ᠶᠦᠨ  ᠯᠢᠶᠠᠩ
ᠨᠡᠶᠢᠲᠡᠯᠡᠭᠰᠡᠨ ᠴᠠᠭ᠄
2018/12/27
              ᠶᠦᠨ    ᠯᠢᠶᠠᠩ                                                                 ᠪᠤᠷᠵᠢᠬᠢᠨ ᠶᠤᠸᠠᠨ ᠶᠧ ︵ᠬᠠᠰᠤᠩᠭᠤᠸ᠎ᠠ ᠤᠷᠴᠢᠭᠤᠯᠪᠠ︶             ᠶᠦᠨ ᠯᠢᠶᠠᠩ  ᠭᠡᠳᠡᠭ ᠪᠤᠯ ᠪᠦᠰᠡᠬᠦᠢ ᠬᠦᠮᠦᠨ ᠤ ᠨᠡᠷ᠎ᠡ ᠪᠢᠯᠡ᠃      ᠲᠠ ᠬᠡᠷᠪᠡ ᠶᠦᠨ ᠯᠢᠶᠠᠩ ᠲᠠᠢ ᠲᠠᠨᠢᠯᠴᠠᠶ᠎ᠠ ᠭᠡᠵᠤ ᠰᠠᠨᠠᠪᠠᠯ ᠲᠡᠯ᠎ᠡ ᠨᠤᠳᠤᠭ ᠲᠤ ᠬᠦᠷᠦᠬᠡᠷᠡᠢ᠃ ᠲᠠᠯ᠎ᠠ ᠨᠤᠳᠤᠭ ᠬᠡᠳᠡᠭ ᠨᠢ ᠬᠤᠯᠡ ᠶᠢᠨ ᠬᠤᠯᠠ ᠳᠠᠭᠠᠨ ᠨᠡᠯᠦᠶᠢᠨ ᠴᠡᠯᠡᠶᠢᠭᠰᠡᠨ᠂ ᠡᠪᠬᠡᠷᠡᠯᠳᠦᠨ ᠵᠠᠯᠭᠠᠯᠳᠤᠭᠰᠠᠨ ᠡᠬᠦᠯᠡᠰ ᠰᠢᠭ ᠡᠯᠡᠰᠤᠨ ᠲᠤᠪᠤᠴᠠᠭ ᠤᠳ ᠪᠢᠯᠡ᠃ ᠡᠯᠡᠰᠦᠨ ᠲᠤᠪᠤᠴᠠᠭ ᠤᠳ ᠦᠷᠬᠦᠯᠵᠢᠯᠡᠨ ᠵᠠᠯᠭᠠᠯᠳᠤᠵᠦ᠂ ᠶᠠᠭ ᠯᠠ ᠬᠦᠨᠳᠡᠢ ᠲᠠᠯ᠎ᠠ ᠳᠠᠭᠠᠨ ᠪᠤᠰᠬᠠᠭᠰᠠᠨ ᠬᠡᠵᠢᠶᠡᠳᠡ ᠲᠤᠨᠳᠠᠷᠡᠰᠢ ᠦᠭᠡᠢ ᠮᠦᠩᠭᠡ ᠶᠢᠨ ᠰᠢᠳᠢ ᠲᠠᠢ ᠠᠮᠦ ᠪᠤᠳᠠᠭᠠᠨ ᠤ ᠰᠡᠩᠰᠡ ᠬᠦᠮᠦᠷᠭᠡ ᠰᠢᠭ ᠰᠡᠬᠦᠶᠢᠵᠦ᠂ ᠲᠡᠭᠡᠬᠦᠷ ᠨᠢ ᠡᠬᠦᠯᠡ ᠬᠦᠪᠪᠤᠯᠵᠠᠵᠦ ᠤᠨᠢᠶᠠᠷᠳᠤᠨ ᠴᠡᠩᠭᠡᠷᠳᠦᠨ᠎ᠡ᠃ ᠠᠳᠡ ᠡᠪᠡᠰᠦ ᠲᠠᠢ᠂ ᠨᠠᠭᠤᠷ ᠪᠦᠷᠢᠳᠦ ᠲᠠᠢ᠂ ᠪᠠᠰᠠ ᠲᠡᠷᠢᠶ᠎ᠡ ᠲᠤᠮᠤᠰᠤ ᠲᠠᠢ᠃ ᠨᠠᠭᠤᠷ ᠪᠦᠷᠢᠳᠦ ᠶᠢᠨ ᠬᠦᠪᠡᠭᠡ ᠪᠠᠷ ᠨᠢ ᠬᠤᠯᠤᠰᠤ ᠵᠡᠬᠡᠰᠦ ᠢᠭ᠌ᠴᠢᠷᠡᠵᠦ᠂ ᠡᠯᠡᠰᠤᠨ ᠲᠤᠪᠤᠴᠠᠭ ᠢ ᠬᠦᠷᠢᠶᠡᠯᠡᠨ᠂ ᠶᠠᠭ ᠯᠠ ᠡᠯᠡᠰᠦᠨ ᠲᠤᠳᠤᠷᠡᠬᠢ ᠬᠦᠷᠪᠡᠯᠵᠢ  ᠶᠢ ᠤᠰᠤᠨ ᠳᠤ ᠤᠷᠤᠬᠤ ᠠᠴᠠ ᠰᠡᠷᠬᠡᠶᠢᠯᠡᠵᠦ ᠪᠠᠶᠢᠭ᠎ᠠ ᠰᠢᠭ᠋᠃ ᠦᠳᠡᠰᠢ ᠶᠢᠨ ᠪᠦᠷᠦᠢ ᠤᠶᠢᠷᠠᠳᠬᠤ ᠬᠢᠷᠢ ᠪᠠᠷ ᠮᠠᠯᠴᠢᠳ ᠤᠨ ᠪᠤᠭᠤᠨᠢ ᠰᠢᠪᠡᠷ ᠦᠷᠦᠬᠡ ᠶᠠᠭ ᠯᠠ ᠨᠤᠷᠡᠵᠦ ᠤᠨᠠᠮᠠᠷ ᠪᠠᠶᠢᠭ᠎ᠠ ᠰᠢᠭ᠋᠂ ᠬᠤᠨᠢ ᠢᠮᠠᠭ᠎ᠠ ᠨᠢ ᠪᠦᠷ ᠯᠠ ᠲᠤᠯᠤᠭᠠᠢ ᠪᠠᠨ ᠯᠠᠪᠳᠡᠶᠢᠯᠭᠠᠨ᠂ ᠬᠡᠷᠡᠮ ᠤᠨ ᠤᠭ ᠢᠶᠠᠷ ᠬᠡᠯᠬᠢᠶᠡᠷᠡᠨ ᠴᠤᠪᠤᠷᠡᠯᠳᠤᠨ᠎ᠠ᠃ ᠡᠷᠳᠡᠨᠢ ᠰᠢᠰᠢ ᠶᠢᠨ ᠰᠢᠩᠭᠡᠨ ᠪᠤᠳᠠᠭᠠᠨ ᠤ ᠠᠩᠭᠢᠯᠤᠮ᠎ᠠ ᠦᠨᠦᠷ ᠦᠷᠦᠬᠡ ᠭᠡᠷ ᠠᠴᠠ ᠰᠠᠩᠭᠢᠨᠠᠨ᠂ ᠵᠢᠷᠤᠭ᠎ᠠ ᠮᠤᠷᠢ ᠤᠶᠠᠭᠠᠨ ᠲᠡᠭᠡᠷ᠎ᠡ  ᠪᠠᠨ ᠲᠡᠪᠴᠢᠶᠡᠷᠢ ᠠᠯᠳᠡᠨ ᠲᠡᠪᠰᠡᠯᠬᠢᠯᠡᠵᠦ᠂ ᠨᠤᠬᠠᠳ ᠢ ᠦᠢᠮᠡᠬᠦᠯᠦᠨ ᠬᠤᠴᠠᠭᠤᠯᠤᠨ᠎ᠠ᠃ ᠭᠡᠷ ᠤᠨ ᠡᠵᠡᠭᠳᠡᠢ ᠨᠢ ᠬᠤᠨᠢᠨ ᠬᠤᠷᠤᠭ᠎ᠠ ᠶᠢᠨ ᠡᠬᠦᠳᠡ ᠪᠠᠨ ᠲᠠᠷᠤᠵᠦ᠂ ᠭᠡᠷ ᠤᠨ ᠰᠡᠷᠡᠪᠴᠢ ᠶᠢᠨ ᠲᠤᠤᠷᠡᠬᠢ ᠪᠤᠷᠤᠭᠠᠨ ᠤ ᠤᠰᠤ ᠲᠤᠰᠬᠤ ᠡᠮᠳᠡᠷᠬᠡᠢ ᠭᠠᠩ ᠠᠴᠠ ᠨᠢᠬᠡ ᠬᠤᠯᠤ ᠤᠰᠤ ᠬᠤᠳᠬᠤᠨ ᠨᠢᠭᠤᠷ ᠲᠡᠭᠡᠷ᠎ᠡ ᠪᠠᠨ ᠰᠠᠴᠦᠨ᠂ ᠰᠤᠴᠢᠭᠰᠠᠨ ᠰᠢᠭ᠋ ᠢᠶᠠᠷ ᠨᠢᠳᠦ ᠪᠠᠨ ᠲᠤᠳᠤᠶᠢᠨ᠂ ᠭᠠᠷ ᠢᠶᠠᠨ ᠦᠮᠦᠳᠦᠨ ᠲᠡᠭᠡᠷ᠎ᠡ ᠪᠠᠨ ᠠᠷᠴᠢᠵᠦ᠂ ᠬᠠᠯᠠᠭᠤᠨ ᠲᠤᠭᠤᠭ᠎ᠠ ᠠᠴᠠ ᠰᠠᠪᠰᠠᠬᠤ ᠴᠠᠭᠠᠨ ᠠᠭᠤᠷ ᠤᠨ ᠲᠤᠮᠳᠠᠭᠤᠷ ᠭᠡᠷ ᠲᠡᠭᠡᠨ ᠤᠷᠤᠨ᠎ᠠ᠃ ᠡᠨᠡ ᠭᠡᠷ ᠤᠨ ᠡᠵᠡᠭᠳᠡᠢ ᠨᠢ ᠲᠠᠷᠤᠢ ᠶᠦᠨ ᠯᠢᠶᠠᠩ ᠮᠠᠭᠠᠳ᠃ ᠡᠨᠡ  ᠨᠤᠳᠤᠭ ᠪᠤᠯ ᠵᠡᠬᠦᠨ ᠮᠤᠩᠭᠤᠯ ᠤᠨ ᠬᠤᠷᠴᠢᠨ ᠤ ᠲᠠᠯ᠎ᠠ ᠨᠤᠳᠤᠭ᠂ ᠮᠢᠨᠦ ᠤᠭ ᠰᠠᠭᠤᠭᠠᠯᠢ ᠪᠤᠯᠤᠨ᠎ᠠ᠃    ᠶᠦᠨ ᠯᠢᠶᠠᠩ ᠬᠤᠳᠡ ᠤᠷᠤᠵᠦ ᠦᠩᠭᠡᠷᠡᠭᠰᠡᠨ ᠦᠭᠡᠢ᠂ ᠲᠡᠷᠡ ᠬᠡᠳᠦᠨ ᠠᠷᠪᠡᠨ ᠭᠠᠵᠠᠷ ᠠᠯᠤᠰ ᠲᠠᠬᠢ ᠬᠦᠮᠦᠰ ᠶᠠᠭᠠᠬᠢᠨ ᠠᠮᠢᠳᠦᠷᠡᠵᠦ ᠪᠠᠶᠢᠭ᠎ᠠ ᠶᠢ ᠴᠦ ᠮᠡᠳᠡᠬᠦ ᠦᠭᠡᠢ᠃ ᠬᠡᠪᠡᠴᠦ ᠬᠦᠮᠦᠰ ᠪᠦᠷ ᠶᠦᠨ ᠯᠢᠶᠠᠩ ᠢ ᠮᠡᠳᠡᠳᠡᠭ᠃ ᠪᠡᠬᠡᠵᠢᠩ ᠳᠤ ᠪᠤᠯᠤᠭᠰᠠᠨ ᠨᠢᠬᠡ ᠤᠳᠠᠭᠠᠨ ᠤ ᠱᠠᠩᠨᠠᠯ ᠤᠯᠭᠤᠬᠤ ᠦᠳᠡᠰᠢᠯᠡᠭᠡ ᠲᠡᠭᠡᠷ᠎ᠡ᠂ ᠮᠤᠩᠭᠤᠯ ᠬᠦᠮᠦᠨ ᠲᠦᠭᠦᠷᠳᠡᠯ᠎ᠡ ᠰᠠᠭᠤᠯᠴᠠᠭᠰᠠᠨ ᠨᠢᠬᠡ ᠰᠢᠷᠡᠬᠡᠨ ᠤ ᠬᠢᠨ ᠲᠠᠭᠤᠤ ᠲᠠᠭᠤᠯᠠᠵᠠᠭᠠᠪᠠ᠃ ᠪᠢ ᠠᠩᠬ᠎ᠠ ᠰᠤᠨᠤᠰᠤᠭᠠᠳ ᠶᠡᠭᠡ ᠰᠤᠴᠢᠪᠠ᠂ ᠲᠡᠳᠡᠨᠡᠷ ᠴᠦ ᠦᠨᠡᠬᠡᠷ ᠢᠳᠡᠷᠡᠬᠦᠨ ᠵᠢᠪᠬᠤᠭ᠎ᠠ ᠲᠠᠢ ᠲᠠᠭᠤᠯᠠᠵᠠᠭᠠᠨ᠎ᠠ᠃  ᠲᠢᠩᠬᠢᠮ  ᠳᠠᠬᠢ ᠬᠦᠮᠦᠰ ᠬᠦᠷ ᠬᠢᠳᠡᠯ᠎ᠡ ᠪᠤᠰᠴᠦ ᠵᠤᠭᠰᠤᠨ ᠲᠠᠭᠤᠯᠠᠬᠤ ᠲᠠᠭᠤᠤ ᠶᠢ ᠰᠤᠨᠤᠰᠴᠠᠭᠠᠨ᠎ᠠ᠂ ᠡᠨᠡ ᠲᠠᠭᠤᠤ ᠨᠢ ᠡᠪᠬᠡᠷᠡᠬᠦᠨ ᠰᠡᠳᠬᠢᠯᠬᠡ ᠲᠠᠢ ᠲᠠᠭᠤᠯᠠᠭᠳᠡᠨ᠂ ᠶᠠᠭ ᠯᠠ ᠲᠤᠯᠬᠢᠶᠠᠯᠠᠨ ᠤᠷᠤᠰᠬᠤ ᠮᠦᠷᠡᠨ ᠤ ᠤᠷᠤᠰᠬᠠᠯ ᠮᠡᠳᠦ᠂ ᠬᠢᠴᠢᠶᠡᠨ ᠰᠤᠨᠤᠰᠪᠡᠯ ᠪᠠᠰᠠ ᠲᠦᠯᠬᠡᠨ ᠤᠷᠤᠰᠬᠠᠯ ᠴᠦ ᠰᠢᠭ᠋᠃ ᠲᠠᠭᠤᠤ ᠪᠠᠨ ᠲᠠᠭᠤᠯᠠᠵᠦ ᠪᠠᠷᠠᠯ᠎ᠠ᠃ ᠬᠦᠮᠦᠰ ᠶᠠᠮᠠᠷ ᠲᠠᠭᠤᠤ ᠲᠠᠭᠤᠯᠠᠭᠰᠠᠨ ᠢ ᠨᠢ ᠠᠰᠠᠭᠤᠬᠤ ᠳᠤ᠂ ᠲᠡᠳᠡᠨᠡᠷ  ︽ᠶᠦᠨ ᠯᠢᠶᠠᠩ︾ ᠭᠡᠵᠤ ᠬᠠᠷᠢᠭᠤᠯᠤᠨ᠎ᠠ᠃ ᠬᠤᠭᠤᠯᠠᠨ ᠲᠢᠩᠭᠢᠮ ᠳᠠᠬᠢ ᠬᠦᠮᠦᠰ ᠮᠤᠩᠭᠤᠯᠴᠤᠳ ᠪᠦᠷ ︽ᠶᠦᠨ ᠯᠢᠶᠠᠩ︾ ᠢ ᠲᠠᠭᠤᠯᠠᠵᠦ ᠴᠢᠳᠠᠬᠤ ᠶᠢ ᠠᠭᠠᠵᠢᠮ ᠢᠶᠠᠷ ᠮᠡᠳᠡᠵᠡᠬᠡᠪᠡ᠂ ᠵᠠᠵᠢ ᠶᠢᠨ ᠦᠰᠦ ᠨᠢ ᠴᠠᠶᠢᠭᠰᠠᠨ ᠪᠤᠭᠤᠷᠤᠯ ᠨᠠᠰᠤᠳᠡᠨ ᠨᠢ ᠴᠦ ᠲᠠᠭᠤᠯᠠᠵᠦ ᠴᠢᠳᠡᠨ᠎ᠡ᠃ ᠲᠡᠳᠡᠨᠡᠷ ᠶᠠᠭᠠᠬᠢᠬᠤ ᠳᠠᠭᠠᠨ ᠨᠢᠬᠡ ᠯᠡ ᠲᠠᠭᠤᠤ ᠶᠢ ᠬᠠᠮᠳᠤ ᠪᠠᠷ ᠢᠶᠠᠨ ᠴᠦᠮ ᠲᠠᠭᠤᠯᠠᠵᠦ ᠴᠢᠳᠠᠳᠠᠭ ᠪᠢᠯᠡ ᠭᠡᠵᠤ ᠭᠠᠶᠢᠬᠠᠯᠳᠤᠨ᠎ᠠ᠃ ᠡᠨᠡ ᠲᠠᠭᠤᠤ ᠶᠢ MTV ᠲᠡᠭᠡᠷ᠎ᠡ ᠨᠡᠪᠳᠡᠷᠡᠬᠦᠯᠵᠦ ᠦᠩᠭᠡᠷᠡᠭᠰᠡᠨ ᠦᠭᠡᠢ᠃   ᠶᠦᠨ ᠯᠢᠶᠠᠩ ᠬᠠᠷᠢᠨ ᠡᠳᠡᠭᠡᠷ ᠢ ᠮᠡᠳᠡᠬᠦ ᠦᠭᠡᠢ᠃ ᠲᠦᠯ ᠲᠤᠰᠬᠤ ᠤᠯᠠᠷᠢᠯ ᠪᠤᠯᠤᠭᠰᠠᠭᠠᠷ᠂ ᠵᠠᠷᠢᠮ ᠳᠠᠭᠠᠨ ᠰᠠᠶ᠋ᠢ ᠲᠦᠷᠦᠭᠰᠡᠨ ᠬᠤᠨᠢᠨ ᠬᠤᠷᠠᠭ᠎ᠠ ᠨᠢ ᠡᠬᠡ ᠳᠡᠭᠡᠨ ᠭᠤᠯᠤᠭᠳᠠᠳᠠᠭ᠂ ᠡᠨᠡ ᠦᠶᠡᠰ ᠶᠦᠨ ᠯᠢᠶᠠᠩ  ︽ᠲᠤᠶᠢᠭ  ᠤᠨ ᠲᠠᠭᠤᠤ︾ ᠪᠠᠨ ᠡᠪᠭᠡᠷᠡᠳᠡᠯ᠎ᠡ ᠲᠠᠭᠤᠯᠠᠵᠦ᠂ ᠡᠬᠡ ᠬᠤᠨᠢ ᠨᠢ ᠬᠡᠵᠢᠶ᠎ᠡ ᠬᠤᠶᠢᠨ᠎ᠠ ᠨᠢᠯᠪᠤᠰᠤ ᠪᠦᠮᠪᠦᠷᠢᠬᠦᠯᠦᠨ ᠬᠤᠷᠠᠭ᠎ᠠ ᠪᠠᠨ ᠬᠦᠬᠦᠬᠦᠯᠪᠡᠯ ᠲᠡᠷᠡ ᠰᠠᠶ᠋ᠢ ᠲᠠᠭᠤᠯᠠᠬᠤ ᠪᠠᠨ ᠵᠤᠭᠰᠤᠳᠠᠭ᠃ ᠲᠦᠷᠪᠡᠳᠦᠬᠡᠷ ᠰᠡᠷ᠎ᠡ ᠶᠢᠨ ᠰᠦᠮ᠎ᠡ ᠶᠢᠨ ᠬᠤᠷᠡᠯ ᠲᠡᠭᠡᠷ᠎ᠡ᠂ ᠨᠢᠬᠡ ᠤᠯᠠᠨ ᠮᠤᠩᠭᠤᠯ ᠪᠦᠰᠡᠬᠦᠶᠢᠴᠦᠳ ᠭᠤᠳᠤᠯ ᠲᠡᠭᠡᠷ᠎ᠡ ᠬᠠᠳᠬᠤᠮᠠᠯᠯᠠᠭᠰᠠᠨ ᠴᠡᠴᠡᠭ ᠤᠨ ᠬᠡᠯᠳᠡᠰ ᠰᠢᠭ ᠵᠡᠬᠦᠨ ᠪᠠᠷᠠᠭᠤᠨ ᠲᠠᠯ᠎ᠠ ᠳᠤᠨᠢ ᠪᠦᠬᠡᠮᠨᠡᠷᠡᠨ ᠵᠤᠭᠰᠤᠵᠠᠭᠠᠨ᠂ ᠠᠯᠢ ᠨᠢ ᠶᠦᠨ ᠯᠢᠶᠠᠩ ᠪᠤᠯᠬᠤ ᠶᠢ ᠢᠯᠭᠠᠵᠦ ᠲᠡᠶᠢᠯᠬᠦ ᠦᠭᠡᠢ᠃ ᠲᠡᠳᠡᠨᠡᠷ ᠰᠢᠨ᠎ᠡ ᠰᠤᠨᠢᠨ ᠪᠦᠬᠡᠳ ᠪᠠᠭ᠋ᠠᠷᠬᠠᠯ ᠤᠨ ᠬᠠᠷᠠᠴᠠ ᠪᠠᠷ ᠲᠠᠸᠠᠷ ᠨᠢᠬᠡ ᠪᠦᠷᠢ  ᠶᠢ ᠰᠢᠨᠵᠢᠵᠦ᠂ ᠠᠷᠠᠳ ᠤᠨ ᠤᠷᠠᠯᠢᠭᠴᠢᠳ ᠤᠨ ᠪᠠᠷᠬᠢᠯ ᠬᠤᠭᠤᠯᠠᠢ ᠪᠠᠷ ᠲᠠᠭᠤᠯᠠᠬᠤ ᠲᠠᠭᠤᠤ ᠶᠡᠭᠡ ᠯᠠᠪᠠᠷ ᠢᠶᠠᠷ ᠲᠠᠮᠵᠢᠨ ᠬᠠᠩᠭᠢᠨᠠᠨ᠎ᠠ᠃ ᠤᠷᠤᠯᠳᠤᠭᠠᠨ ᠤ ᠮᠤᠷᠢᠳ ᠤᠨ ᠲᠤᠭᠤᠰᠤ ᠬᠤᠯᠠ ᠶᠢᠨ ᠬᠤᠯᠡ ᠠᠴᠠ ᠨᠠᠭᠠᠰᠢᠯᠡᠨ᠎ᠡ᠃ ᠡᠳᠡᠭᠡᠷ ᠮᠤᠩᠭᠤᠯ ᠪᠦᠰᠠᠬᠦᠶᠢᠴᠦᠳ ᠢᠳᠡᠷ ᠴᠢᠬᠢᠷᠠᠭ᠂ ᠶᠡᠬᠡᠮᠰᠦᠭ ᠲᠦᠪᠯᠡᠬᠦᠨ ᠬᠠᠷᠠᠭᠳᠠᠨ᠂ ᠬᠠᠴᠠᠷ ᠤᠨ ᠶᠡᠰᠤ ᠪᠤᠯᠤᠨ ᠬᠠᠮᠠᠷ ᠤᠨ ᠦᠵᠦᠬᠦᠷ ᠨᠢ ᠨᠠᠷᠡᠨ ᠳᠤ ᠰᠢᠷᠠᠭᠳᠡᠨ ᠤᠯᠠᠶᠢᠵᠦ᠂ ᠨᠢᠳᠦ ᠲᠦᠬᠦᠷᠡᠩ ᠡᠶᠡᠯᠳᠡᠭ ᠠᠪᠤᠷᠢ ᠢᠯᠡᠷᠡᠨ᠎ᠡ᠃ ᠪᠦᠱᠦᠬᠦᠷᠭᠡᠭ᠂ ᠢᠯᠳᠠᠮᠬᠠᠨ᠂ ᠴᠠᠶᠢᠯᠭᠠᠨ ᠬᠠᠷ᠎ᠠ ᠨᠢᠳᠦ ᠨᠢ ᠬᠡᠵᠢᠶᠡᠳᠡ ᠪᠦᠷ ᠢᠨᠢᠶᠡᠳᠦ ᠠᠯᠳᠠᠮ᠎ᠠ ᠰᠠᠨᠠᠭᠳᠠᠨ᠎ᠠ᠃ ᠡᠨᠡ ᠦᠶᠡᠰ ᠲᠠ   ︽ᠶᠦᠨ ᠯᠢᠶᠠᠩ︾ ᠬᠡᠳᠡᠭ ᠠᠷᠠᠳ ᠤᠨ ᠲᠠᠭᠤᠤ ᠶᠢ ᠰᠤᠨᠤᠰᠮᠠᠭᠴᠠ ᠲᠠᠭᠤᠯᠠᠵᠦ ᠴᠢᠳᠠᠬᠤ ᠪᠦᠬᠡᠳ ᠦᠬᠡᠷ᠎ᠡ ᠨᠢᠬᠡ ᠪᠦᠯᠦᠭ ᠮᠤᠩᠭᠤᠯ ᠪᠦᠰᠡᠬᠦᠢ ᠶᠢᠨ ᠨᠡᠷ᠎ᠡ ᠪᠠᠷ ᠨᠡᠷᠡᠯᠡᠭᠰᠡᠨ ᠠᠷᠠᠳ ᠤᠨ ᠲᠠᠭᠤᠤ ᠲᠠᠭᠤᠯᠠ᠂ ᠨᠤᠭᠤᠨᠵᠢᠶᠠᠭ᠎ᠠ᠂ ᠰᠦᠢ ᠯᠢᠩ᠂ ᠰᠦᠩᠵᠢᠳᠮ᠎ᠡ᠂ ᠸᠠᠨ ᠵᠢᠶᠧ ᠵᠡᠷᠬᠡ ᠶᠢ ᠴᠦ ᠠᠳᠠᠯᠢᠬᠠᠨ ᠲᠠᠭᠤᠯᠠᠵᠦ ᠴᠢᠳᠠᠬᠤ ᠰᠢᠭ᠋ ᠰᠠᠨᠠᠭᠳᠡᠨ᠎ᠡ᠃ ᠤᠴᠢᠷ ᠨᠢ ᠲᠡᠳᠡᠨᠡᠷ ᠶᠠᠭ ᠯᠠ ᠲᠡᠷᠭᠡᠳᠡ ᠴᠢᠨᠢ ᠵᠤᠭᠰᠤᠭᠠᠳ ᠢᠨᠢᠶᠡᠪᠬᠢᠯᠡᠵᠦ ᠪᠠᠶᠢᠭ᠎ᠠ ᠰᠢᠭ᠋᠂᠂ ᠲᠡᠳᠡᠨᠡᠷ ᠴᠡᠩᠭᠡᠷ ᠬᠦᠬᠡ  ᠲᠡᠷᠯᠢᠭ ᠢᠶᠠᠨ ᠵᠦᠷᠵᠢ ᠶᠢᠨ ᠰᠢᠷ᠎ᠡ ᠦᠩᠭᠡ ᠪᠠᠷ ᠡᠮᠵᠢᠶᠡᠷᠢᠯᠡᠵᠦ᠂ ᠮᠦᠩᠭᠦᠨ ᠡᠬᠡᠮᠦᠭ᠂ ᠮᠦᠩᠭᠦᠨ ᠡᠷᠡᠬᠡᠶᠢᠪᠴᠢ ᠶᠢᠨ ᠬᠢᠨ ᠬᠡ ᠤᠭᠠᠯᠵᠠ ᠠᠴᠠ ᠨᠢ ᠤᠨ ᠵᠢᠯ ᠤᠨ ᠤᠯᠡ ᠮᠦᠷ ᠢᠯᠡ ᠬᠠᠷᠠᠭᠳᠠᠨ᠎ᠠ᠃   ᠬᠡᠷᠪᠡ ᠲᠠ ᠶᠦᠨ ᠯᠢᠶᠠᠩ ᠢ ᠦᠨᠡᠭᠡᠷ ᠤᠶᠢᠯᠠᠭᠠᠶ᠎ᠠ ᠭᠡᠵᠤ ᠪᠤᠳᠤᠪᠠᠯ᠂ ᠶᠠᠭ ᠯᠠ ᠨᠢᠬᠡ ᠲᠤᠰᠤᠨ ᠵᠢᠷᠤᠭ ᠰᠤᠨᠢᠷᠬᠠᠬᠤ ᠰᠢᠭ᠋᠂ ᠶᠠᠭ ᠯᠠ ᠲᠡᠬᠦᠨ ᠤ ᠨᠢᠬᠡ ᠬᠡᠰᠡᠭ ᠲᠠᠭᠤᠨ ᠰᠢᠩᠭᠡᠭᠡᠯᠳᠡ ᠶᠢ ᠰᠤᠨᠤᠰᠴᠦ ᠪᠠᠶᠢᠭ᠎ᠠ ᠰᠢᠭ᠋ ᠢᠶᠠᠷ ᠴᠢ᠊ · ᠪᠤᠯᠠᠭ   ᠤᠨ  ᠮᠤᠷᠢᠨ ᠬᠤᠭᠤᠷ   ᠤᠨ  ᠬᠦᠭᠵᠢᠮ   ᠢ  ᠰᠤᠨᠤᠰᠤᠭᠠᠷᠡᠢ᠃ ᠲᠡᠬᠦᠨ   ᠤ  ᠬᠤᠭᠤᠷ   ᠠᠴᠠ︽ᠬᠡᠷᠦᠯᠦᠨ ᠮᠦᠷᠡᠨ︾᠂ ︽ᠭᠠᠳᠡ ᠮᠠᠶᠢᠷᠡᠨ︾᠂  ︽ᠲᠡᠭᠷᠢ ᠶᠢᠨ ᠰᠠᠯᠬᠢ︾   ᠤᠶᠠᠩᠭᠠᠷᠡᠵᠦ  ᠂   ᠵᠠᠯᠭᠠᠭᠠᠳ ︽ᠶᠦᠨ ᠯᠢᠶᠠᠩ︾ ᠤᠨ ᠠᠶ᠎ᠠ ᠬᠠᠩᠭᠢᠨᠠᠨ᠎ᠠ᠃ ᠪᠢ ᠮᠤᠷᠢᠨ ᠬᠤᠭᠤᠷ ᠤᠨ ᠬᠦᠭᠵᠢᠮ ᠤᠨ ᠲᠠᠭᠤᠨ ᠢ ᠶᠠᠭᠠᠬᠢᠨ ᠲᠦᠷᠰᠦᠯᠡᠬᠦ ᠪᠠᠨ ᠤᠯᠬᠤ ᠦᠭᠡᠢ᠂ ᠲᠡᠷᠡ ᠨᠢ ᠶᠠᠭ ᠯᠡ ᠢᠷᠠᠭᠤ ᠨᠠᠶᠢᠷᠠᠭᠴᠢᠳ ᠤᠨ ᠬᠤᠭᠤᠯᠠᠢ ᠠᠴᠠ ᠤᠶᠠᠩᠭᠠᠷᠠᠬᠤ ᠬᠦᠩᠬᠢᠨᠡᠮ᠎ᠡ ᠲᠠᠭᠤ ᠰᠢᠭ᠋᠂ ᠶᠠᠭ ᠯᠠ ᠮᠤᠷᠢᠨ ᠤ ᠦᠦᠷᠰᠡᠯ ᠰᠢᠭ᠂ ᠶᠠᠭ ᠯᠠ ᠮᠤᠩᠭᠤᠯ ᠡᠷ᠎ᠡ ᠶᠢᠨ ᠮᠡᠭᠰᠢᠯᠳᠡ ᠰᠢᠭ᠃ ᠮᠤᠷᠢᠨ ᠬᠢᠬᠢᠯᠢ ᠶᠢᠨ ᠴᠢᠬᠢᠮᠠᠢ ᠠᠶᠠᠰ ᠪᠤᠯᠤᠨ ᠰᠠᠺᠰᠤᠹᠦᠨ ᠤ ᠬᠠᠩᠭᠢᠨᠠᠮ᠎ᠠ ᠠᠶ᠎ᠠ ᠰᠠᠶ᠋ᠢ ᠡᠶᠢᠮᠦᠷᠬᠦ ᠤᠶᠠᠷᠠᠭᠤᠨ ᠠᠶ᠎ᠠ ᠶᠢ ᠪᠦᠷᠢᠯᠳᠦᠬᠦᠯᠵᠦ ᠴᠢᠳᠡᠨ᠎ᠡ᠃  ᠶᠦᠨ ᠯᠢᠶᠠᠩ ᠭᠠᠷᠴᠦ ᠢᠷᠡᠯ᠎ᠡ᠂ ᠲᠠᠷᠡ ᠵᠦᠷᠢᠬᠦᠦ ᠡᠩᠭᠡᠷ ᠲᠠᠢ ᠲᠡᠪᠡᠯ ᠡᠮᠦᠰᠴᠡᠢ᠃ ᠬᠤᠶᠠᠷ ᠭᠠᠷ ᠢᠶᠠᠨ ᠰᠤᠯᠢᠪᠴᠠᠭᠤᠯᠤᠨ ᠵᠤᠭᠰᠤᠨ᠎ᠠ᠃ ᠲᠡᠬᠦᠨ ᠤ ᠨᠢᠳᠦ ᠨᠢ ᠶᠠᠭ ᠯᠠ ᠦᠯᠵᠡᠶᠢᠮᠦ᠋ᠷᠡᠨ ᠤ ᠤᠷᠤᠰᠬᠠᠯ ᠰᠢᠭ᠋ ᠮᠠᠯᠮᠠᠯᠵᠡᠨ ᠲᠤᠨᠤᠷᠡᠵᠦ᠂ ᠲᠠᠰᠤᠷᠡᠰᠢ ᠦᠭᠡᠢ ᠤᠯᠠᠨ ᠦᠬᠡ ᠬᠡᠯᠡᠨ᠎ᠡ᠃ ᠮᠤᠩᠭᠤᠯ ᠪᠦᠰᠡᠬᠦᠢ ᠶᠢ ᠴᠢ᠊ · ᠪᠤᠯᠠᠭ ᠰᠢᠭ᠋  ᠬᠦᠨᠵᠡᠬᠡᠢ ᠤᠶᠢᠯᠠᠭᠠᠬᠤ ᠬᠦᠮᠦᠨ ᠪᠠᠶᠢᠬᠤ ᠦᠭᠡᠢ᠃ ᠲᠡᠳᠡᠨᠡᠷ ᠭᠤᠶᠤ ᠬᠡᠬᠡᠨᠴᠢᠷ ᠮᠦᠷᠳᠡᠬᠡᠨ ᠡᠷᠡᠰ ᠬᠠᠳᠡᠨ ᠵᠠᠩ ᠴᠢᠨᠡᠷ ᠲᠠᠢ᠃ ᠲᠡᠳᠡᠨᠡᠷ ᠠᠯᠢᠶ᠎ᠠ ᠬᠦᠬᠡᠷᠦᠬᠦᠨ ᠮᠦᠷᠳᠡᠬᠡᠨ ᠠᠯᠢ ᠤᠯᠠᠨ ᠵᠤᠪᠠᠨᠢᠯ ᠪᠤᠬᠢᠨᠢᠳᠦᠯ ᠲᠠᠢ᠃ ᠴᠢ᠊ · ᠪᠤᠯᠠᠭ ᠪᠤᠯ ᠵᠢᠷᠤᠭᠴᠢᠨ ᠮᠥᠨ᠂ ᠲᠡᠷᠡ ᠠᠷᠢᠬᠢ ᠪᠠᠨ ᠤᠤᠭᠤᠵᠦ᠂ ᠬᠦᠮᠦᠰᠬᠡ ᠵᠠᠩᠭᠢᠳᠦᠨ᠂ ᠪᠢᠷ ᠵᠢᠷᠪᠡᠯᠵᠢᠬᠦᠯᠦᠨ ᠵᠢᠷᠤᠭ ᠵᠢᠷᠦᠨ᠎ᠡ᠂ ᠲᠠᠬᠢᠭᠠᠳ ᠪᠢᠷ ᠢᠶᠠᠨ ᠲᠠᠯᠪᠢᠨ ᠤᠳᠠᠳᠡᠯ᠎ᠡ ᠠᠵᠢᠭᠯᠠᠨ᠎ᠠ᠂ ᠦᠳᠡᠰᠢ ᠪᠦᠷᠦᠢ ᠶᠢᠨ ᠰᠠᠯᠬᠢ ᠦᠯᠢᠶᠡᠨ᠂ ᠬᠤᠨᠢ ᠬᠤᠳᠠᠯᠠᠬᠤ ᠲᠠᠭᠤᠨ ᠰᠤᠨᠤᠰᠳᠠᠬᠤ ᠪᠠᠷ ᠰᠠᠶ᠋ᠢ ᠵᠢᠷᠦᠵᠦ ᠲᠠᠭᠤᠰᠬᠠᠨ᠎ᠠ᠃ ᠴᠢ᠊ · ᠪᠤᠯᠠᠭ ᠪᠠᠭᠰᠢ ᠶᠢᠨ ᠴᠢᠷᠡᠢ ᠨᠢ ᠤᠨᠠᠬᠤ ᠨᠠᠷᠡᠨ ᠤ ᠤᠯᠠᠪᠢᠷ ᠲᠤᠶᠠᠭᠠᠨ ᠤ ᠲᠤᠤᠷ᠎ᠡ ᠰᠡᠶᠢᠯᠦᠮᠡᠯ ᠬᠦᠷᠦᠭ ᠰᠢᠭ ᠠᠮᠢᠳᠤᠯᠢᠭ ᠬᠠᠷᠠᠭᠳᠠᠨ᠂ ᠤᠷᠤᠭᠤᠯ ᠢᠶᠠᠨ ᠵᠢᠮᠢᠢᠨ ᠢᠨᠢᠶᠡᠵᠦ᠂ ᠶᠠᠭ ᠯᠠ ᠠᠮᠢᠳᠦ ᠪᠤᠷᠬᠠᠨ ᠰᠢᠭ᠋᠃ ᠲᠡᠷᠡ ᠤᠤᠯ ᠳᠠᠭᠠᠨ ᠠᠮᠢᠳᠦ ᠪᠤᠷᠬᠠᠨ — ᠯᠠᠮ᠎ᠠ ᠭᠡᠭᠡᠨ ᠪᠠᠶᠢᠵᠠᠢ᠂ ᠭᠤᠷᠪᠡᠨ ᠨᠠᠰᠤᠳᠡᠢ ᠳᠠᠭᠠᠨ ᠬᠤᠷᠴᠢᠨ ᠤ ᠮᠤᠷᠤᠢ ᠶᠢᠨ ᠰᠦᠮ᠎ᠡ  ᠶᠢᠨ ᠲᠠᠪᠤᠳᠤᠭᠠᠷ ᠲᠦᠷᠢ ᠶᠢᠨ ᠬᠡᠭᠡᠨ ᠢᠶᠠᠷ ᠲᠤᠳᠤᠯᠠᠭᠳᠠᠵᠦ᠂ ᠴᠢ᠊ ᠭᠡᠳᠡᠭ ᠨᠢ ᠲᠡᠬᠦᠨ ᠤ ᠤᠪᠤᠭ ᠨᠢ  ᠪᠤᠯᠤᠨ᠎ᠠ᠂ ᠲᠡᠬᠦᠨ ᠤ ᠡᠪᠦᠭᠡ ᠲᠡᠭᠡᠳᠦᠰ ᠨᠢ ᠴᠢᠩᠭᠢᠰ ᠬᠠᠭᠠᠨ ᠤ ᠶᠡᠭᠡ ᠬᠦᠦ ᠵᠦᠴᠢ ᠪᠤᠯᠬᠤ ᠪᠦᠬᠡᠳ ᠴᠢᠪᠴᠢᠭ ᠬᠠᠭᠠᠨᠳᠤ ᠤᠯᠤᠰ ᠢ ᠪᠠᠶᠢᠭᠤᠯᠵᠡᠢ᠃    ᠪᠢ ︽ᠶᠦᠨ ᠯᠢᠶᠠᠩ︾   ᠤᠨ ᠲᠠᠭᠤᠨ ᠢ ᠰᠤᠨᠤᠰᠬᠤ ᠪᠦᠷᠢ ᠶᠠᠭ ᠯᠠ ᠪᠦᠬᠦ ᠪᠡᠶ᠎ᠡ ᠶᠢᠨ ᠴᠢᠰᠦ ᠤᠷᠤᠰᠬᠤ  ᠪᠠᠨ ᠵᠤᠭᠰᠤᠭᠰᠠᠨ ᠰᠢᠭ᠋ ᠪᠤᠯᠵᠦ᠂ ᠠᠶ᠎ᠠ ᠲᠠᠭᠤᠤ ᠨᠢ ᠢᠳᠡᠭ ᠢᠳᠡᠭ ᠢᠶᠠᠷ ᠪᠦᠬᠦ ᠪᠡᠶ᠎ᠡ   ᠶᠢᠨ ᠡᠰ ᠪᠦᠬᠦᠨ ᠳᠤ ᠨᠠᠪᠳᠠᠷᠠᠨ  ᠡᠪᠬᠡᠷᠡᠬᠦᠨ ᠤᠶᠠᠬᠠᠨ ᠠᠶᠠᠰ ᠤᠨ ᠲᠤᠮᠳᠡ ᠬᠠᠶᠢᠯᠤᠨ ᠠᠭᠤᠰᠤᠨ᠎ᠠ᠃ ᠮᠤᠩᠭᠤᠯ  ᠠᠷᠠᠳ ᠤᠨ  ᠲᠠᠭᠤᠤ ᠶᠠᠭᠠᠬᠢᠬᠤ ᠳᠠᠭᠠᠨ ᠡᠶᠢᠮᠦ ᠤᠶᠠᠷᠠᠭᠤᠨ ᠤᠳᠬ᠎ᠠ ᠲᠠᠢ ᠪᠠᠶᠢᠳᠠᠭ ᠢ ᠮᠡᠳᠡᠬᠦ ᠦᠭᠡᠢ᠂ ᠮᠢᠨᠦ ᠰᠡᠳᠬᠢᠯ ᠳᠤ ᠶᠠᠭ ᠯᠠ ᠨᠠᠮᠤᠷ ᠤᠨ ᠦᠷᠯᠦᠬᠡᠨ ᠤ ᠮᠠᠨᠠᠨ  ᠬᠦᠳᠡᠩᠳᠡᠨ  ᠤᠨᠢᠶᠠᠷᠳᠤᠬᠤ ᠰᠢᠭ᠋ ᠪᠠᠶᠢᠭᠰᠠᠨ ᠢᠶᠠᠨ ᠪᠠᠰᠠ ᠠᠭᠠᠵᠢᠮ ᠢᠶᠠᠷ ᠵᠠᠮᠬᠠᠷᠡᠵᠦ ᠤᠳᠤᠨ᠎ᠠ᠃ ᠡᠪᠦᠭᠡ ᠲᠡᠭᠡᠳᠦᠰ ᠮᠢᠨᠢ ᠶᠠᠮᠠᠷᠰᠢᠦ ᠰᠠᠨᠠᠭ᠎ᠠ ᠠᠬᠤᠢ   ᠲᠠᠢ ᠡᠳᠡᠬᠡᠷ ᠮᠤᠩᠭᠤᠯ  ᠠᠷᠠᠳ ᠤᠨ ᠲᠠᠭᠤᠤ ᠶᠢ ᠵᠤᠬᠢᠶᠠᠨ ᠪᠦᠳᠦᠬᠡᠭᠰᠡᠨ ᠢ ᠪᠢ ᠮᠡᠳᠡᠬᠦ ᠦᠭᠡᠢ᠃ ᠡᠳᠡᠭᠡᠷ ᠮᠤᠩᠭᠤᠯ  ᠠᠷᠠᠳ ᠤᠨ  ᠲᠠᠭᠤᠤ   ᠨᠤᠭᠤᠳ  ᠨᠢ ᠢᠷᠠᠭᠤ ᠴᠡᠬᠡᠯᠬᠡᠨ  ᠂ ᠱᠤᠭ ᠶᠦᠮᠦᠷᠯᠢᠭ  ᠪᠦᠬᠡᠳ ᠡᠪᠬᠡᠷᠡᠬᠦᠨ ᠤᠶᠠᠩᠭᠠᠷᠡᠵᠦ᠂ ᠶᠡᠷᠦ ᠨᠢ ᠭᠤᠨᠢᠭ ᠤᠶᠠᠷᠡᠯᠳᠡᠢ ᠪᠠᠶᠢᠳᠠᠭ᠃ ᠡᠨᠡᠬᠦ ᠵᠦᠢᠯ ᠤᠨ ᠤᠷᠮ᠎ᠠ ᠰᠡᠳᠬᠢᠯᠬᠡ ᠨᠢ ᠮᠤᠷᠢᠨ ᠬᠤᠭᠤᠷ ᠪᠤᠯᠤᠨ ᠤᠷᠳᠤ ᠶᠢᠨ ᠲᠠᠭᠤᠨ ᠤ ᠡᠬᠡᠰᠢᠭ   ᠲᠠᠢ  ᠬᠠᠮᠳᠤ ᠮᠢᠨᠦ ᠵᠢᠷᠦᠬᠡᠨ ᠳᠤ ᠠᠭᠤᠰᠤᠨ᠎ᠠ᠃  ᠡᠳᠡᠬᠡᠷ ᠮᠤᠩᠭᠤᠯ ᠡᠷᠡᠴᠤᠳ ᠤᠨ ᠪᠦᠰᠡᠬᠦᠢ ᠨᠢ ᠪᠣᠯ ᠶᠦᠨ ᠯᠢᠶᠠᠩ ᠪᠤᠯᠤᠨ᠎ᠠ  ᠃ ᠮᠡᠷᠬᠡᠨ ᠴᠢᠬᠡᠴᠢ᠂ ᠡᠬᠡᠯ ᠪᠤᠷᠤᠭᠵᠢᠭᠤᠨ ᠮᠤᠩᠭᠤᠯ  ᠪᠦᠰᠡᠬᠦᠢ ᠶᠦᠨ ᠯᠢᠶᠠᠩ ᠤᠨ ᠬᠦᠮᠦᠰᠬᠡ ᠨᠢᠳᠦᠨ ᠳᠤᠨᠢ ᠴᠦ ᠠᠶ᠎ᠠ ᠲᠠᠭᠤᠤ ᠰᠢᠩᠬᠡᠴᠢᠭᠰᠡᠨ ᠰᠢᠭ ᠰᠠᠨᠠᠭᠳᠠᠨ᠎ᠠ᠃   ᠬᠡᠷᠪᠡ ︽ᠶᠦᠨ ᠯᠢᠶᠠᠩ︾ ᠭᠡᠬᠦ ᠲᠠᠭᠤᠨ ᠤ ᠦᠬᠡ   ᠠᠴᠠ ᠪᠢᠳᠠ ᠲᠡᠬᠦᠨ ᠤ ᠡᠩ ᠶᠡᠷᠦᠮᠳᠡᠭ   ᠲᠤ ᠡᠷᠬᠡ ᠦᠭᠡᠢ ᠭᠠᠶᠢᠬᠠᠰᠢ ᠠᠯᠳᠠᠬᠤ ᠪᠤᠯᠤᠨ᠎ᠠ᠃ ᠪᠠᠳᠠᠭ ᠲᠠᠭᠤᠤ ᠪᠦᠷᠢ ᠳᠤᠨᠢ  ᠡᠬᠡ ᠨᠤᠳᠤᠭ᠂ ᠡᠴᠢᠬᠡ ᠡᠬᠡ᠂ ᠡᠯᠢᠬᠡᠨ ᠰᠡᠳᠤᠨ ᠢᠶᠠᠨ ᠰᠠᠨᠠᠨ ᠮᠦᠷᠦᠬᠡᠳᠦᠭᠰᠡᠨ ᠬᠠᠶᠢᠷ᠎ᠡ ᠶᠢᠨ ᠰᠠᠨᠠᠭ᠎ᠠ ᠠᠬᠤᠢ ᠰᠢᠩᠬᠡᠵᠦ ᠪᠠᠶᠢᠳᠠᠭ᠃ ᠨᠢᠬᠡ ᠪᠠᠳᠠᠭ ᠲᠠᠭᠤᠤ ᠬᠡᠷᠪᠡ  ᠠᠷᠠᠳ ᠤᠨ  ᠲᠤᠮᠳᠠ ᠦᠶ᠎ᠡ ᠤᠯᠠᠮᠵᠢᠯᠠᠨ ᠲᠠᠭᠤᠯᠠᠭᠳᠠᠵᠦ ᠢᠷᠡᠪᠡᠯ᠂ ᠲᠡᠬᠦᠨ   ᠤ ᠠᠭᠤᠯᠤᠭᠳᠠᠨ ᠬᠠᠳᠠᠭᠠᠯᠠᠭᠳᠠᠬᠤ ᠠᠭᠤᠯᠭ᠎ᠠ   ᠨᠢ ᠲᠤᠬᠠᠢ   ᠶᠢᠨ ᠦᠶ᠎ᠡ ᠶᠢᠨ ᠬᠦᠮᠦᠰ ᠤᠨ ᠪᠤᠢ ᠪᠦᠬᠦᠢ ᠬᠦᠰᠡᠯ ᠮᠦᠷᠦᠬᠡᠳᠦᠯ ᠢ ᠢᠯᠡᠨ ᠲᠠᠯᠠᠨ ᠦᠭᠡᠢ ᠤᠷᠬᠢᠯᠤᠮ᠎ᠠ  ᠴᠠᠯᠬᠢᠯᠠᠮ᠎ᠠ ᠢᠯᠡᠳᠬᠡᠬᠦ ᠶᠤᠮ᠃         ᠤᠷᠴᠢᠭᠤᠯᠤᠭᠴᠢ ᠶᠢᠨ ᠬᠠᠶ᠋ᠢᠭ᠄ ᠬᠤᠷᠴᠢᠨ  ᠵᠡᠬᠦᠨ  ᠭᠠᠷᠤᠨ  ᠬᠤᠶᠢᠳᠦ  ᠬᠤᠰᠢᠭᠤᠨ ᠤ                                   ᠠᠷᠠᠳ ᠤᠨ ᠵᠠᠰᠠᠭ ᠤᠨ ᠤᠷᠳᠤᠨ ᠤ ᠤᠷᠴᠢᠭᠤᠯᠬᠤ ᠭᠡᠷ                                                                         ᠢᠷᠡᠯᠳᠡ  —  ︽ᠴᠦᠩᠬᠦᠯ︾ ᠰᠡᠳᠬᠦᠯ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号