ᠬᠢᠵᠢᠭ ᠤᠨ ᠳᠤᠯᠤᠭᠠᠢ ᠦᠨᠳᠡᠶᠢᠵᠤ ᠪᠠᠶᠢᠨ᠎ᠠ ᠬᠢᠴᠢᠶᠡᠵᠤ ᠰᠡᠷᠭᠡᠶᠢᠯᠡᠬᠦ ᠪᠠᠨ ᠴᠢᠩᠭᠠᠳᠬᠠᠶ᠎ᠠ | | ● ᠵᠠᠨᠵᠦ | | ᠬᠤᠭᠤᠷ ᠬᠦᠭᠵᠢᠮ ᠢᠶᠠᠨ ᠤᠶᠠᠩᠭᠠᠯᠠᠭᠠᠳ | ᠬᠤᠯᠪᠤᠨ ᠰᠢᠯᠦᠭᠯᠡᠨ ᠶᠠᠷᠢᠶ᠎ᠠ ᠳ᠋ᠠ | ᠬᠠᠯᠳᠠᠪᠦᠷᠢᠳᠦ ᠬᠢᠵᠢᠭ ᠤᠨ ᠪᠠᠶᠢᠳᠠᠯ ᠢ | ᠬᠤᠳᠠᠯᠠ ᠤᠯᠠᠨ ᠳᠤ ᠪᠠᠨ ᠮᠡᠳᠡᠭᠦᠯᠦᠶ᠎ᠡ | ᠤᠳᠠᠰᠤᠳᠤ ᠬᠤᠭᠤᠷ ᠢᠶᠠᠨ ᠬᠠᠩᠭᠢᠨᠠᠭᠤᠯᠤᠭᠠᠳ | ᠤᠬᠠᠭᠤᠯᠵᠤ ᠰᠡᠩᠭᠡᠷᠡᠭᠦᠯᠵᠤ ᠬᠡᠯᠡᠶ᠎ᠡ ᠳ᠋ᠠ | ᠤᠷᠰᠢᠭᠳᠤ ᠬᠢᠵᠢᠭ ᠤᠨ ᠪᠠᠶᠢᠳᠠᠯ ᠢ | ᠦᠷᠭᠡᠨ ᠳᠦᠮᠡᠨ ᠳᠤ ᠪᠠᠨ ᠮᠡᠳᠡᠭᠦᠯᠦᠶ᠎ᠡ | ᠾᠧᠪᠸᠢ ᠯᠢᠶᠤᠤᠨᠢᠩ ᠤᠨ ᠭᠠᠵᠠᠷ ᠠᠴᠠ | ᠬᠢᠵᠢᠭ ᠤᠨ ᠳᠤᠯᠤᠭᠠᠢ ᠦᠨᠳᠡᠶᠢᠯᠡ | ᠬᠠᠥᠯᠢ ᠶᠤᠰᠤ ᠶᠢ ᠴᠢᠩᠭ᠎ᠠ ᠵᠢᠷᠦᠮᠯᠡᠵᠤ | ᠬᠢᠴᠢᠶᠡᠵᠤ ᠰᠡᠷᠭᠡᠶᠢᠯᠡᠬᠦ ᠶᠢ ᠠᠩᠬᠠᠷᠤᠭᠤᠯᠤᠶᠠ | ᠳᠠᠷᠤᠭᠳᠠᠭᠠᠳ ᠪᠠᠶᠢᠭᠰᠠᠨ ᠬᠢᠵᠢᠭ ᠡᠪᠡᠳᠴᠢᠨ | ᠳᠠᠬᠢᠭᠠᠳ ᠰᠠᠮᠠᠭᠤᠷᠠᠭᠠᠳ ᠳᠡᠭᠳᠡᠯ᠎ᠡ | ᠳᠠᠶᠠᠭᠠᠷ ᠤᠯᠠᠨ ᠢᠶᠠᠷ ᠢᠶᠠᠨ ᠨᠢᠭᠳᠠᠷᠠᠵᠤ | ᠳᠠᠶᠢᠰᠤᠨ ᠬᠢᠵᠢᠭ ᠲᠠᠢ ᠳᠡᠮᠡᠴᠡᠶᠡ | ᠰᠤᠨᠢᠨ ᠮᠡᠳᠡᠭᠡ ᠴᠢᠮᠡᠭᠡ ᠵᠠᠩᠭᠢ ᠶᠢ | ᠰᠡᠳᠭᠢᠯ ᠳᠠᠯᠪᠢᠨ ᠰᠤᠨᠤᠰᠤᠶ᠎ᠠ | ᠰᠤᠯᠠ ᠶᠠᠷᠢᠶ᠎ᠠ ᠬᠤᠳᠠᠯ ᠦᠭᠡᠨ ᠳᠤ | ᠰᠠᠨᠳᠤᠷᠴᠤ ᠪᠢᠳᠡᠭᠡᠢ ᠬᠡᠯᠮᠡᠭᠳᠡᠶᠡ | ᠠᠮᠠᠷᠠᠯᠳᠠ ᠳᠠᠯᠪᠢᠭᠰᠠᠨ ᠰᠤᠷᠤᠭᠴᠢ ᠪᠠᠨ | ᠠᠩᠬᠠᠷᠴᠤ ᠳᠤᠰᠴᠤ ᠠᠪᠤᠶ᠎ᠠ | ᠠᠯᠢ ᠭᠠᠵᠠᠷ ᠠᠴᠠ ᠢᠷᠡᠭᠰᠡᠨ ᠢ ᠨᠢ | ᠠᠮᠵᠢᠵᠤ ᠳᠦᠷᠭᠡᠨ ᠮᠡᠳᠡᠭᠦᠯᠦᠶ᠎ᠡ | ᠪᠤᠰᠤᠳ ᠤᠷᠤᠨᠡᠴᠠ ᠢᠷᠡᠭᠰᠡᠨ ᠪᠣᠯ | ᠪᠤᠰᠢᠭᠤ ᠬᠤᠷᠳᠤᠨ ᠮᠡᠳᠡᠭᠳᠡᠶ᠎ᠡ | ᠪᠦᠭᠡᠮ ᠬᠦᠴᠢᠯ ᠤᠨ ᠪᠠᠶᠢᠴᠠᠭᠠᠯᠳᠠ ᠶᠢ | ᠪᠡᠶᠡᠯᠡᠭᠦᠯᠵᠤ ᠳᠦᠷᠭᠡᠨ ᠬᠢᠯᠭᠡᠶ᠎ᠡ | ᠬᠦᠯᠳᠡᠭᠦᠦ ᠡᠯᠳᠡᠪ ᠤᠨ ᠢᠳᠡᠭᠡᠨ ᠢ | ᠬᠢᠴᠢᠶᠡᠵᠤ ᠠᠩᠬᠠᠷᠴᠤ ᠢᠳᠡᠶ᠎ᠡ | ᠬᠦᠮᠦᠨ ᠤᠯᠠᠨ ᠤ ᠴᠤᠭᠯᠠᠭᠠᠨ ᠳᠤ | ᠬᠦᠯ ᠳᠤᠳᠠᠭᠤ ᠬᠢᠰᠭᠢᠶᠡ | ᠠᠶᠢᠯ ᠬᠤᠳᠠ ᠪᠠᠷ ᠳᠤᠭᠤᠷᠢᠬᠤ ᠳᠤ ᠪᠠᠨ | ᠠᠮᠠᠪᠴᠢ ᠵᠡᠭᠦᠬᠦ ᠪᠠᠨ ᠪᠤᠤ ᠮᠠᠷᠳᠠᠶ᠎ᠠ | ᠠᠰᠠᠷ ᠳᠠᠭᠳᠤ ᠭᠡᠷ ᠤᠨ ᠢᠶᠠᠨ | ᠠᠷᠢᠭᠤᠨ ᠴᠡᠪᠡᠷ ᠢ ᠠᠩᠬᠠᠷᠤᠶ᠎ᠠ | ᠭᠠᠳᠠᠭᠰᠢ ᠭᠠᠷᠤᠭᠠᠳ ᠢᠷᠡᠪᠡᠯ | ᠭᠠᠷ ᠢᠶᠠᠨ ᠰᠠᠶᠢᠳᠤᠷ ᠤᠭᠢᠶᠠᠶᠠ | ᠭᠠᠳᠠᠭᠠᠳᠤ ᠡᠴᠠᠤᠷᠤᠭᠤᠯᠤᠭᠰᠠᠨ ᠳᠠᠯᠠᠢ ᠶᠢᠨ ᠢᠳᠡᠭᠡᠨ ᠢ | ᠭᠠᠭᠴᠠᠬᠠᠨ ᠴᠦ ᠪᠤᠥ ᠯᠠᠢᠳᠡᠶᠡ ᠳ᠋ᠠ | ᠰᠡᠷᠭᠡᠶᠢᠯᠡᠵᠤ ᠡᠰᠡᠷᠭᠦᠴᠡᠬᠦ ᠪᠠᠭᠠᠵᠢ ᠪᠠᠨ | ᠰᠠᠶᠢᠳᠤᠷ ᠪᠡᠯᠡᠳᠭᠡᠵᠤ ᠠᠪᠤᠶ᠎ᠠ | ᠰᠢᠨᠵᠢᠯᠡᠬᠦ ᠤᠬᠠᠭᠠᠨᠴᠢ ᠪᠠᠷ ᠰᠡᠷᠭᠡᠶᠢᠯᠡᠵᠤ | ᠰᠠᠮᠠᠭᠤᠨ ᠬᠢᠵᠢᠭ ᠢ ᠠᠷᠢᠯᠭᠠᠶ᠎ᠠ | ᠤᠯᠠᠨ ᠨᠡᠶᠢᠳᠡ ᠶᠢᠨ ᠬᠦᠳᠡᠯᠭᠡᠭᠡᠨ ᠢ | ᠤᠨᠴᠠᠭᠠᠢ ᠪᠠᠶᠢᠳᠠᠯ ᠢᠶᠠᠷ ᠳᠤᠬᠢᠷᠠᠭᠤᠯᠤᠶᠠ | ᠤᠷᠤᠵᠤ ᠭᠠᠷᠬᠤ ᠬᠦᠮᠦᠰ ᠤᠨ | ᠤᠷᠤᠨ ᠳᠤᠭ᠎ᠠ ᠶᠢ ᠨᠢ ᠬᠢᠵᠠᠭᠠᠷᠯᠠᠶ᠎ᠠ | ᠰᠠᠷ᠎ᠠ ᠰᠢᠨ᠎ᠡ ᠶᠢᠨ ᠬᠤᠭᠤᠴᠠᠭᠠᠨ ᠳᠤ | ᠰᠢᠨᠡᠯᠡᠵᠤ ᠳᠤᠭᠤᠷᠢᠬᠤ ᠶᠢ ᠬᠢᠴᠢᠶᠡᠶ᠎ᠡ | ᠰᠠᠷᠠᠭᠤᠯ ᠡᠩᠭᠡ ᠶᠢᠨ ᠳᠦᠯᠦᠭᠡ | ᠰᠠᠶ᠎ᠠ ᠳᠦᠮᠡᠨ ᠢᠶᠠᠷ ᠢᠶᠠᠨ ᠴᠢᠷᠮᠠᠶᠢᠶ᠎ᠠ | ᠪᠢᠳᠡᠭᠦᠯᠡᠵᠤ ᠰᠢᠨᠡᠯᠡᠬᠦ ᠬᠤᠭᠤᠴᠠᠭᠠᠨ ᠳᠤ | ᠪᠢᠳᠡᠭᠡᠢ ᠪᠦᠭᠡᠮᠨᠡᠷᠡᠵᠤ ᠴᠤᠭᠯᠠᠷᠠᠶ᠎ᠠ | ᠪᠡᠶ᠎ᠡ ᠪᠡᠶ᠎ᠡ ᠪᠠᠨ ᠳᠠᠭᠠᠭᠠᠭᠰᠠᠨ | ᠪᠤᠯᠪᠠᠰᠤᠨ ᠰᠤᠷᠳᠠᠯ ᠢ ᠦᠷᠨᠢᠭᠦᠯᠦᠶ᠎ᠡ | ᠳᠡᠭᠡᠷ᠎ᠡ ᠵᠢᠯ ᠤᠨ ᠰᠡᠷᠭᠡᠶᠢᠯᠡᠯᠳᠡ | ᠳᠠᠪᠠᠭᠤ ᠠᠮᠵᠢᠯᠳᠠ ᠤᠯᠤᠭᠰᠠᠨ ᠶᠤᠮ | ᠳᠠᠪᠠᠭᠤᠯᠢᠭ ᠶᠡᠭᠡ ᠳᠤᠷᠰᠢᠯᠭ᠎ᠠ ᠪᠠᠨ | ᠳᠠᠬᠢᠨ ᠪᠠᠳᠠᠷᠠᠭᠤᠯᠵᠤ ᠬᠡᠷᠡᠭᠯᠡᠶ᠎ᠡ | ᠸᠢᠷᠦ᠋ᠰ ᠳᠢᠳᠢᠮᠯᠢᠭ ᠬᠢᠵᠢᠭ ᠨᠢ | ᠦᠭᠡᠷ᠎ᠡ ᠶᠠᠩᠵᠤ ᠪᠠᠷ ᠬᠤᠪᠢᠷᠠᠵᠤ ᠪᠠᠶᠢᠨ᠎ᠠ | ᠡᠩ ᠳᠡᠯᠡᠬᠡᠢ ᠶᠢᠨ ᠬᠦᠮᠦᠰ ᠢ | ᠦᠢᠮᠡᠭᠦᠯᠵᠤ ᠵᠤᠪᠠᠭᠠᠬᠤ ᠨᠢ ᠬᠡᠴᠡᠭᠦᠥ ᠪᠠᠶᠢᠨ᠎ᠠ | ᠬᠢᠵᠢᠭ ᠢ ᠰᠡᠷᠭᠡᠶᠢᠯᠡᠬᠦ ᠠᠵᠢᠯ ᠢ | ᠬᠡᠵᠢᠶᠡᠳᠡ ᠰᠤᠯᠠᠷᠠᠭᠤᠯᠵᠤ ᠪᠤᠯᠬᠤ ᠦᠭᠡᠢ ᠶᠤᠮ | ᠬᠠᠮᠢᠶ᠎ᠠ ᠪᠦᠬᠦᠢ ᠰᠠᠯᠠᠭ᠎ᠠ ᠮᠦᠴᠢᠷ ᠨᠢ | ᠬᠠᠷᠢᠭᠤᠴᠠᠯᠭ᠎ᠠ ᠡᠭᠦᠷᠭᠡ ᠪᠠᠨ ᠭᠦᠢᠴᠡᠳᠭᠡᠬᠦ ᠶᠤᠮ | ᠡᠷᠡᠭᠦᠯ ᠬᠠᠮᠠᠭᠠᠯᠠᠯ ᠤᠨ ᠠᠵᠢᠯ ᠢ | ᠦᠷᠬᠦᠯᠵᠢ ᠬᠡᠵᠢᠶᠡᠳᠡ ᠴᠢᠩᠭᠠᠳᠬᠠᠬᠤ ᠶᠤᠮ | ᠡᠪ ᠬᠠᠮᠳᠤ ᠨᠠᠮ ᠤᠨ ᠭᠡᠰᠢᠭᠦᠳ ᠨᠢ | ᠦᠪᠡᠷ ᠤᠨ ᠪᠡᠶ᠎ᠡ ᠪᠠᠷ ᠢᠶᠠᠨ ᠭᠠᠷᠮᠠᠭᠠᠢᠢᠯᠠᠬᠤ ᠶᠤᠮ | ᠦᠵᠡᠯ ᠰᠠᠨᠠᠭ᠎ᠠ ᠪᠠᠨ ᠨᠢᠭᠡᠳᠭᠡᠪᠡᠯ | ᠡᠷᠬᠡᠪᠰᠢ ᠢᠯᠠᠯᠳᠠ ᠤᠯᠬᠤ ᠶᠤᠮ | ᠡᠪᠡᠳᠴᠢᠨ ᠬᠢᠵᠢᠭ ᠢ ᠰᠡᠷᠭᠡᠶᠢᠯᠡᠬᠦ ᠳᠤ | ᠦᠶ᠎ᠡ ᠳᠦᠮᠡᠨ ᠢᠶᠠᠨ ᠳᠦᠰᠢᠬᠦ ᠶᠤᠮ | ᠬᠠᠷᠠᠯᠳᠠ ᠦᠵᠡᠯᠳᠡ ᠳᠤᠳᠤ ᠪᠤᠯᠪᠠᠯ | ᠬᠡᠵᠢᠶᠡᠳᠡ ᠠᠮᠵᠢᠯᠳᠠ ᠤᠯᠬᠤ ᠶᠤᠮ | ᠬᠠᠯᠳᠠᠪᠦᠷᠢᠳᠦ ᠬᠢᠵᠢᠭ ᠢ ᠰᠡᠷᠭᠡᠶᠢᠯᠡᠬᠦ ᠳᠤ | ᠬᠠᠮᠳᠤ ᠤᠯᠠᠨ ᠢᠶᠠᠨ ᠳᠦᠰᠢᠬᠦ ᠶᠤᠮ | | | | |