠦ ᠨᠡᠶᠢᠯᠡᠨ ᠬᠠᠶᠢᠷ᠎ᠠ ᠶᠢᠨ ᠡᠭᠦᠷ ᠤᠨ ᠪᠠᠯᠠᠷ ᠲᠣᠭᠲᠣᠯᠣᠯ ᠪᠣᠯᠵᠦ ᠲᠣᠭᠲᠠᠨᠢᠨ ᠲᠣᠳᠣᠷ᠎ᠠ ᠠᠴᠠ ᠨᠢ ᠦᠩᠭᠡᠳᠦ ᠵᠢᠭᠦᠷ ᠣᠷᠭᠤᠨ ᠣᠷᠭᠤᠨ ᠨᠢᠰᠴᠦ ᠪᠠᠯ ᠪᠣᠷᠠᠮ ᠤᠨ ᠡᠵᠡᠨ ᠲᠡᠪᠬᠡᠷᠦᠨ ᠪᠦᠵᠢᠭᠯᠡᠨ᠂ ᠳᠠᠭᠤᠣ ᠠᠶᠠᠯᠠᠭᠤᠯᠣᠭᠰᠠᠭᠠᠷ ᠣᠳᠣᠯ᠎ᠠ        5. ᠪᠢ ᠲᠡᠳᠡᠨ ᠢ ᠨᠡᠬᠡᠨ ᠠᠳᠠᠷ ᠭᠤᠪᠢ ᠪᠠᠷ᠂ ᠠᠭᠤᠯᠠᠨ ᠰᠠᠷᠢᠳᠠᠭ ᠢᠶᠠᠷ᠂ ᠪᠦᠮᠪᠦᠷᠴᠡᠭ ᠤᠨ ᠵᠦᠭᠡᠯᠡᠨ ᠠᠮᠢᠰᠬᠤᠭ᠎ᠠ ᠪᠣᠯᠵᠦ ᠨᠡᠮᠡᠭᠦᠨ ᠰᠠᠯᠬᠢᠨ ᠳᠤ ᠪᠠᠷ᠎ᠠ ᠪᠣᠯᠵᠦ ᠠᠩᠭᠢᠯᠤᠮ᠎ᠠ ᠬᠤᠷ᠎ᠠ ᠳᠤ ᠲᠣᠰᠣ ᠪᠣᠯᠵᠦ ᠨᠢᠳᠦ ᠠᠯᠳᠠᠮ᠎ᠠ ᠰᠢᠨ᠎ᠡ ᠰᠣᠷᠭᠤᠭ ᠤᠨ ᠲᠣᠮᠳᠠ ᠬᠠᠪᠣᠷ ᠤᠨ ᠵᠡᠭᠦᠳᠦ ᠶᠢ ᠮᠠᠨᠠᠨ ᠵᠣᠭᠰᠣᠨ᠎ᠠ                                             ᠪᠠᠷᠠᠭᠤᠨ ᠬᠤᠶᠢᠳᠣ ᠶᠢᠨ ᠦᠨᠳᠦᠰᠦᠳᠡᠨ ᠤ ᠶᠡᠭᠡ ᠰᠣᠷᠭᠠᠭᠤᠯᠢ                       ᠶᠢᠨ  ᠮᠣᠩᠭᠤᠯ  ᠬᠡᠯᠡ  ᠰᠣᠶᠣᠯ   ᠤᠨ  ᠲᠡᠭᠡᠳᠦ ᠰᠣᠷᠭᠠᠭᠤᠯᠢ                                   ᠢᠷᠡᠯᠳᠡ   —   ︽ᠴᠦᠩᠬᠦᠯ︾ ᠰᠡᠳᠬᠦᠯ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号